ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-02-28 10:51:46

ᠵᠣᠬᠢᠶᠠᠭ᠍ᠴᠢ᠄ ᠯᠢ ᠢᠦᠶ ᠵᠦᠸᠸ ᠣᠩᠱᠢᠭ᠍ᠰᠠᠨ ᠣᠳᠠᠭ᠎ᠠ᠄ 3

ᠴᠠᠩ ᠬᠣᠩ ᠲᠤᠤ ᠪᠣᠯ ᠦᠪᠦᠷ ᠮᠤᠩᠭᠤᠯ᠎ᠤᠨ ᠡᠨᠧᠷᠭᠢ᠎ᠶ᠋ᠢᠨ ᠺᠣᠮᠫᠠᠨᠢ᠎ᠶ᠋ᠢᠨ ᠢᠮᠢᠨ ᠭᠤᠤᠯ᠎ᠤᠨ ᠵᠡᠭᠦᠨᠳᠡᠬᠢ ᠠᠭᠤᠷᠬᠠᠢ ᠵᠢᠨ ᠤᠷᠤᠨ᠎ᠤ ᠨᠢᠭᠡᠳᠦᠭᠡᠷ ᠠᠭᠤᠷᠬᠠᠢ᠎ᠶ᠋ᠢᠨ ᠠᠷᠤ ᠲᠠᠯ᠎ᠠ᠎ᠶ᠋ᠢᠨ ᠦᠶ᠋ᠯᠡᠴᠢᠯᠡᠭᠡᠨ᠎ᠦ ᠡᠩ᠎ᠦᠨ ᠴᠠᠬᠢᠯᠭᠠᠨ ᠥᠷᠥᠯᠪᠢᠴᠢᠨ ᠪᠤᠯᠤᠨ᠎ᠠ᠃ 2018 ᠣᠨ᠎ᠤ ᠬᠠᠬᠢᠷ ᠡᠪᠦᠯ᠂ ᠲᠡᠷᠡ ᠬᠤᠪᠢ ᠪᠡᠶ᠎ᠡ ᠵᠢᠨ ᠠᠮᠤᠷ ᠲᠦᠪᠱᠢᠨ ᠵᠢᠡᠨ ᠦᠯᠦ ᠬᠠᠢᠬᠤᠷᠤᠨ ᠶᠠᠰᠤ ᠶᠠᠩᠬᠢᠨᠠᠮ᠎ᠠ ᠮᠥᠰᠥᠳᠦ ᠨᠠᠭᠤᠷ᠎ᠠᠴᠠ ᠤᠰᠤᠨ᠎ᠳᠤ ᠤᠨᠠᠭ᠍ᠰᠠᠨ 2 ᠬᠥᠮᠦᠨ᠎ᠢ ᠠᠪᠤᠷᠠᠵᠤ᠂ 《ᠠᠮᠢ ᠨᠠᠰᠤ ᠪᠡᠷ ᠵᠢᠡᠨ ᠠᠮᠢ ᠨᠠᠰᠤ ᠵᠢ ᠠᠪᠤᠷᠠᠭᠰᠠᠨ》 ᠪᠢᠰᠢᠷᠡᠯᠳᠡᠢ ᠦᠯᠢᠭᠡᠷ᠎ᠢ ᠬᠤᠯᠠ ᠤᠢᠷ᠎ᠠ ᠳ᠋ᠤ ᠲᠠᠭᠤᠷᠢᠰᠦᠭᠤᠯᠤᠭᠰᠠᠨ ᠪᠠᠢᠨ᠎ᠠ᠃

ᠡᠪᠦᠯ᠎ᠦᠨ ᠤᠯᠠᠷᠢᠯ᠎ᠤᠨ ᠬᠥᠯᠥᠨ ᠪᠣᠢ᠌ᠷ ᠮᠥᠰᠥ᠍ ᠴᠠᠰᠤᠨ᠎ᠳᠤ ᠬᠤᠴᠢᠭ᠍ᠳᠠᠵᠤ ᠲᠠᠰ ᠨᠢᠰ ᠬᠦᠢᠳᠡᠨ᠃ 2018 ᠣᠨ᠎ᠤ 12 ᠰᠠᠷ᠎ᠠ᠎ᠶ᠋ᠢᠨ 1 ᠎ᠤ᠋ ᠡᠳᠦᠷ᠂ ᠶᠠᠭ ᠰᠠᠢᠬᠠᠨ ᠠᠮᠠᠷᠠᠯᠲᠠ᠎ᠪᠠᠨ ᠠᠪᠴᠤ᠌ ᠪᠠᠢᠭ᠍ᠰᠠᠨ ᠴᠠᠩ ᠬᠣᠩ ᠲᠤᠤ ᠡᠬᠡᠨᠡᠷ ᠯᠢ ᠹᠸᠩ ᠶᠦᠨ ᠪᠤᠯᠤᠨ ᠬᠣᠶᠠᠷ ᠰᠠᠢ᠌ᠨ ᠨᠠᠢᠵᠠ᠎ᠲᠠᠶ ᠪᠠᠨ ᠬᠥᠯᠥᠨ ᠨᠠᠭᠤᠷ᠎ᠲᠤ ᠮᠦᠰᠦ ᠴᠤᠭᠤᠯᠤᠨ ᠵᠢᠭᠠᠰᠤ ᠬᠦᠬᠢᠳᠡᠬᠦ ᠪᠡᠷ ᠬᠦᠷᠪᠡ᠃

ᠣᠷᠣᠶ᠎ᠶ᠋ᠢᠨ 6 ᠴᠠᠭ᠎ᠤᠨ ᠦᠶ᠎ᠡ᠎ᠪᠡᠷ ᠪᠦᠷᠦᠢ ᠲᠠᠰᠤᠷᠠᠪᠠ᠃ ᠯᠢ ᠹᠧᠩ ᠶᠦᠨ ᠭᠡᠨᠡᠳᠲᠡ ᠮᠠᠰᠢᠨ ᠲᠡᠷᠭᠡᠨ᠎ᠦ ᠰᠤᠨᠢᠭᠤᠨ ᠳᠠᠭᠤᠨ ᠪᠣᠯᠤᠨ ᠮᠥᠰᠥ ᠬᠠᠭᠠᠷᠠᠬᠤ ᠳᠠᠭᠤᠨ᠎ᠢ ᠤᠯᠵᠤ ᠰᠣᠨᠣᠰᠴᠤ᠌᠂ ᠲᠡᠷᠡ ᠭᠱᠠᠨ᠎ᠠ ᠲᠡᠮᠡᠢ ᠬᠤᠯᠠ ᠪᠢᠰᠢ ᠭᠠᠵᠠᠷ ᠲᠸ᠋ ᠨᠢᠭᠡᠨ ᠮᠠᠱᠢᠨ ᠲᠡᠷᠭᠡ ᠨᠠᠭᠤᠷ ᠲᠸ᠋ ᠴᠦᠮᠦᠷᠦᠨ ᠤᠷᠤᠭᠰᠠᠨ᠎ᠢ ᠤᠯᠵᠤ ᠬᠠᠷᠠᠪᠠ᠃ ᠡᠬᠡᠨᠡᠷ᠎ᠦᠨ᠎ᠢᠶᠡᠨ ᠬᠠᠰᠭᠢᠷᠬᠤ ᠲᠠᠭᠤᠨ᠎ᠵᠢᠡᠷ ᠴᠠᠩ ᠬᠣᠩ ᠲᠤᠤ ᠭᠥᠬᠢ᠎ᠪᠡᠨ ᠰᠢᠳᠡᠵᠦ᠂ ᠭᠠᠷ ᠳ᠋ᠧᠩ᠎ᠢᠶᠡᠨ ᠠᠪᠤᠮᠠᠭᠴᠠ ᠬᠡᠷᠡᠭ ᠭᠠᠷᠤᠭ᠍ᠰᠠᠨ ᠵᠦᠭ᠎ᠢ ᠴᠢᠭᠯᠡᠬᠦ ᠵᠢᠨ ᠬᠠᠮᠳᠤ ᠲᠦᠷᠭᠡᠨ ᠴᠠᠭ᠍ᠳᠠᠭ᠎ᠠ᠎ᠳᠤ ᠮᠡᠳᠡᠭᠦᠯᠬᠦ ᠵᠢ ᠵᠠᠬᠢᠪᠠ᠃

ᠬᠠᠬᠢᠷ ᠬᠦᠢᠲᠡᠨ ᠮᠥᠰᠥᠳᠦ ᠨᠠᠭᠤᠷ᠎ᠲᠤ ᠦᠬᠦᠵᠦ ᠰᠡᠭᠡᠬᠦ ᠶ᠋ᠢᠨ ᠲᠡᠮᠡᠴᠡᠭᠡᠨ ᠪᠤᠯᠪᠠ᠃ ᠭᠠᠷ ᠳ᠋ᠧᠩ᠎ᠦᠨ ᠬᠡᠷᠡᠯ ᠨᠢ ᠳᠣᠣᠷ᠎ᠠ ᠮᠥᠷᠲᠡᠭᠡᠨ ᠣᠷᠴᠢᠨ ᠲᠣᠭᠣᠷᠢᠨ᠎ᠳᠤᠨᠢ ᠠᠱᠢᠭ᠍ᠯᠠᠵᠤ ᠪᠣᠯᠬᠤᠢᠴᠠ ᠶᠠᠭᠤᠮ᠎ᠠ ᠪᠠᠢᠬᠤ ᠦᠭᠡᠢ ᠲᠤᠯᠠ ᠠᠪᠤᠷᠠᠨ ᠲᠤᠰᠠᠯᠠᠬᠤ᠎ᠳᠤ ᠲᠤᠩ ᠬᠦᠴᠢᠷᠲᠡᠢ ᠪᠠᠢᠯ᠎ᠠ᠃ ᠴᠠᠩ ᠬᠣᠩ ᠲᠤᠤ ᠮᠥᠰᠥᠨ ᠲᠡᠭᠡᠬᠦᠷ ᠮᠥᠯᠬᠥᠨ ᠤᠷᠤᠭ᠍ᠰᠢᠯᠠᠵᠤ᠂ ᠵᠠᠩᠭᠢᠯᠠᠭ᠎ᠠ᠎ᠶ᠋ᠢᠨ ᠦᠶ᠎ᠡ᠎ᠳᠦ᠂ ᠭᠠᠳᠠᠷ ᠬᠦᠷᠮ᠎ᠡ᠎ᠪᠠᠨ ᠲᠠᠢᠯᠵᠤ᠂ ᠨᠢᠭᠡ ᠦᠵᠦᠭᠦᠷ᠎ᠢ ᠨᠢ ᠬᠠᠮᠤᠭ ᠤᠢ᠍ᠢᠷ᠎ᠠ ᠪᠠᠢᠭ᠎ᠠ ᠤᠰᠤᠨ᠎ᠳᠤ ᠤᠨᠠᠭ᠍ᠰᠠᠨ ᠬᠥᠮᠦᠨ᠎ᠳᠦ ᠱᠢᠳᠡᠵᠦ᠍ ᠦᠭᠪᠡ᠃ ᠬᠥᠪᠥᠩ ᠬᠤᠪᠴᠠᠰᠤ ᠤᠰᠤᠨ᠎ᠳᠤ ᠳᠡᠪᠲᠦᠵᠦ ᠬᠦᠨᠳᠦ ᠵᠢᠨ ᠵᠢᠩ ᠨᠢ ᠲᠠᠰᠤᠷᠠᠯᠳᠠ ᠦᠭᠡᠢ ᠨᠡᠮᠡᠭᠳᠡᠨ᠎ᠡ᠂ ᠴᠠᠭᠠᠳᠤᠬᠢ ᠨᠢ ᠠᠮᠢ ᠵᠢᠭᠤᠬᠤ ᠵᠢᠨ ᠡᠷᠭᠡᠨ᠎ᠡ ᠬᠦᠴᠦᠯᠡᠨ ᠴᠢᠩᠭᠠᠭᠠᠬᠤ ᠪᠡᠷ ᠮᠥᠰᠥᠨ᠎ᠤ ᠴᠠᠪᠠ ᠲᠠᠰᠤᠷᠠᠯᠲᠠ ᠦᠭᠡᠢ ᠥᠷᠭᠡᠵᠢᠨ᠎ᠡ᠃ ᠴᠠᠩ ᠬᠣᠩ ᠲᠤᠤ ᠨᠢᠭᠡ ᠲᠠᠯ᠎ᠠ ᠪᠡᠷ ᠨᠦᠬᠦᠭᠡᠳᠡᠬᠢ ᠪᠡᠷ ᠬᠥᠪᠪᠥᠮᠡᠯ ᠮᠥᠰᠥ᠎ᠶ᠋ᠢ ᠲᠡᠪᠡᠷᠢᠭᠦᠯᠵᠦ᠍᠂ ᠨᠦᠭᠦᠭᠡ ᠲᠠᠯ᠎ᠠ᠎ᠪᠠᠷ ᠪᠦᠬᠦ ᠬᠦᠴᠦ ᠪᠡᠷ ᠵᠢᠡᠨ ᠬᠦᠴᠦᠯᠡᠨ ᠲᠠᠳᠠᠵᠤ᠂ ᠡᠴᠦᠰ ᠲᠡᠭᠡᠨ ᠲᠡᠬᠦᠨ᠎ᠢ ᠠᠪᠤᠷᠠᠵᠤ ᠭᠠᠷᠭᠠᠪᠠ᠃

ᠲᠠᠮᠢᠷ ᠲᠡᠩᠬᠡᠭᠡ ᠲᠤᠢᠯ ᠵᠢᠡᠷ ᠪᠠᠷᠠᠭᠳᠠᠭᠰᠠᠨ ᠵᠢᠡᠷ ᠴᠠᠩ ᠬᠤᠩ ᠲᠤᠤ ᠵᠢᠨ ᠴᠡᠭᠡᠵᠢ ᠨᠢ ᠪᠢᠲᠡᠭᠦᠷᠡᠵᠦ᠍ ᠠᠮᠢᠰᠭᠤᠯ ᠨᠢ ᠴᠢᠬᠤᠯᠳᠠᠨ᠎ᠠ᠂ ᠮᠥᠰᠥᠨ ᠭᠠᠳᠠᠷᠭᠤ ᠴᠸ᠋ ᠲᠡᠭᠦᠨ᠎ᠦ ᠳᠡᠷᠭᠡᠳᠡ ᠬᠦᠷᠲᠡᠯ᠎ᠡ ᠴᠠᠪᠠ ᠭᠠᠷᠪᠠ᠃ ᠭᠡᠪᠡᠴᠦ᠂ ᠲᠡᠷᠡ ᠠᠶᠤᠯ ᠲᠦᠭᠰᠢᠬᠦᠷᠢ ᠵᠢ ᠦᠯᠦ ᠬᠠᠢᠬᠤᠷᠤᠨ ᠬᠦᠷᠮ᠎ᠡ᠎ᠪᠠᠨ ᠳᠠᠬᠢᠨᠲᠠ ᠤᠰᠤᠨ᠎ᠳᠤ ᠤᠨᠠᠭ᠍ᠰᠠᠨ ᠬᠣᠶᠠᠳᠤᠭᠠᠷ ᠬᠥᠮᠦᠨ᠎ᠳᠦ ᠬᠠᠶᠠᠵᠤ ᠥᠭ᠌ᠴᠦ᠂ ᠤᠷᠢᠳ ᠬᠣᠵᠢᠳ ᠬᠣᠶᠠᠷ ᠬᠥᠮᠦᠨ᠎ᠢ ᠪᠦᠷ ᠠᠪᠤᠷᠠᠭᠰᠠᠨ ᠪᠠᠢᠯ᠎ᠠ᠃

ᠴᠠᠩ ᠬᠣᠩ ᠲᠤᠤ ᠡᠷ᠎ᠡ ᠡᠮ᠎ᠡ ᠬᠣᠶᠠᠭᠤᠯᠠ᠎ᠶ᠋ᠢᠨ ᠦᠨᠡᠨ ᠶᠣᠰᠣᠨ᠎ᠤ ᠲᠥᠯᠥᠭᠡ ᠡᠷᠡᠯᠬᠡᠭ᠎ᠢᠶᠡᠷ ᠲᠡᠮᠡᠴᠡᠭ᠌ᠰᠡᠨ ᠵᠣᠷᠢᠭ ᠰᠠᠨᠠᠭ᠎ᠠ᠎ᠶ᠋ᠢ ᠬᠥᠬᠢᠭᠦᠯᠦᠨ ᠰᠠᠢᠱᠢᠶᠠᠬᠤ᠎ᠶ᠋ᠢᠨ ᠲᠥᠯᠥᠭᠡ᠂ ᠣᠷᠣᠨ ᠨᠤᠲᠤᠭ᠎ᠤᠨ ᠵᠠᠰᠠᠭ᠎ᠤᠨ ᠣᠷᠳᠣᠨ ᠪᠣᠯᠤᠨ ᠠᠵᠤ ᠠᠬᠤᠢᠯᠠᠯ ᠡᠴᠡ ᠨᠡᠢ᠌ᠲᠡ 5.8 ᠲᠦᠮᠡᠨ ᠲᠥᠭᠥᠷᠢᠭ᠎ᠢᠶᠡᠷ ᠱᠠᠩᠨᠠᠪᠠ᠃ ᠱᠠᠩᠨᠠᠯ᠎ᠤᠨ ᠮᠥᠩᠭᠥ᠎ᠶ᠋ᠢ ᠣᠯᠤᠭ᠍ᠰᠠᠨ᠎ᠤ ᠳᠠᠷᠠᠭ᠎ᠠ᠂ ᠲᠡᠷᠡ ᠤᠷᠢᠳ ᠬᠤᠵᠢᠳ 4 ᠲᠦᠮᠡ ᠭᠠᠷᠤᠶ ᠲᠥᠭᠥᠷᠢᠭ᠎ᠵᠢᠡᠷ ᠳᠤᠮᠳᠠᠳᠤ ᠪᠠᠭ᠎ᠠ ᠰᠤᠷᠭᠠᠭᠤᠯᠢ᠎ᠳᠤ ᠰᠤᠷᠤᠯᠴᠠᠵᠤ ᠪᠠᠢᠭ᠎ᠠ 3 ᠶᠠᠳᠠᠭᠤ ᠬᠦᠴᠢᠷᠳᠡᠯᠲᠡᠶ ᠰᠣᠷᠣᠭ᠍ᠴᠢ ᠵᠢ ᠲᠡᠮᠵᠢᠭᠰᠡᠨ ᠪᠥᠭᠡᠳ ᠲᠡᠳᠡᠨ᠎ᠢ ᠶᠡᠬᠡ ᠰᠤᠷᠭᠠᠭᠤᠯᠢ ᠲᠡᠭᠦᠰᠲᠡᠯ᠎ᠡ ᠲᠡᠮᠵᠢᠬᠦ ᠪᠠᠨ ᠢᠯᠡᠷᠬᠡᠢᠯᠡᠵᠡᠶ᠃ ᠴᠠᠩ ᠬᠤᠩ ᠲᠤᠤ ᠬᠡᠳᠦᠨ ᠵᠢᠯ᠎ᠦᠨ ᠡᠮᠦᠨ᠎ᠡ ᠡᠴᠡ ᠳᠠᠷᠤᠢ ᠶᠠᠳᠠᠭᠤ ᠬᠦᠴᠢᠷᠳᠡᠯᠲᠡᠶ ᠰᠤᠷᠤᠭ᠍ᠴᠢᠳ᠎ᠢ ᠲᠡᠳᠬᠦᠬᠦ᠌ ᠲᠥᠯᠥᠪᠯᠡᠭᠡ᠎ᠲᠡᠶ ᠪᠠᠢᠵᠠᠢ᠃ ᠭᠡᠲᠡᠯ᠎ᠡ ᠲᠡᠷᠡ ᠦᠶ᠎ᠡ᠎ᠳᠦ ᠠᠪᠤ ᠡᠵᠢ᠎ᠶ᠋ᠢᠨ ᠬᠢᠨᠢ ᠪᠡᠶ᠎ᠡ ᠨᠢ ᠮᠠᠭᠤ᠂ ᠡᠪᠡᠳᠴᠢᠨ ᠬᠠᠭᠤᠴᠢᠨ᠎ᠲᠠᠶ ᠡᠴᠡ ᠪᠤᠯᠵᠤ ᠶᠡᠷᠦᠨᠢ ᠵᠣᠭᠣᠰ ᠭᠠᠷᠭᠠᠵᠤ ᠳᠡᠢᠯᠬᠦ᠌ ᠥᠬᠡᠶ ᠪᠠᠢᠯ᠎ᠠ᠃ ᠤᠳᠤ ᠲᠡᠷᠡ ᠡᠨᠡ ᠬᠦ᠌ ᠵᠣᠭᠣᠰ᠎ᠢᠶᠠᠷ ᠵᠢᠡᠨ ᠨᠡᠩ ᠤᠯᠠᠨ ᠬᠦᠴᠢᠷᠳᠡᠯᠳᠡᠢ ᠰᠤᠷᠤᠭ᠍ᠴᠢᠳ ᠎ᠢ ᠬᠠᠪᠰᠤᠷᠤᠨ ᠲᠡᠳᠬᠦᠵᠦ ᠪᠤᠢ᠃

ᠤᠢ᠍ᠢᠷ᠎ᠠ᠎ᠶ᠋ᠢᠨ ᠵᠢᠯ᠂ ᠴᠠᠩ ᠬᠣᠩ ᠲᠤᠤ ᠤᠷᠢᠳ ᠬᠣᠵᠢᠳ 《ᠪᠦᠬᠦ᠌ ᠣᠷᠣᠨ᠎ᠤ ᠦᠨᠡᠨ ᠶᠣᠰᠣᠨ᠎ᠤ ᠲᠥᠯᠥᠭᠡ ᠡᠷᠡᠯᠬᠡᠭ᠌ᠯᠡᠨ ᠲᠡᠮᠡᠴᠡᠭ᠌ᠰᠡᠨ ᠲᠡᠷᠢᠭᠦᠨ᠎ᠦ ᠬᠥᠮᠦᠨ》᠂ 《ᠭᠦᠸᠧ ᠱᠧᠨ ᠺᠣᠮᠫᠠᠨᠢ᠎ᠶ᠋ᠢᠨ ᠬᠠᠮᠤᠭ᠎ᠤᠨ ᠭᠤᠶᠤ ᠭᠡᠷ ᠪᠦᠯᠢ》᠂ ᠠᠩᠬᠠᠳᠤᠭᠠᠷ ᠬᠤᠭᠤᠴᠠᠭᠠᠨ᠎ᠤ ᠤᠯᠤᠰ᠎ᠤᠨ ᠡᠨᠧᠷᠭᠢ᠎ᠶ᠋ᠢᠨ ᠪᠦᠯᠦᠭ᠌ᠯᠡᠯ᠎ᠦᠨ ᠶᠣᠰᠣ ᠰᠤᠷᠲᠠᠬᠤᠨ᠎ᠤ ᠵᠢᠱ᠌ᠢᠶᠡᠴᠢ ᠵᠡᠷᠭᠡ ᠢᠷᠠᠭᠤ ᠠᠯᠳᠠᠷ᠎ᠢ ᠬᠦᠷᠲᠡᠪᠡ᠃ ᠡᠯ᠎ᠡ ᠵᠦᠢᠯ᠎ᠦᠨ ᠢᠷᠠᠭᠤ ᠠᠯᠳᠠᠷ ᠪᠣᠯᠤᠨ ᠰᠠᠢᠱᠢᠶᠠᠯ ᠬᠥᠬᠢᠭᠦᠯᠦᠯ᠎ᠦᠨ ᠡᠮᠦᠨ᠎ᠡ᠂ ᠴᠠᠩ ᠬᠣᠩ ᠲᠤᠤ 《ᠲᠦᠭᠡᠷᠢᠭᠡ》 ᠦᠭᠡᠢ᠂ ᠬᠠᠷᠢᠨ ᠬᠦᠰᠡᠯᠡᠩ ᠢᠲᠡᠭᠡᠯ ᠪᠢᠱᠢᠷᠡᠯ ᠪᠣᠯᠤᠨ ᠠᠮᠢᠳᠤᠷᠠᠬᠤᠢ᠎ᠶ᠋ᠢᠨ ᠴᠢᠭ᠌ᠯᠡᠯ᠎ᠢᠶᠡᠨ ᠤᠯᠠᠮ ᠪᠠᠲᠤᠳᠭᠠᠪᠠ᠃ ᠲᠡᠷᠡ ᠨᠠᠮ᠎ᠤᠨ ᠵᠣᠬᠢᠶᠠᠨ ᠪᠠᠢᠭᠤᠯᠤᠯᠲᠠ ᠯᠤᠭ᠎ᠠ ᠢᠳᠡᠪᠬᠢᠲᠡᠢ ᠣᠢᠷᠠᠲᠤᠵᠤ᠂ 2020 ᠣᠨ᠎ᠤ 7 ᠰᠠᠷ᠎ᠠ᠎ᠳᠤ᠂ ᠢᠷᠠᠭᠤ ᠠᠯᠳᠠᠷᠲᠠᠢ᠎ᠪᠠᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ ᠪᠣᠯᠪᠠ᠃ ᠨᠠᠮ ᠳ᠋ᠤ ᠤᠷᠤᠬᠤ ᠪᠡᠷ ᠲᠥᠪ ᠴᠢᠩᠭ᠎ᠠ᠎ᠪᠠᠷ ᠲᠠᠩᠭᠠᠷᠢᠭ᠍ᠯᠠᠬᠤ ᠲᠡᠷᠡ ᠴᠠᠭ ᠮᠥᠴᠡ᠎ᠳᠦ᠂ ᠴᠠᠩ ᠬᠣᠩ ᠲᠤᠤ ᠡᠭᠦᠷᠭᠡ ᠨᠡᠩ ᠬᠦᠨᠳᠦ ᠪᠤᠯᠵᠤ᠂ ᠬᠠᠷᠢᠭᠤᠴᠠᠯᠭ᠎ᠠ ᠨᠡᠩ ᠶᠡᠬᠡ ᠪᠤᠯᠤᠭᠰᠠᠨ ᠬᠡᠳᠡᠭ ᠵᠢᠡᠨ ᠪᠠᠳᠤ ᠴᠡᠭᠡᠵᠢᠯᠡᠵᠦ᠂ ᠦᠨᠡᠨ ᠪᠤᠳᠠᠳᠠᠢ ᠦᠢᠯᠡ ᠠᠵᠢᠯᠯᠠᠭ᠎ᠠ᠎ᠪᠠᠷ᠎ᠢᠶᠠᠨ ᠡᠬᠦᠷᠭᠡ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠠᠵᠤ ᠠᠬᠤᠢᠯᠠᠯ᠎ᠤᠨ ᠬᠥᠭ᠌ᠵᠢᠯᠲᠡ᠎ᠳᠦ ᠦᠪᠡᠷᠮᠢᠴᠡ ᠬᠦᠴᠦ᠍ᠨ ᠴᠢᠳᠠᠯ ᠵᠢᠡᠨ ᠨᠡᠮᠡᠷᠢᠯᠡᠨ᠎ᠡ ᠭᠡᠵᠦ᠍ ᠵᠣᠷᠢᠭ ᠱᠢᠭᠤᠳᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面