2023-04-27 11:05:19
ᠴᠡᠡᠭᠭᠡᠷ ᠠᠵᠢᠯ᠎ᠤᠨ ᠬᠤᠪᠴᠠᠰᠤ ᠡᠮᠦᠰᠴᠦ᠂ ᠡᠨᠭᠭᠡᠷ ᠲᠡᠭᠡᠨ ᠨᠠᠮ᠎ᠤᠨ ᠰᠦᠯᠳᠡ ᠭᠢᠯᠠᠯᠵᠠᠭᠤᠯᠤᠨ᠂ ᠭᠠᠷ ᠤᠲᠠᠰᠤ ᠪᠠᠨ ᠴᠠᠭ ᠢᠮᠠᠭ᠍ᠲᠠ ᠪᠡᠶ᠎ᠡ᠎ᠡᠴᠡ ᠪᠠᠨ ᠰᠠᠯᠭᠠᠯ ᠦᠭᠡᠢ ᠠᠪᠴᠤ ᠶᠠᠪᠤᠨ᠎ᠠ᠃ ᠡᠨᠡ ᠪᠣᠯ ᠢᠦᠶ ᠹᠧᠶ᠎ᠶᠢᠨ ᠣᠯᠠᠨ ᠵᠢᠯ᠎ᠦᠨ ᠲᠤᠷᠰᠢᠬᠢ ᠳᠠᠳᠭᠠᠯ ᠪᠤᠯᠤᠨ᠎ᠠ᠃
ᠬᠦᠳᠡᠷ ᠴᠢᠭᠢᠷᠠᠭ ᠪᠡᠶ᠎ᠡ ᠲᠠᠢ᠂ ᠬᠦᠷᠦᠰᠦᠯᠢᠭ ᠪᠤᠷᠤ ᠴᠢᠷᠠᠶ ᠲᠠᠢ ᠂ ᠲᠠᠷᠤᠤᠬᠠᠨ ᠵᠠᠨᠭ᠌ ᠠᠭᠠᠯᠢ ᠲᠠᠢ ᠬᠢᠷᠠᠬᠠᠢ ᠵᠠᠯᠠᠭᠤ ᠢᠦᠢ ᠹᠸᠢ ᠪᠣᠯ ᠪᠤᠭᠤᠲᠤ᠎ᠶ᠋ᠢᠨ 《 ᠬᠦᠬᠡ ᠣᠭ᠍ᠲᠠᠷᠭᠤᠢ》 ᠠᠪᠤᠷᠠᠨ ᠲᠤᠰᠠᠯᠠᠬᠤ ᠠᠩᠬᠢ᠎ᠶ᠋ᠢᠨ ᠨᠢᠭᠡᠨ ᠭᠡᠱᠢᠭᠦᠨ ᠮᠦᠨ᠃ 2018 ᠣᠨ᠎ᠳᠤ ᠠᠵᠢᠯ᠎ᠤᠨ ᠭᠠᠷᠤᠭ᠎ᠠ ᠪᠠᠨ ᠠᠪᠤᠭᠰᠠᠨ ᠡᠴᠡ ᠨᠠᠭᠠᠰᠢ᠂ ᠡᠨᠳᠡᠯ ᠭᠠᠷᠤᠭᠰᠠᠨ ᠮᠠᠱᠢᠨ ᠲᠡᠷᠭᠡ᠎ᠶ᠋ᠢ ᠠᠪᠤᠷᠠᠨ ᠲᠤᠰᠠᠯᠠᠬᠤ ᠂ ᠲᠦᠭᠡᠷᠢᠭᠰᠡᠨ ᠨᠠᠰᠤᠲᠠᠨ᠎ᠢ ᠡᠷᠢᠬᠦ᠂ ᠤᠰᠤᠨ᠎ᠳᠤ ᠤᠨᠠᠭ᠍ᠰᠠᠨ ᠬᠥᠮᠦᠨ᠎ᠢ ᠠᠪᠤᠷᠠᠬᠤ ᠵᠡᠷᠭᠡ ᠤᠳᠠᠭ᠎ᠠ ᠪᠦᠷᠢ᠎ᠶ᠋ᠢᠨ ᠠᠮᠵᠢᠯᠲᠠ᠎ᠲᠠᠶ ᠠᠪᠤᠷᠠᠨ ᠲᠤᠰᠠᠯᠠᠯᠲᠠ ᠨᠢ ᠲᠡᠭᠦᠨ᠎ᠳᠦ ᠬᠡᠮᠵᠢᠶᠡᠯᠡᠰᠢ ᠦᠭᠡᠢ ᠤᠮᠤᠭᠰᠢᠯ ᠪᠠᠬᠠᠳᠤᠯ ᠤᠯᠭᠤᠳᠠᠭ ᠰᠠᠨ᠃
《 ᠠᠪᠤ ᠮᠢᠨᠢ ᠥᠨᠥ᠍ ᠥᠷᠯᠥᠭᠡ ᠭᠠᠳᠠᠭ᠍ᠰᠢ ᠭᠠᠷᠤᠭᠠᠳ ᠤᠳᠤ ᠪᠣᠯᠲᠠᠯ᠎ᠠ ᠬᠠᠷᠢᠵᠤ ᠢᠷᠡᠭᠡ ᠦᠭᠡᠢ ᠪᠠᠢᠨ᠎ᠠ᠃ ᠨᠢᠭᠡᠨᠲᠡ ᠠᠷᠪᠠᠨ ᠬᠡᠳᠦᠨ ᠴᠠᠭ ᠪᠣᠯᠴᠢᠬᠠᠵᠠᠢ ᠂ ᠨᠠᠰᠤᠲᠠᠨ ᠭᠤᠸᠠᠢ ᠠᠷᠽᠬᠠᠠᠢᠮ ᠡᠪᠡᠳᠴᠢᠨ᠎ᠳᠦ ᠨᠡᠷᠪᠡᠭ᠌ᠳᠡᠭᠡᠳ ᠪᠠᠢᠭ᠎ᠠ ᠶᠤᠮ 》 ᠭᠡᠵᠦ ᠲᠦᠭᠡᠷᠢᠭᠰᠡᠨ ᠨᠠᠰᠤᠲᠠᠨ᠎ᠤ ᠭᠡᠷ᠎ᠤᠨ ᠬᠦᠮᠦᠨ ᠢᠦᠶ ᠹᠸᠢ ᠳ᠋ᠥ᠍ ᠪᠠᠴᠢᠮ ᠤᠳᠠᠰᠤᠳᠠᠪᠠ᠃ ᠢᠦᠢ ᠹᠸᠢ ᠤᠲᠠᠰᠤ ᠵᠢ ᠳᠤᠰᠤᠭ᠍ᠰᠠᠨᠲᠠᠷᠤᠢᠬᠠᠨ ᠴᠠᠭ᠍ᠳᠠᠭᠠᠨ᠎ᠤ ᠲᠠᠯ᠎ᠠ᠎ᠶ᠋ᠢᠨ ᠬᠢᠨ᠎ᠲᠡᠶ ᠬᠠᠮᠲᠤ ᠨᠠᠰᠤᠲᠠᠨ᠎ᠤ ᠬᠠᠮᠤᠭ ᠰᠡᠭᠦᠯ᠎ᠳᠦ ᠠᠯᠠᠭ᠎ᠠ ᠪᠤᠯᠤᠭᠰᠠᠨ ᠭᠠᠵᠠᠷ᠎ᠢ ᠨᠤᠲᠠᠯᠠᠵᠤ ᠂ ᠭᠡᠱᠢᠭᠦᠳ᠎ᠢᠶᠡᠨ ᠴᠤᠭ᠍ᠯᠠᠭᠤᠯᠵᠤ ᠂ ᠴᠤᠭ᠍ᠯᠠᠷᠠᠬᠤ ᠴᠡᠭ᠎ᠲᠦ ᠲᠦᠷᠭᠡᠨ ᠬᠦᠷᠪᠡ᠃
ᠢᠦᠶ ᠹᠧᠶ ᠠᠩᠭᠢ ᠶ᠋ᠢᠨ ᠭᠡᠱᠢᠭᠦᠳ ᠪᠣᠯᠤᠨ ᠰᠠᠢᠨ ᠲᠤᠷᠠᠴᠤᠤᠯ ᠳᠦ ᠪᠠᠢᠷᠢᠯᠠᠭᠤᠯᠤᠯᠲᠠ ᠬᠢᠵᠦ᠍᠂ ᠬᠣᠶᠠᠷ ᠬᠥᠮᠦᠨ᠎ᠢ ᠨᠢᠭᠡ ᠳᠤᠭᠤᠢᠯᠠᠩ ᠪᠤᠯᠭᠠᠨ᠂ ᠨᠠᠰᠤᠲᠠᠨ᠎ᠤ ᠬᠠᠮᠤᠭ ᠡᠴᠦᠰ᠎ᠦᠨ ᠠᠯᠠᠭ᠎ᠠ ᠪᠣᠯᠤᠭ᠍ᠰᠠᠨ ᠭᠠᠵᠠᠷ᠎ᠲᠤ ᠪᠦᠬᠦ᠌ ᠲᠠᠯ᠎ᠠ᠎ᠶ᠋ᠢᠨ ᠬᠠᠢᠯᠲᠠ ᠬᠢᠭ᠌ᠰᠡᠨ ᠪᠥᠭᠡᠳ ᠪᠦᠬᠦ᠌ ᠭᠡᠱᠢᠭᠦᠳ ᠵᠢᠴᠢ ᠰᠠᠢᠨ ᠲᠤᠷᠠᠴᠤᠤᠯ᠎ᠳᠦ ᠵᠢᠷᠬᠢᠶ᠎ᠡ ᠵᠢᠨ ᠨᠠᠢᠵᠠ᠎ᠶ᠋ᠢᠨ ᠲᠣᠭᠣᠷᠢᠭ᠎ᠲᠤ ᠪᠠᠨ ᠬᠥᠮᠦᠨ ᠡᠷᠢᠬᠦ᠌ ᠮᠡᠳᠡᠭ᠌ᠳᠡᠯ᠎ᠢ ᠳᠠᠮᠵᠢᠭᠤᠯᠬᠤ᠎ᠶ᠋ᠢ ᠱᠠᠭᠠᠷᠳᠠᠪᠠ᠃ ᠡᠴᠦᠰ᠎ᠲᠡᠬᠡᠨ ᠤᠷᠤᠢ᠎ᠶ᠋ᠢᠨ 11 ᠴᠠᠭ᠎ᠤᠨ ᠦᠶ᠎ᠡ ᠪᠡᠷ ᠨᠠᠰᠤᠲᠠᠨ ᠭᠤᠸᠠᠢ ᠪᠦᠦ ᠪᠠᠢ ᠶᠠᠪᠠᠭᠠᠨ ᠵᠡᠭᠡᠯᠢ᠎ᠡᠴᠡ ᠪᠠ ᠢ ᠴᠡᠴᠡᠷᠯᠢᠭ ᠲᠡᠢᠰᠢ ᠶᠠᠪᠤᠵᠤ ᠪᠠᠢᠨ᠎ᠠ ᠭᠡᠰᠡᠨ ᠰᠦᠪᠡᠭ᠌ᠴᠢ ᠵᠢ ᠤᠯᠪᠠ᠃ ᠢᠦᠢ ᠹᠸᠢ ᠭᠡᠱᠢᠭᠦᠳ ᠵᠢᠴᠢ ᠰᠠᠢ᠌ᠨ ᠳᠤᠷᠠᠴᠤᠤᠯ ᠵᠢᠡᠨ ᠳᠠᠭᠠᠭᠤᠯᠤᠨ ᠦᠳᠳᠡᠷ ᠲᠦᠷᠭᠡᠨ ᠲᠤᠬᠠᠢ᠎ᠶ᠋ᠢᠨ ᠲᠠᠯᠠᠪᠠᠢ᠎ᠳᠤ ᠬᠦᠷᠬᠦ᠎ᠶ᠋ᠢᠨ ᠬᠠᠮᠲᠤ ᠤᠢ᠍ᠢᠷ᠎ᠠ ᠬᠠᠪᠢ᠎ᠪᠡᠷ ᠨᠢ ᠡᠷᠢᠯ ᠬᠢᠵᠦ ᠡᠴᠦᠰ ᠲᠡᠭᠡᠨ ᠯᠢᠨ ᠶᠢᠨ ᠵᠠᠮ᠎ᠤᠨ ᠪᠢᠳᠡᠬᠦᠮᠵᠢᠯᠡᠭᠰᠡᠨ ᠬᠡᠰᠡᠭ ᠲᠸ᠋ ᠲᠥᠭᠡᠷᠢᠭ᠌ᠰᠡᠨ ᠨᠠᠰᠤᠲᠠᠨ᠎ᠢ ᠡᠷᠢᠵᠦ᠍ ᠣᠯᠪᠠ᠃ 《 ᠠᠪᠤ ᠡ ᠂ ᠡᠨᠳᠡ ᠢᠷᠡᠵᠦ᠍ ᠰᠠᠭᠤᠭᠠᠴᠢ ᠂ ᠲᠠᠯᠬ᠎ᠠ ᠢᠳᠡᠵᠦ᠍ ᠤᠰᠤ ᠤᠤᠭᠤᠭᠠᠷᠠᠢ!》 ᠭᠡᠵᠦ ᠬᠤᠳᠠᠯᠳᠤᠨ ᠠᠪᠤᠭ᠍ᠰᠠᠨ ᠢᠳᠡᠭᠡᠨ ᠤᠮᠳᠠᠭᠠᠨ᠎ᠢᠶᠡᠨ ᠨᠠᠰᠤᠲᠠᠨ᠎ᠳᠤ ᠭᠠᠷᠳᠠᠭᠤᠯᠵᠦ᠂ ᠭᠡᠷ᠎ᠦᠨ ᠬᠥᠮᠦᠰ᠎ᠲᠡᠶ᠎ᠨᠢ ᠳᠠᠷᠤᠢᠬᠠᠨ ᠬᠠᠷᠢᠯᠴᠠᠪᠠ᠃ ᠨᠠᠰᠤᠲᠠᠨ᠎ᠤ ᠪᠡᠶ᠎ᠡ ᠳᠡᠭᠡᠷ᠎ᠡ ᠠᠳᠠᠯᠢ ᠪᠤᠰᠤ ᠬᠡᠮᠵᠢᠶᠡᠨ᠎ᠦ ᠣᠢᠴᠢᠭ᠍ᠰᠠᠨ ᠱᠢᠷᠬ᠎ᠠ ᠪᠠᠢᠬᠤ᠎ᠶ᠋ᠢ ᠣᠯᠵᠤ ᠮᠡᠳᠡᠨ ᠪᠠᠴᠢᠮ ᠠᠪᠤᠷᠠᠯᠲᠠ᠎ᠶ᠋ᠢᠨ ᠪᠣᠭ᠍ᠴᠣ ᠪᠠᠨ ᠨᠡᠭᠡᠭᠡᠵᠦ ᠱᠢᠷᠬ᠎ᠠ᠎ᠶ᠋ᠢ ᠨᠢ ᠳᠥᠭᠥᠮᠬᠡᠨ ᠱᠢᠶ᠋ᠳᠪᠦᠷᠢᠯᠡᠵᠦ ᠦᠭᠪᠡ᠃ ᠰᠥᠨᠢ᠎ᠶ᠋ᠢᠨ 12 ᠴᠠᠭ ᠭᠠᠷᠤᠶ᠎ᠳᠤ ᠭᠡᠷ᠎ᠦᠨ ᠬᠥᠮᠦᠰ ᠨᠢ ᠲᠤᠬᠠᠶ᠎ᠶ᠋ᠢᠨ ᠲᠠᠯᠠᠪᠠᠶ᠎ᠳᠤ ᠬᠦᠷᠦᠯᠴᠡᠨ ᠢᠷᠡᠵᠦ ᠨᠠᠰᠤᠲᠠᠨ ᠭᠤᠸᠠᠢ ᠵᠢ ᠲᠤᠰ᠎ᠤᠨ ᠠᠪᠠᠴᠢᠵᠦ᠂ ᠢᠦᠶ ᠹᠸᠢ ᠡᠷᠢᠨ ᠲᠤᠰᠠᠯᠠᠬᠤ ᠠᠵᠢᠯᠶ᠋ᠢᠡᠨ ᠠᠮᠵᠢᠯᠲᠠ ᠲᠠᠢ ᠪᠡᠶᠡᠯᠡᠬᠦᠯᠪᠡ᠃
ᠵᠡᠭᠦᠨᠭᠠᠷ ᠬᠣᠱᠢᠭᠤᠨ᠎ᠤ ᠰᠢᠷᠠᠯᠵᠢᠲᠠᠢ ᠬᠤᠲᠠ᠎ᠶᠢᠨ ᠬᠠᠳᠤᠨ ᠭᠤᠤᠯ᠎ᠤᠨ ᠬᠦᠪᠡᠭᠡᠨ᠎ᠳᠦ ᠪᠠᠷ᠎ᠠ ᠰᠤᠷᠠᠭ ᠥᠬᠡᠶ ᠪᠣᠯᠤᠭ᠍ᠰᠠᠨ ᠡᠮᠡᠭ᠌ᠲᠡᠶ ᠰᠣᠷᠣᠭ᠍ᠴᠢ᠎ᠶ᠋ᠢ ᠡᠷᠢᠨ ᠤᠯᠵᠤ ᠠᠪᠤᠷᠠᠨ ᠲᠤᠰᠠᠯᠠᠪᠠ; ᠪᠤᠭᠤᠲᠤ ᠬᠣᠲᠠ᠎ᠳᠤ ᠱᠢᠷᠦᠭᠦᠨ ᠪᠣᠷᠣᠭᠠᠨ ᠳ᠋ᠤ ᠬᠠᠱᠢᠭ᠍ᠳᠠᠭ᠍ᠰᠠᠨ 72 ᠬᠥᠮᠦᠨ ᠪᠠ 32 ᠲᠡᠷᠭᠡ᠎ᠵᠢ ᠠᠮᠵᠢᠯᠲᠠ ᠲᠠᠶ ᠠᠪᠤᠷᠠᠨ ᠲᠤᠰᠠᠯᠠᠪᠠ ᠁ ᠬᠥᠬᠡ ᠣᠭ᠍ᠲᠠᠷᠭᠤᠶ ᠠᠪᠤᠷᠠᠨ ᠲᠤᠰᠠᠯᠠᠬᠤ ᠠᠩᠭᠢ᠎ᠳᠤ ᠣᠷᠣᠯᠴᠠᠭ᠍ᠰᠠᠨ᠎ᠠᠴᠠ ᠨᠠᠭᠠᠰᠢ ᠂ ᠲᠡᠷᠡ ᠪᠣᠳᠠᠲᠤ ᠠᠵᠢᠯᠯᠠᠭ᠎ᠠ᠎ᠪᠠᠷ᠎ᠢᠶᠠᠨ ᠱᠢᠨ᠎ᠡ ᠴᠠᠭ ᠦᠶ᠎ᠡ᠎ᠶ᠋ᠢᠨ ᠯᠸᠢ ᠹᠸᠩ᠎ᠤᠨ ᠥᠯᠢᠭᠡᠷ᠎ᠢ ᠪᠢᠴᠢᠭ᠌ᠯᠡᠭ᠌ᠰᠡᠭᠡᠷ ᠢᠷᠡᠵᠡᠶ᠃
《 ᠬᠠᠳᠤᠨ ᠭᠤᠤᠯ᠎ᠤᠨ ᠤᠷᠤᠰᠭᠠᠯ ᠱᠢᠷᠦᠭᠦᠨ ᠂ ᠵᠢᠭᠠᠬᠠᠨ ᠬᠢᠴᠢᠶᠡᠬᠦ ᠦᠭᠡᠢ ᠪᠣᠯᠤᠭᠰᠠᠭᠠᠷ ᠠᠮᠢ ᠨᠠᠰᠤᠨ᠎ᠤ ᠠᠶᠤᠯᠲᠠᠶ᠂ ᠪᠤᠰᠤᠳ᠎ᠢ ᠠᠪᠤᠷᠠᠬᠤ ᠦᠶᠡᠰ ᠲᠠ ᠶᠠᠭᠤᠮ᠎ᠠ ᠪᠤᠳᠤᠳᠠᠭ ᠤᠤ?》 ᠭᠡᠵᠦ ᠰᠤᠷᠪᠤᠯᠵᠢᠯᠠᠭ᠍ᠴᠢ ᠠᠰᠠᠭᠤᠪᠠᠯ 《ᠬᠠᠮᠢᠭ᠎ᠠ᠎ᠠᠴᠠ ᠶᠠᠭᠤᠮ᠎ᠠ ᠪᠣᠳᠣᠬᠤ ᠵᠠᠪ ᠪᠠᠢᠬᠤ ᠪᠤᠢ ᠂ ᠦᠨᠡᠬᠡᠷ ᠲᠡᠢ᠍ᠢᠮᠦ᠍ ᠠᠷᠪᠢᠨ ᠶᠠᠭᠤᠮ᠎ᠠ ᠵᠢ ᠪᠣᠳᠣᠪᠠᠯ ᠴᠠᠭ ᠠᠮᠵᠢᠬᠤ᠎ᠪᠠᠨ ᠪᠣᠯᠢᠴᠢᠬᠠᠨ᠎ᠠ》 ᠭᠡᠵᠦ᠍ ᠢᠦᠢ ᠹᠸᠢ ᠬᠡᠯᠡᠨ᠎ᠡ᠃ ᠬᠥᠮᠦᠨ ᠠᠪᠤᠷᠠᠬᠤ ᠭᠡᠭᠴᠢ ᠠᠶᠤᠯᠲᠠᠶ ᠶᠤᠮ ᠂ ᠬᠠᠳᠤᠨ ᠭᠣᠣᠯ᠎ᠤᠨ ᠬᠥᠪᠡᠭᠡᠨ᠎ᠳᠡᠬᠢ ᠲᠠᠷᠢᠶᠠᠴᠢᠳ᠎ᠤᠨ ᠦᠭᠡ᠎ᠪᠡᠷ ᠬᠡᠯᠡᠪᠡᠯ ᠂ ᠡᠨᠳᠡᠬᠢ ᠬᠠᠳᠤᠨ ᠭᠣᠣᠯ 《ᠢᠷᠣᠭᠠᠷ ᠦᠭᠡᠢ》 ᠃ ᠤᠷᠤᠰᠭᠠᠯ ᠲᠤᠯᠬᠢᠨ᠂ ᠡᠯᠡᠰᠦ ᠱᠢᠪᠠᠷ ᠶᠡᠬᠡ᠂ ᠳᠠᠯᠳᠠ ᠤᠷᠤᠰᠭᠠᠯ ᠠᠷᠪᠢᠨ ᠂ ᠣᠢᠯ ᠠᠷᠪᠢᠨ ᠂ ᠠᠪᠤᠷᠠᠨ ᠲᠤᠰᠠᠯᠠᠯᠳᠠ ᠬᠢᠬᠦ᠎ᠳᠤ ᠪᠦᠷ ᠮᠠᠰᠢ ᠶᠡᠬᠡ ᠠᠶᠤᠯ ᠲᠦᠭ᠌ᠰᠢᠭᠦᠷᠢᠲᠡᠶ᠃ 《 ᠬᠥᠮᠦᠨ ᠠᠪᠤᠷᠠᠬᠤ ᠳ᠋ᠤ ᠵᠠᠪᠠᠯ ᠤᠷᠤᠰᠭᠠᠯ ᠰᠦᠷᠴᠦ ᠠᠪᠤᠷᠠᠯᠳᠠ ᠬᠢᠬᠦ ᠬᠡᠷᠡᠭᠳᠡᠢ ᠂ ᠣᠩᠭᠣᠴᠠ ᠪᠠᠨ ᠬᠥᠮᠦᠨ᠎ᠦ ᠳᠣᠣᠷᠠᠳᠤ ᠤᠷᠤᠰᠭᠠᠯ᠎ᠳᠤ ᠵᠣᠭ᠍ᠰᠣᠭᠠᠵᠤ ᠂ ᠣᠩᠭᠣᠴᠠᠨ ᠲᠣᠯᠣᠭᠠᠶ ᠵᠢ ᠬᠥᠮᠦᠨ᠎ᠦ ᠵᠦᠭ ᠲᠸ᠋ ᠬᠠᠨᠳᠤᠭᠤᠯᠬᠤ ᠬᠡᠷᠡᠭᠳᠡᠢ ᠂ ᠤᠴᠢᠷ ᠨᠢ ᠣᠩᠭᠣᠴᠠᠨ ᠰᠡᠭᠦᠯ ᠢ ᠬᠥᠮᠦᠨ᠎ᠦ ᠵᠦᠭ ᠬᠠᠨᠳᠤᠭᠤᠯᠪᠠᠯ ᠂ ᠬᠥᠮᠦᠨ ᠰᠡᠩᠰᠡᠳᠦ ᠴᠣᠬᠢᠭ᠍ᠳᠠᠬᠤ ᠠᠶᠤᠯᠲᠠᠶ᠂ ᠤᠰᠤᠨ᠎ᠳᠤ ᠣᠷᠣᠬᠤ ᠦᠶ᠎ᠡ᠎ᠳᠦ ᠂ ᠨᠦᠬᠦᠭᠡᠳᠡᠬᠢ ᠴᠢᠨᠢ ᠴᠢᠮᠢ᠋ᠢ ᠶᠠᠭᠠᠬᠢᠭ᠍ᠰᠠᠨ ᠴᠤ᠌ ᠲᠠᠲᠠᠵᠤ ᠪᠣᠯᠬᠤ ᠦᠭᠡᠢ ᠂ ᠲᠡᠭᠡᠪᠡᠯ ᠮᠠᠰᠢ ᠠᠶᠤᠯᠲᠠᠶ ᠂ ᠬᠣᠶᠠᠭᠤᠯᠠ ᠪᠠᠨ ᠬᠠᠮᠲᠤ ᠵᠢᠪᠦᠵᠦ ᠮᠡᠳᠡᠨ᠎ᠡ᠃ ᠵᠠᠪᠠᠯ ᠵᠠᠪᠱᠢᠶᠠᠨ᠎ᠢ ᠦᠵᠡᠵᠦ᠍ ᠪᠠᠢᠭᠠᠳ ᠨᠦᠬᠦᠭᠡᠳᠡᠬᠢ ᠵᠢᠡ ᠵᠢᠡᠨ ᠠᠷᠤ᠎ᠠᠴᠠ ᠨᠢ ᠦᠰᠦ ᠪᠤᠶᠤ ᠬᠤᠪᠴᠠᠰᠤ᠎ᠡᠴᠡ ᠨᠢ ᠲᠠᠳᠠᠬᠤ ᠬᠡᠷᠡᠭ᠌ᠲᠡᠶ ᠁ 》 ᠡᠲᠡᠭᠡᠷ ᠨᠢ ᠴᠥᠮ ᠢᠤᠢ ᠹᠸᠢ ᠵᠢᠨ ᠣᠯᠠᠨ ᠤᠳᠠᠭ᠎ᠠ ᠤᠰᠤᠨ᠎ᠳᠤ ᠣᠷᠣᠵᠤ ᠠᠪᠤᠷᠠᠨ ᠲᠤᠰᠠᠯᠠᠬᠤ ᠶᠠᠪᠤᠴᠠ᠎ᠳᠤ ᠬᠤᠷᠠᠮᠳᠤᠭᠤᠯᠤᠭᠰᠠᠨ ᠲᠤᠷᠱᠢᠯᠭ᠎ᠠ ᠪᠣᠯᠤᠨ᠎ᠠ᠃
2020 ᠣᠨ᠎ᠤ 7 ᠰᠠᠷ᠎ᠠ᠎ᠳᠤ ᠂ ᠸᠠᠩ ᠠᠪᠤᠭᠠᠶ ᠨᠢᠭᠡ ᠨᠠᠢᠵᠢᠲᠠᠶᠪᠠᠨ ᠬᠠᠲᠤᠨ ᠭᠤᠤᠯ᠎ᠤᠨ ᠬᠥᠪᠡᠭᠡ ᠪᠡᠷ ᠰᠡᠯᠡᠭᠦᠴᠡᠨ ᠠᠯᠬᠤᠬᠤ ᠳ᠋ᠠᠭᠠᠨ ᠄ 《 ᠪᠢ ᠪᠠᠭ᠎ᠠ᠎ᠠᠴᠠ᠎ᠪᠠᠨ ᠤᠰᠤ ᠨᠠᠭᠠᠳᠴᠤ᠌ ᠂ ᠬᠠᠲᠤᠨ ᠭᠤᠤᠯ᠎ᠢ ᠬᠥᠨᠳᠡᠯᠡᠨ ᠭᠡᠲᠦᠯᠵᠦ ᠪᠠᠢᠭᠰᠠᠨ᠂ ᠢᠲᠡᠭᠡᠬᠦ᠌ ᠥᠬᠡᠶ ᠪᠣᠯ ᠴᠢ ᠬᠠᠷᠠᠵᠤ ᠪᠠᠶ》 ᠭᠡᠳ ᠤᠰᠤᠨ ᠳ᠋ᠤ ᠤᠷᠤᠪᠠ ᠃ ᠬᠡᠳᠡᠯ᠎ᠡ ᠂ ᠬᠡᠨ ᠮᠡᠳᠡᠨᠡᠮ ᠂ ᠠᠷᠠᠢ ᠬᠠᠭᠠᠰ ᠵᠠᠮ ᠤᠮᠪᠠᠭ᠍ᠰᠠᠨ ᠦᠭᠡᠢ ᠂ ᠬᠦᠴᠦ᠍ ᠲᠠᠮᠢᠷ ᠨᠢ ᠮᠠᠭᠤᠳᠠᠭ᠍ᠰᠠᠨ᠎ᠠᠴᠠ ᠪᠤᠯᠵᠤ ᠸᠠᠩ ᠠᠪᠤᠭᠠᠢ ᠠᠭᠠᠵᠢᠮ ᠵᠢᠡᠷ ᠤᠰᠤᠨ ᠲᠦᠪᠰᠢᠨ ᠡᠴᠡ ᠳᠣᠷᠣᠭ᠍ᠰᠢᠯᠠᠵᠤ ᠡᠬᠢᠯᠡᠯ᠎ᠡ᠂ ᠨᠠᠢᠵᠠ ᠨᠢ ᠡᠷᠭᠢ ᠳᠡᠭᠡᠷ᠎ᠡ 《ᠠᠮᠢ ᠠᠪᠤᠷᠠ !》 ᠭᠡᠵᠦ᠍ ᠪᠠᠯᠠᠭ ᠠᠯᠳᠠᠨ ᠬᠠᠰᠭᠢᠷᠴᠤ᠌ ᠪᠠᠢᠯ᠎ᠠ᠃ ᠰᠠᠨᠳᠤᠷᠴᠤ ᠢᠷᠡᠭ᠌ᠰᠡᠨ ᠢᠦᠢ ᠹᠸᠢ ᠲᠦᠷᠭᠡᠨ ᠵᠠᠪᠢ᠎ᠶ᠋ᠢ ᠲᠠᠲᠠᠮᠠᠭ᠍ᠴᠠ ᠭᠤᠤᠯ ᠤᠷᠤᠭᠤ ᠲᠠᠪᠬᠢᠭᠤᠯᠵᠤ ᠬᠡᠳᠦᠨᠳᠡ ᠦᠭᠰᠦᠨ ᠤᠷᠤᠭᠤᠳᠠᠨ ᠸᠠᠩ ᠠᠪᠤᠭᠠᠶ᠎ᠶ᠋ᠢ ᠡᠴᠦᠰ ᠲᠡᠭᠡᠨ ᠲᠦᠷᠭᠡᠨ ᠵᠠᠪᠢ ᠲᠡᠭᠡᠷ᠎ᠡ ᠲᠡᠳᠡᠨ ᠭᠠᠷᠭᠠᠵᠤ ᠠᠮᠢ᠎ᠶ᠋ᠢ ᠨᠢ ᠠᠪᠤᠷᠠᠯ᠎ᠠ᠃
ᠢᠦᠶ ᠹᠸᠢ᠎ᠶᠢᠨ ᠪᠡᠶ᠎ᠡ ᠳᠡᠭᠡᠷ᠎ᠡ ᠡᠴᠡ ᠪᠢᠳᠡ ᠲᠡᠬᠦᠨ᠎ᠤ ᠵᠣᠷᠢᠭ᠍ᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠍ ᠵᠣᠷᠢᠭ᠍ᠲᠠᠢ᠎ᠪᠠᠷ ᠵᠢᠳᠬᠦᠯ ᠴᠢᠷᠮᠠᠢᠯᠭ᠎ᠠ ᠭᠠᠷᠭᠠᠬᠤ ᠪᠠᠭᠠᠲᠤᠷᠯᠢᠭ ᠵᠠᠩ ᠴᠢᠨᠠᠷ᠎ᠢ ᠣᠯᠵᠤ ᠬᠠᠷᠠᠯ᠎ᠠ᠃ ᠲᠡᠷᠡ ᠪᠣᠯ 《ᠪᠦᠷᠢᠨ ᠴᠢᠳᠠᠪᠤᠷᠢ᠎ᠳᠤ 》 ᠬᠦᠬᠡ ᠣᠭ᠍ᠲᠠᠷᠭᠤᠢ᠎ᠶ᠋ᠢᠨ ᠠᠪᠤᠷᠠᠨ ᠲᠤᠰᠠᠯᠠᠭ᠍ᠴᠢ ᠪᠠᠢᠵᠤ᠂ ᠤᠳᠠᠭ᠎ᠠ ᠪᠦᠷᠢ ᠣᠷᠭᠢᠯᠤᠮ᠎ᠠ ᠬᠠᠯᠠᠭᠤᠨ ᠰᠡᠳᠭᠢᠯᠭᠡ᠎ᠪᠡᠷ ᠠᠪᠤᠷᠠᠨ ᠲᠤᠰᠠᠯᠠᠯᠳᠠ ᠬᠢᠵᠦ᠂ ᠵᠠᠯᠠᠭᠤ ᠨᠠᠰᠤᠨ᠎ᠤ ᠴᠤᠭ ᠵᠢᠪᠬᠤᠭ᠎ᠠ ᠪᠡᠷ ᠵᠢᠡᠨ ᠱᠢᠨ᠎ᠡ ᠴᠠᠭ ᠦᠶ᠎ᠡ᠎ᠶ᠋ᠢᠨ ᠯᠧᠶ ᠹᠧᠩ᠎ᠦᠨ ᠦᠯᠢᠭᠡᠷ᠎ᠢ ᠦᠷᠭᠦᠯᠵᠢᠯᠡᠨ ᠪᠢᠴᠢᠭ᠌ᠯᠡᠵᠦ᠍ ᠂ ᠬᠥᠮᠦᠨ ᠠᠷᠠᠳ᠎ᠤᠨ ᠵᠢᠡᠨ ᠰᠡᠳᠬᠢᠯ᠎ᠢ ᠳᠤᠯᠠᠭᠠᠴᠠᠭᠤᠯᠤᠨ᠎ᠠ ᠬᠡᠵᠦ ᠬᠦᠮᠦᠰ ᠲᠡᠬᠦᠨ᠎ᠢ ᠦᠨᠡᠯᠡᠳᠡᠭ ᠰᠠᠨ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃