ᠭᠣᠣᠯ ᠰᠡᠳᠦᠪᠲᠦ ᠮᠡᠳᠡᠭᠡᠯᠡᠯ > ᠮᠠᠨ᠎ᠤ᠋ ᠳᠡᠷᠭᠡᠳᠡᠬᠢ ᠯᠸᠢ ᠹᠸᠩ

2023-04-09 16:10:47

ᠵᠣᠬᠢᠶᠠᠭ᠍ᠴᠢ᠄ ᠯᠢ ᠢᠦᠶ ᠵᠦᠸᠸ ᠣᠩᠱᠢᠭ᠍ᠰᠠᠨ ᠣᠳᠠᠭ᠎ᠠ᠄ 3

ᠸᠠᠩ ᠵᠢᠨ ᠪᠤᠯ ᠮᠠᠨᠵᠤᠤᠷ ᠤ᠋ᠨ ᠲᠡᠮᠦᠷ ᠵᠠᠮ ᠤ᠋ᠨ ᠥᠷᠲᠡᠭᠡᠨ ᠤ᠋ ᠲᠡᠷᠭᠡ ᠲᠤᠬᠢᠷᠠᠭᠤᠯᠬᠤ ᠲᠠᠰᠤᠭ᠎ᠤᠨ ᠳᠠᠷᠤᠭ᠎ᠠ ᠪᠤᠯᠤᠨ᠎ᠠ ᠃ ᠲᠡᠷᠡ ᠯᠧᠢ ᠹᠧᠩ᠎ᠤᠨ ᠤᠢᠯᠠ ᠠᠵᠢᠯᠯᠠᠭ᠎ᠠ ᠪᠠᠷ ᠦᠯᠢᠭᠡᠷ ᠳᠠᠭᠤᠷᠢᠶᠠᠯ ᠪᠣᠯᠭᠠᠵᠤ ᠂ ᠠᠯᠪᠠᠨ ᠵᠢᠷᠤᠮ ᠤ᠋ᠨ ᠦᠰᠦ ᠵᠠᠰᠠᠬᠤ ᠠᠵᠢᠯ ᠢ᠋ 10 ᠭᠠᠷᠤᠶ ᠵᠢᠯ ᠪᠠᠷᠢᠮᠲᠠᠯᠠᠵᠤ ᠂ ᠵᠢᠯ ᠪᠦᠷᠢ ᠬᠠᠷᠠᠮᠵᠢ ᠦᠭᠡᠢ ᠪᠠᠷ 300 ᠭᠠᠷᠤᠶ ᠬᠥᠮᠦᠨ ᠎ᠤ᠋ ᠦᠰᠤ ᠬᠡᠵᠢᠭᠡ᠎ᠵᠢ ᠵᠠᠰᠠᠨ ᠦᠭᠴᠤ ᠂ ᠤᠳᠤ ᠮᠠᠨᠵᠤᠤᠷ ᠬᠣᠲᠠ ᠵᠢᠨ ᠰᠦᠯᠵᠢᠶᠡᠨ ᠳᠡᠭᠡᠷᠡᠬᠢ ᠨᠡᠷᠡᠳᠦ ᠦᠰᠦ ᠵᠠᠰᠠᠬᠴᠢ ᠪᠣᠯᠵᠠᠶ᠃

ᠸᠠᠩ ᠵᠢᠨ ᠦᠰᠤ ᠵᠠᠰᠠᠬᠤ ᠮᠡᠷᠭᠡᠵᠢᠯ ᠳ᠋ᠤ ᠴᠠᠭᠠᠷᠠᠵᠠᠢ ᠃ 1997 ᠣᠨ ᠳ᠋ᠦ᠍ ᠸᠠᠩ ᠵᠢᠨ ᠴᠡᠷᠢᠭ᠎ᠲᠦ ᠡᠯᠰᠡᠭᠳᠡᠭᠰᠡᠨ᠎ᠤ ᠲᠠᠷᠠᠭ᠎ᠠ ᠂ ᠶᠠᠷᠤ ᠨᠢ ᠪᠠᠢᠭᠤᠯᠭ᠎ᠠ ᠵᠢᠨ ᠺᠠᠳ᠋ᠷ ᠂ ᠪᠠᠢᠯᠳᠤᠭ᠍ᠴᠢ ᠨᠠᠷ᠎ᠤᠨ᠎ᠵᠢᠡᠨ ᠦᠰᠦ ᠎ᠵᠢ ᠨᠢ ᠵᠠᠰᠠᠵᠤ ᠦᠭᠳᠡᠭ ᠪᠠᠢᠵᠠᠢ᠃ ᠱᠢᠨ᠎ᠡ ᠴᠡᠷᠢᠭ ᠤ᠋ᠨ ᠰᠤᠮᠤᠨ ᠳ᠋ᠦ ᠪᠠᠢᠬᠰᠠᠨ 3 ᠰᠠᠷ᠎ᠠ ᠵᠢᠨ ᠬᠤᠭᠤᠴᠠᠭᠠᠨ ᠳ᠋ᠦ᠂ ᠲᠡᠷᠡ ᠠᠮᠠᠷᠠᠬᠤ ᠴᠠᠭ ᠵᠢᠠᠨ ᠠᠱᠢᠭ᠍ᠯᠠᠨ ᠳᠠᠷᠤᠭ᠎ᠠ ᠪᠠᠢᠯᠳᠤᠭ᠍ᠴᠢᠳ ᠎ᠤ᠋ᠨ ᠎ᠵᠢᠡᠨ ᠦᠰᠦ ᠵᠢ ᠨᠢ ᠵᠠᠰᠠᠵᠤ ᠥᠭ᠌ᠴᠡᠢ᠃ ᠰᠤᠮᠤᠨ ᠠᠩᠬᠢ ᠳ᠋ᠦ᠍ ᠪᠠᠢᠬᠤ ᠳ᠋ᠠᠭᠠᠨ ᠲᠡᠷᠡ ᠡᠡᠭ ᠲᠠᠷᠢᠬᠦᠨ᠎ᠳᠤ 《 ᠱᠢᠯᠢᠳᠡᠭ ᠪᠠᠢᠯᠳᠤᠭ᠍ᠴᠢ 》 ᠂ 《ᠯᠸᠢ ᠹᠸᠩ ᠡᠴᠡ ᠰᠤᠷᠤᠯᠴᠠᠬᠰᠠᠨ ᠳᠠᠭᠤᠷᠢᠶᠠᠯ》 ᠤ᠋ᠨ ᠢᠷᠠᠭᠤ ᠠᠯᠳᠠᠷ ᠢ᠋ ᠬᠦᠷᠳᠡᠭᠰᠡᠨ ᠱᠢᠨ᠎ᠡ ᠴᠡᠷᠢᠭ ᠪᠣᠯᠤᠬᠰᠠᠨ ᠶᠤᠮ ᠃

ᠠᠵᠢᠯ ᠤ᠋ᠨ ᠴᠢᠯᠥᠭᠡᠨ᠎ᠳᠡᠭᠡᠨ ᠂ ᠸᠠᠩ ᠵᠢᠨ ᠵᠠᠷᠢᠮ ᠰᠠᠭᠤᠭᠠᠯᠢ ᠠᠷᠠᠳ ᠤ᠋ᠨ ᠲᠣᠭᠣᠷᠢᠭ ᠤ᠋ᠨ ᠨᠠᠰᠤᠲᠠᠨ ᠂ ᠡᠮᠨᠡᠯᠭᠡ᠎ᠳᠦ ᠰᠠᠭᠤᠭ᠎ᠠ ᠡᠪᠡᠳᠴᠢᠲᠡᠨ ᠤ᠋ ᠶᠠᠪᠤᠵᠤ ᠰᠠᠭᠤᠬᠤ ᠳ᠋ᠦ᠍ ᠳᠥᠭᠥᠮ ᠦᠭᠡᠢ ᠪᠠᠢᠬᠤ ᠵᠢ ᠣᠯᠵᠤ ᠮᠡᠳᠡᠭᠡᠳ ᠭᠡᠷ ᠪᠤᠶᠤ ᠡᠮᠨᠡᠯᠭᠡ ᠵᠢᠨ ᠬᠤᠷᠢᠶᠠᠨ᠎ᠳᠤ ᠬᠦᠷᠴᠦ᠍ ᠬᠠᠷᠠᠮᠵᠢ ᠦᠭᠡᠢ ᠪᠠᠷ ᠦᠰᠦ᠎ᠵᠢ ᠨᠢ ᠵᠠᠰᠠᠵᠤ ᠦᠭᠳᠡᠭ᠃ ᠲᠡᠷᠡ ᠪᠠᠰᠠ ᠮᠠᠨᠵᠤᠤᠷ ᠬᠣᠲᠠ ᠵᠢᠨ ᠵᠢᠷᠬᠢᠶ᠎ᠠ᠎ᠵᠢᠨ ᠴᠤᠭᠯᠠᠷᠠᠯ ᠂ ᠬᠠᠯᠠᠮᠱᠢᠯ ᠰᠦᠯᠵᠢᠶ᠎ᠡ ᠳ᠋ᠤ ᠬᠠᠷᠠᠮᠵᠢ ᠥᠬᠡᠶ ᠪᠡᠷ ᠦᠰᠦ ᠵᠠᠰᠠᠬᠤ ᠮᠡᠳᠡᠭᠡ ᠵᠠᠩᠭᠢ ᠨᠡᠢᠲᠡᠯᠡᠵᠤ᠂ ᠠᠯᠪᠠᠨ ᠵᠢᠷᠤᠮ ᠤ᠋ᠨ ᠦᠰᠦ ᠵᠠᠰᠠᠬᠤ ᠠᠵᠢᠯ᠎ᠵᠢᠡᠨ ᠦᠷᠬᠦᠯᠵᠢᠯᠡᠬᠦᠯᠪᠠ ᠃ ᠲᠡᠷᠡ ᠪᠠᠷᠤᠭ ᠵᠢᠯ ᠳ᠋ᠡᠭᠡᠨ 300 ᠭᠠᠷᠤᠢ ᠬᠦᠮᠦᠨ ᠤᠳᠠᠭ᠎ᠠ ᠳ᠋ᠦ ᠬᠠᠷᠠᠮᠵᠢ ᠦᠭᠡᠢ ᠪᠠᠷ ᠦᠰᠦ ᠵᠠᠰᠠᠨ ᠦᠭᠴᠤ᠂ ᠲᠠᠷᠠᠴᠢᠯᠠᠨ ᠶᠠᠪᠤᠵᠤ ᠰᠠᠭᠤᠬᠤ᠎ᠳᠤ ᠳᠥᠭᠥᠮ ᠦᠭᠡᠢ 8 ᠨᠠᠰᠤᠲᠠᠨ ᠎ᠤ᠋ ᠭᠡᠷ ᠲᠦ᠍ᠨᠢ ᠬᠦᠷᠴᠦ ᠦᠰᠦ ᠵᠢ ᠨᠢ ᠵᠠᠰᠠᠨ ᠦᠭᠬᠦ ᠠᠵᠢᠯ᠎ᠢ 13 ᠵᠢᠯ ᠪᠠᠷᠢᠮᠲᠠᠯᠠᠪᠠ᠃ ᠡᠳᠦᠷ ᠤᠳᠠᠭᠠᠨ ᠳ᠋ᠠᠭᠠᠨ ᠸᠠᠩ ᠵᠢᠨ ᠨᠠᠰᠤᠲᠠᠨ ᠪᠦᠷᠢ ᠵᠢᠨ ᠭᠡᠵᠢᠭᠡᠨ ᠤ᠋ ᠤᠷᠳᠤ ᠣᠬᠣᠷ ᠤ᠋ᠨ ᠪᠠᠢᠳᠠᠯ ᠢ᠋ ᠲᠣᠳᠣᠷᠬᠠᠢ ᠮᠡᠳᠡᠬᠦ ᠪᠤᠯᠵᠤ ᠂ ᠦᠰᠦ ᠵᠠᠰᠠᠬᠤ ᠴᠠᠭ ᠨᠢ ᠪᠤᠯᠪᠠᠯ ᠭᠡᠷ ᠤ᠋ᠨ ᠬᠦᠮᠦᠰ ᠨᠢ ᠲᠡᠭᠦᠨ ᠢ᠋ ᠡᠷᠢᠬᠦ ᠡᠴᠡ ᠡᠮᠦᠨ᠎ᠡ ᠥᠪᠡᠷ ᠵᠢᠠᠨ ᠭᠡᠷ ᠲᠦ᠍ᠨᠢ ᠬᠦᠷᠦᠭᠡᠳ ᠤᠴᠢᠳᠠᠭ ᠪᠤᠯᠵᠠᠢ ᠃

ᠬᠢᠵᠢᠭ ᠤ᠋ᠨ ᠬᠤᠭᠤᠴᠠᠭᠠᠨ ᠳ᠋ᠦ᠍ ᠂ ᠸᠠᠩ ᠵᠢᠨ ᠪᠠᠰᠠ 《 ᠶᠡᠷᠦ ᠪᠤᠰᠤ 》ᠵᠢᠨ ᠴᠠᠭᠠᠨ ᠰᠠᠷ᠎ᠠ ᠵᠢ ᠥᠩᠭᠡᠷᠡᠭᠦᠯᠦᠭᠰᠡᠨ ᠪᠠᠢᠳᠠᠭ᠃ ᠴᠠᠭᠠᠨ ᠰᠠᠷ᠎ᠠ᠎ᠠᠴᠠ ᠡᠮᠦᠨ᠎ᠡ ᠂ ᠲᠡᠷᠡ ᠲᠤᠯᠢ ᠂ ᠦᠰᠦ ᠵᠠᠰᠠᠬᠤ ᠪᠠᠭᠠᠵᠢ ᠬᠤᠳᠠᠯᠳᠤᠨ ᠠᠪᠴᠤ᠌ ᠂ ᠠᠮᠠᠷᠠᠬᠤ ᠴᠠᠭ ᠵᠢᠠᠨ ᠠᠱᠢᠭ᠍ᠯᠠᠨ ᠪᠢᠲᠡᠭᠦᠮᠵᠢᠯᠡᠨ ᠡᠵᠡᠮᠳᠡᠬᠦ᠌ ᠣᠷᠣᠨ᠎ᠤ 3 ᠦᠢᠯᠡᠳᠪᠦᠷᠢ ᠵᠢᠨ ᠲᠠᠰᠤᠭ ᠤ᠋ᠨ 198 ᠺᠠᠳ᠋ᠷ ᠠᠵᠢᠯᠳᠠᠨ ᠎ᠤ᠋ ᠦᠰᠦ᠎ᠵᠢ ᠨᠢ ᠵᠠᠰᠠᠨ ᠦᠭᠪᠠ᠃ ᠪᠢᠳᠡᠭᠦᠮᠵᠢᠯᠡᠨ ᠡᠵᠡᠮᠳᠡᠬᠦ ᠬᠤᠭᠤᠴᠠᠭᠠᠨ ᠳ᠋ᠦ᠍᠂ ᠸᠠᠩ ᠵᠢᠨ ᠪᠢᠲᠡᠭᠦᠮᠵᠢᠯᠡᠭᠰᠡᠨ ᠤᠷᠤᠨ ᠤ᠋ ᠠᠵᠢᠯᠳᠠᠨ ᠠᠵᠢᠯᠴᠢᠨ ᠳ᠋ᠤ ᠬᠠᠷᠠᠮᠵᠢ ᠦᠭᠡᠢ ᠪᠠᠷ ᠦᠰᠤ᠎ᠵᠢ ᠨᠢ ᠵᠠᠰᠠᠵᠤ ᠦᠭᠴᠠᠢ ᠃

2022 ᠣᠨ᠎ᠤ 1 ᠰᠠᠷ᠎ᠠ ᠳ᠋ᠦ᠍ ᠮᠠᠨᠵᠤᠤᠷ ᠲᠦ᠍ ᠬᠢᠵᠢᠭ ᠡᠭᠦᠰᠴᠦ ᠂ ᠬᠥᠯᠥᠨ ᠪᠣᠢᠷ ᠬᠣᠲᠠ ᠵᠢᠨ ᠡᠯ᠎ᠡ ᠬᠣᠱᠢᠭᠤ ᠱᠢᠶᠠᠨ ᠬᠣᠲᠠ ᠵᠢᠨ ᠳᠣᠲᠣᠭᠠᠳᠤ ᠵᠢ ᠬᠠᠮᠠᠭᠠᠯᠠᠬᠤ ᠺᠠᠳ᠋ᠷ ᠴᠠᠭ᠍ᠳᠠᠭ᠎ᠠ᠎ᠨᠠᠷ ᠴᠥᠮ ᠮᠠᠨᠵᠤᠤᠷ ᠲᠦ᠍ ᠢᠷᠡᠵᠦ᠍ ᠬᠢᠵᠢᠭ ᠤ᠋ᠨ ᠪᠠᠢᠳᠠᠯ ᠢ᠋ ᠰᠡᠷᠭᠡᠢᠯᠡᠨ ᠡᠵᠡᠮᠳᠡᠬᠦ᠌ ᠠᠵᠢᠯ᠎ᠢ ᠳᠡᠮᠵᠢᠨ ᠲᠤᠰᠠᠯᠠᠪᠠ ᠃ ᠪᠢᠲᠡᠭᠦᠮᠵᠢᠯᠡᠬᠦ ᠬᠤᠭᠤᠴᠠᠭᠠᠨ ᠳ᠋ᠦ᠍ ᠂ ᠬᠡᠳᠦᠨ ᠵᠠᠭᠤᠨ ᠺᠠᠳ᠋ᠷ ᠴᠠᠭ᠍ᠳᠠᠭ᠎ᠠ ᠪᠦᠳᠦᠨ ᠰᠠᠷ᠎ᠠ ᠦᠰᠦ᠎ᠪᠡᠨ ᠵᠠᠰᠠᠵᠤ ᠳᠡᠢᠯᠬᠦ᠌ ᠦᠭᠡᠢ ᠪᠠᠢᠪᠠ᠃ ᠸᠠᠩ ᠵᠢᠨ ᠰᠠᠨᠠᠭᠠᠴᠢᠯᠠᠭ᠎ᠠ᠎ᠠᠴᠠ ᠪᠠᠨ ᠬᠠᠷᠢᠯᠴᠠᠵᠤ ᠂ 3 ᠡᠳᠤᠷ ᠭᠡᠷᠡᠭᠰᠡᠨ ᠪᠠᠢᠵᠤ ᠺᠠᠳ᠋ᠷ ᠴᠠᠭ᠍ᠳᠠᠭ᠎ᠠ ᠨᠠᠷ ᠎ᠤ᠋ᠨ ᠦᠰᠦ᠎ᠵᠢ ᠵᠠᠰᠠᠨ ᠦᠭᠴᠠᠢ ᠃

ᠡᠨᠡ ᠬᠣᠶᠠᠷ ᠵᠢᠯ ᠬᠢᠵᠢᠭ ᠤ᠋ᠨ ᠪᠠᠢᠳᠠᠯ ᠮᠠᠨᠵᠤᠤᠷ ᠬᠣᠲᠠ ᠳ᠋ᠦ᠍ ᠲᠠᠰᠤᠷᠠᠯᠲᠠ ᠥᠬᠡᠶ ᠦᠷᠪᠢᠰᠦᠨ ᠳᠡᠯᠭᠡᠷᠡᠪᠠ᠃ ᠠᠬᠠᠮᠠᠳ ᠨᠠᠮ ᠤ᠋ᠨ ᠭᠡᠱᠢᠭᠦᠨ ᠪᠣᠯᠤᠭ᠍ᠰᠠᠨ᠎ᠤ ᠬᠤᠪᠢ ᠳ᠋ᠦ᠍ ᠂ ᠸᠠᠩ ᠵᠢᠨ ᠬᠢᠵᠢᠭ ᠲᠠᠢ ᠲᠠᠮᠠᠴᠡᠬᠦ ᠡᠮᠤᠨ᠎ᠠ ᠹᠷᠣᠨᠲ ᠲᠦ᠍ ᠬᠦᠷᠴᠦ᠍ ᠂ ᠠᠯᠪᠠᠨ ᠵᠢᠷᠤᠮ ᠤ᠋ᠨ ᠠᠷᠢᠭᠤᠳᠭᠠᠭ᠍ᠴᠢ ᠂ ᠤᠬᠠᠭᠤᠯᠤᠭ᠍ᠴᠢ ᠪᠣᠯᠤᠬᠰᠠᠨ ᠶᠤᠮ ᠃

ᠠᠵᠢᠯᠯᠠᠬᠤ ᠲᠠᠰᠤᠭ ᠲᠦ᠍ 400 ᠭᠠᠷᠤᠶ ᠬᠥᠮᠦᠨ᠎ᠲᠡᠶ ᠂ ᠶᠡᠬᠡ ᠬᠡᠮᠵᠢᠶᠡᠨ ᠤ᠋ ᠠᠮᠠᠪᠴᠢ ᠬᠡᠷᠡᠭᠰᠡᠵᠤ ᠪᠠᠢᠯ᠎ᠠ ᠃ ᠬᠢᠵᠢᠭ ᠤ᠋ᠨ ᠡᠬᠢᠨ ᠤ᠋ ᠬᠤᠭᠤᠴᠠᠭᠠᠨ ᠳ᠋ᠦ᠍ ᠂ ᠸᠠᠩ ᠵᠢᠨ ᠱᠢᠨᠵᠢᠶᠠᠩ ᠤ᠋ᠨ ᠨᠠᠢᠵᠢ᠎ᠨᠠᠷ᠎ᠲᠠᠭᠠᠨ ᠤᠲᠠᠰᠤᠳᠠᠵᠤ ᠂ ᠨᠠᠢᠵᠢ᠎ᠨᠠᠷ᠎ᠢᠶᠠᠷ ᠵᠢᠠᠨ 1000 ᠠᠮᠠᠪᠴᠢ ᠬᠤᠳᠠᠯᠳᠤᠨ ᠠᠪᠤᠭᠤᠯᠪᠠ ᠃ ᠠᠮᠠᠪᠴᠢ ᠵᠢ ᠭᠤᠪᠢᠭᠤᠯᠵᠤ ᠢᠷᠡᠭ᠌ᠰᠡᠨ ᠤ᠋ ᠳᠠᠷᠠᠭ᠎ᠠ ᠂ ᠸᠠᠩ ᠵᠢᠨ ᠳᠠᠷᠤᠢᠬᠠᠨ ᠦᠢᠯᠡᠳᠪᠦᠷᠢ ᠵᠢᠨ ᠲᠠᠰᠤᠭ᠎ᠲᠠᠶ ᠬᠠᠷᠢᠯᠴᠠᠵᠤ 500 ᠠᠮᠠᠪᠴᠢ ᠬᠠᠨᠳᠢᠪᠯᠠᠭ᠍ᠰᠠᠨ ᠪᠥᠭᠡᠳ ᠦᠯᠡᠳᠡᠭ᠌ᠰᠡᠨ ᠠᠮᠠᠪᠴᠢ ᠵᠢ ᠨᠢ ᠰᠠᠭᠤᠭᠠᠯᠢ ᠠᠷᠠᠳ ᠤ᠋ᠨ ᠲᠣᠭᠣᠷᠢᠭ ᠲᠦ᠍ ᠬᠤᠪᠢᠶᠠᠨ ᠥᠭ᠌ᠪᠠ ᠃

ᠦᠶ᠋ᠯᠡᠳᠪᠦᠷᠢ ᠵᠢᠨ ᠲᠠᠰᠤᠭ ᠲᠦ᠍ ᠠᠷᠢᠭᠤᠳᠭᠠᠬᠤ ᠱᠢᠩᠭᠡᠨ ᠳᠤᠲᠠᠭ᠍ᠳᠠᠵᠤ ᠪᠠᠢᠬᠤ ᠵᠢ ᠰᠤᠨᠤᠰᠤᠭᠠᠳ ᠂ ᠲᠡᠷᠡ ᠪᠠᠰᠠ ᠭᠠᠵᠠᠷ ᠪᠣᠯᠭᠠᠨ ᠡᠴᠡ ᠴᠤᠭ᠍ᠯᠠᠭᠤᠯᠤᠨ ᠪᠠᠢᠵᠤ 42 ᠵᠢᠩ ᠤ᠋ᠨ ᠠᠷᠢᠭᠤᠳᠭᠠᠬᠤ ᠱᠢᠩᠭᠡᠨ ᠬᠠᠨᠳᠢᠪᠯᠠᠬᠰᠠᠨ ᠪᠠᠢᠪᠠ᠃ ᠡᠬᠦᠨ᠎ᠤ᠋ ᠬᠠᠮᠳᠤ ᠂ ᠲᠠᠷᠠ ᠠᠮᠠᠷᠠᠯᠲᠠ ᠵᠢᠨ ᠴᠠᠭ ᠵᠢᠠᠨ ᠠᠱᠢᠭ᠍ᠯᠠᠨ ᠂ ᠪᠦᠬᠦᠢᠯᠡ ᠰᠠᠭᠤᠭᠠᠯᠢ ᠠᠷᠠᠳ ᠤ᠋ᠨ ᠲᠣᠭᠣᠷᠢᠭ ᠤ᠋ᠨ 12 ᠠᠰᠠᠷ᠎ᠤᠨ ᠬᠤᠡᠭᠬᠢᠯ᠎ᠢ ᠠᠷᠢᠭᠤᠳᠭᠠᠵᠤ ᠂ ᠨᠢᠭᠡ ᠠᠷᠢᠭᠤᠳᠬᠠᠪᠠᠯ ᠳᠥᠷᠪᠡ ᠲᠠᠪᠤᠨ ᠴᠠᠭ ᠵᠢᠡᠷ ᠦᠷᠭᠦᠯᠵᠢᠯᠡᠨ ᠠᠵᠢᠯᠯᠠᠵᠤ ᠂ ᠬᠡᠷᠡᠭᠯᠡᠬᠦ ᠠᠷᠢᠭᠤᠳᠬᠠᠬᠤ ᠰᠢᠩᠭᠡᠨ ᠵᠢᠠᠨ ᠴᠦ᠍ ᠭᠡᠰᠡᠨ ᠦᠪᠡᠷ ᠵᠢᠠᠨ ᠬᠤᠳᠠᠯᠳᠤᠨ ᠠᠪᠤᠬᠰᠠᠨ ᠪᠠᠢᠳᠠᠭ᠃ ᠸᠠᠩ ᠵᠢᠨ ᠪᠠᠰᠠ ᠬᠣᠲᠠ ᠵᠢᠨ ᠵᠠᠰᠠᠭ ᠤ᠋ᠨ ᠣᠷᠳᠣᠨ᠎ᠤ ᠤᠷᠢᠶᠠᠯᠠᠭ᠎ᠠ ᠵᠢ ᠳᠠᠭᠠᠵᠤ ᠂ 《 ᠴᠡᠷᠢᠭ᠎ᠡᠴᠡ ᠬᠠᠯᠠᠭ᠍ᠳᠠᠭ᠍ᠰᠠᠨ ᠪᠠᠢᠯᠳᠤᠭ᠍ᠴᠢᠳ ᠤ᠋ᠨ ᠠᠪᠤᠷᠠᠨ ᠲᠤᠰᠠᠯᠠᠬᠤ ᠰᠠᠢᠨ ᠳᠤᠷ᠎ᠠ ᠵᠢᠨ ᠦᠶ᠋ᠯᠡᠴᠢᠯᠡᠭᠡᠨ ᠤ᠋ ᠠᠩᠭᠢ 》 ᠎ᠳ᠋ᠤ ᠣᠷᠣᠯᠴᠠᠵᠤ ᠂ ᠥᠪᠡᠷ ᠤ᠋ᠨ ᠵᠢᠠᠨ ᠬᠦᠴᠦᠨ ᠴᠢᠳᠠᠯ ᠵᠢᠠᠨ ᠨᠠᠮᠠᠷᠢᠯᠡᠵᠤ ᠶᠠᠪᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面