2023-05-29 11:10:43
ᠬᠠᠯᠠᠮᠵᠢ ᠬᠠᠢᠷ᠎ᠠ ᠪᠤᠯ ᠬᠠᠨ ᠬᠤᠷᠸ᠎ᠠ ᠵᠢᠨ ᠬᠠᠮᠤᠭ ᠤᠨ ᠡᠷᠬᠢᠮ ᠨᠠᠨᠳᠢᠠ ᠵᠦᠢᠯ ᠭᠡᠭᠴᠢ ᠵᠢ ᠵᠢᠷᠦᠬᠡ ᠰᠡᠳᠬᠢᠯ ᠵᠢᠠᠷ ᠵᠢᠡᠨ ᠮᠡᠳᠡᠷᠡᠭᠰᠡᠨ ᠬᠦᠮᠦᠨᠤ ᠨᠢᠭᠡ ᠪᠤᠯ ᠰᠦᠨᠢᠳ ᠪᠠᠷᠠᠭᠤᠨ ᠬᠤᠰᠢᠭᠤᠨᠤ 《1+1》 ᠰᠠᠢᠨ ᠲᠤᠷᠠᠴᠤᠤᠯᠤᠨ ᠦᠢᠯᠡᠴᠢᠯᠡᠭᠡᠨᠤ ᠠᠡᠭᠭᠢ ᠵᠢᠨ ᠵᠠᠡᠭ ᠴᠠᠡᠭ ᠰᠢ ᠪᠤᠯᠤᠨ᠎ᠠ᠃ ᠬᠠᠷ᠎ᠠ ᠪᠠᠭ᠎ᠠ ᠡᠴᠡ ᠪᠡᠨ《ᠯᠸᠢ ᠹᠸᠡᠭ ᠡᠴᠡ ᠰᠤᠷᠤᠯᠴᠠᠶ᠎ᠠ》ᠭᠡᠰᠡᠨ ᠤᠷᠢᠶᠠᠯᠠᠭ᠎ᠠ ᠪᠡᠷ ᠬᠦᠮᠦᠵᠢᠭᠳᠡᠭᠰᠡᠨ ᠲᠡᠷᠡ ᠪᠡᠷ ᠡᠳᠦᠭᠡ ᠦᠷᠦᠪᠴᠢᠬᠡᠨ ᠬᠠᠢᠷ᠎ᠠ ᠵᠢᠨ ᠨᠢᠡᠭᠵᠢᠨ ᠰᠡᠳᠬᠢᠯ ᠵᠢᠠᠷ ᠡᠪᠡᠳᠴᠢᠨ ᠵᠤᠪᠠᠯᠠᠡᠭᠳᠤ ᠤᠷᠢᠶᠠᠭᠳᠠᠭᠰᠠᠨ ᠬᠡᠨ ᠨᠢᠭᠡᠨᠳᠤ ᠬᠠᠯᠠᠮᠵᠢ ᠵᠢᠨ ᠬᠠᠯᠠᠭᠤᠨ ᠭᠠᠷ ᠵᠢᠠᠨ ᠰᠤᠡᠭᠭᠠᠵᠤ ᠶᠠᠪᠤᠨ᠎ᠠ᠃
5 ᠰᠠᠷ᠎ᠠ ᠵᠢᠨ 16 ᠪ ᠡᠳᠦᠷ ᠂ ᠵᠠᠡᠭ ᠴᠠᠡᠭ ᠰᠢ ᠬᠢᠭᠡᠳ ᠰᠦᠨᠢᠳ ᠪᠠᠷᠠᠭᠤᠨ ᠬᠤᠰᠢᠭᠤᠨᠤ 《1+1》 ᠰᠠᠢᠨ ᠲᠤᠷᠠᠴᠤᠤᠯᠤᠨ ᠦᠢᠯᠡᠴᠢᠯᠡᠭᠡᠨᠤ ᠠᠡᠭᠭᠢ ᠵᠢᠨ ᠬᠢᠨᠤ ᠬᠡᠳᠤᠨ ᠨᠦᠬᠦᠳ ᠬᠤᠰᠢᠭᠤᠨ ᠲᠦᠪ ᠰᠠᠢᠬᠠᠨᠳᠠᠯᠠ ᠪᠠᠯᠭᠠᠰᠤᠨ ᠡᠴᠡ ᠡᠷᠳᠡᠯᠡᠨ ᠮᠤᠷᠳᠠᠵᠤ᠂ ᠮᠠᠰᠢᠨ ᠲᠡᠷᠭᠡ ᠪᠡᠷ 40 ᠭᠠᠷᠤᠢ ᠮᠢᠨᠦ᠋ᠲ ᠲᠠᠪᠬᠢᠭᠤᠯᠤᠭᠠᠳ ᠰᠠᠡᠭᠪᠤᠯᠠᠭ ᠰᠤᠮᠤᠨᠳᠤ ᠪᠠᠢᠭ᠎ᠠ ᠲᠤᠶᠠᠭ᠎ᠠ ᠵᠢᠨ ᠬᠢᠨᠳᠤ ᠬᠠᠮᠵᠢᠬᠤ ᠪᠡᠷ ᠬᠦᠷᠴᠤ ᠢᠷᠡᠵᠠᠢ᠃
ᠲᠤᠶᠠᠭ᠎ᠠ ᠬᠤᠶᠠᠷ ᠬᠦᠦ ᠲᠠᠢ ᠪᠠᠨ ᠤᠶᠤᠨ ᠮᠡᠳᠡᠷᠡᠯᠤᠨ ᠬᠦᠩᠭᠡᠨ ᠠᠷᠬᠠᠭ ᠲᠠᠢ ᠪᠤᠯᠬᠤᠷ ᠠᠮᠢᠳᠤᠷᠠᠯᠤᠨ ᠲᠠᠷᠤᠭᠠᠰᠤ ᠶᠡᠬᠡᠳᠡᠢ ᠪᠠᠢᠯ᠎ᠠ᠃ ᠲᠡᠷᠡ ᠮᠦᠷᠳᠡᠭᠡᠨ ᠬᠡᠳᠦᠨ ᠵᠢᠯᠤᠨ ᠡᠮᠦᠨ᠎ᠠ ᠲᠤᠶᠠᠭ᠎ᠠ ᠵᠢᠨ ᠨᠦᠬᠦᠷ ᠨᠢ ᠲᠡᠷᠭᠡᠨ ᠡᠨᠳᠡᠯ ᠡᠴᠡ ᠵᠡᠮᠳᠡᠭ ᠪᠤᠯᠵᠦ ᠭᠠᠢ ᠲᠡᠭᠡᠷ᠎ᠡ ᠭᠠᠷᠤᠵᠠ ᠲᠤᠬᠢᠶᠠᠵᠠᠢ᠃ 2019 ᠤᠨᠳᠤ᠂ ᠲᠤᠶᠠᠭ᠎ᠠ ᠵᠢᠨ ᠬᠢᠨᠤ ᠠᠮᠢᠳᠤᠷᠠᠯᠤᠨ ᠪᠠᠢᠳᠠᠯᠢ ᠤᠢᠯᠠᠭᠠᠭᠰᠠᠨ ᠵᠠᠡᠭ ᠴᠠᠡᠭ ᠰᠢ ᠬᠠᠢᠷ᠎ᠠ ᠵᠢᠨ ᠬᠠᠯᠠᠭᠤᠨ ᠭᠠᠷ ᠵᠢᠠᠨ ᠰᠤᠡᠭᠭᠠᠵᠤ᠂ ᠪᠠᠷᠤᠭ ᠰᠠᠷ᠎ᠠ ᠠᠯᠳᠠᠯ ᠦᠭᠡᠢ ᠡᠳᠡᠨ ᠪ ᠬᠢᠨᠳᠤ ᠬᠦᠷᠴᠤ᠂ ᠭᠡᠷ ᠭᠠᠳᠠᠨ᠎ᠠ ᠵᠢᠨ ᠠᠵᠢᠯᠳᠤᠨᠢ ᠲᠤᠰᠠᠯᠠᠭᠰᠠᠨ ᠪᠠ ᠠᠵᠤ ᠠᠬᠤᠢ ᠵᠢᠨ ᠲᠠᠯ᠎ᠠ ᠪᠡᠷ ᠵᠤᠬᠢᠬᠤ ᠬᠠᠪᠰᠤᠷᠤᠯᠭ᠎ᠠ ᠲᠡᠮᠵᠢᠯᠭᠡ ᠦᠵᠡᠭᠦᠯᠵᠠᠢ᠃ 4 ᠵᠢᠯᠤᠨ ᠲᠤᠷᠰᠢ᠂ ᠵᠠᠡᠭ ᠴᠠᠡᠭ ᠰᠢ ᠨᠢᠭᠡ ᠯᠡ ᠡᠳᠦᠷ ᠮᠡᠳᠤ ᠪᠡᠷ ᠲᠤᠶᠠᠭ᠎ᠠ ᠵᠢᠨ ᠬᠢᠨᠢ ᠬᠠᠪᠰᠤᠷᠤᠨ ᠲᠡᠮᠵᠢᠭᠰᠡᠭᠡᠷ ᠢᠷᠡᠭᠰᠡᠨ ᠦᠢᠯᠡ ᠠᠵᠢᠯᠯᠠᠭ᠎ᠠ ᠨᠢ ᠤᠢᠷ᠎ᠠ ᠬᠠᠪᠢ ᠵᠢᠨ ᠮᠠᠯᠴᠢᠨ ᠲᠦᠮᠡᠨᠤ ᠰᠠᠢᠰᠢᠶᠠᠯ ᠬᠦᠷᠢᠶᠡᠯᠡᠯᠢ ᠤᠯᠵᠤ᠂ ᠪᠠᠰᠠ ᠡᠳᠡᠭᠡᠷ ᠬᠦᠮᠦᠰᠤᠨ ᠤᠷᠤᠯᠴᠠᠯᠭ᠎ᠠ ᠵᠢᠴᠦ ᠲᠠᠢᠴᠢᠯᠠᠵᠤ ᠴᠢᠳᠠᠭᠰᠠᠨ ᠪᠠᠢᠨ᠎ᠠ᠃
ᠵᠠᠡᠭ ᠴᠠᠡᠭ ᠰᠢ ᠵᠢᠨ ᠡᠵᠡᠡᠭᠨᠡᠵᠦ ᠪᠠᠢᠭ᠎ᠠ ᠥᠰᠥ ᠵᠠᠰᠠᠬᠤ ᠭᠠᠵᠠᠷ ᠪᠤᠯ 80 ᠭᠠᠷᠤᠭᠰᠠᠨ ᠨᠠᠰᠤᠳᠠᠳ ᠬᠢᠭᠡᠳ ᠬᠤᠳᠠ ᠵᠢᠨ ᠤᠷᠴᠢᠨ ᠲᠤᠭᠤᠷᠢᠨᠢ ᠬᠠᠮᠠᠭᠠᠯᠠᠭᠴᠢ ᠨᠠᠷᠤᠨ ᠦᠷᠭᠦᠯᠵᠢ ᠤᠴᠢᠳᠠᠭ ᠭᠠᠵᠠᠷᠤᠨ ᠨᠢᠭᠡ ᠶᠤᠮ᠃ ᠤᠴᠢᠷ ᠨᠢ ᠵᠠᠡᠭ ᠴᠠᠡᠭ ᠰᠢ ᠦᠷᠭᠦᠯᠵᠢ ᠡᠳᠡᠭᠡᠷ ᠦᠨᠳᠦᠷ ᠨᠠᠰᠤᠳᠠᠳ ᠪᠤᠯᠤᠨ ᠵᠡᠭᠡᠯᠢ ᠴᠡᠪᠡᠷᠯᠡᠭᠴᠢᠳᠤ ᠰᠦᠢᠤᠨᠬᠡᠯ ᠠᠪᠤᠯ ᠦᠭᠡᠢ ᠪᠡᠷ ᠦᠰᠤ ᠵᠠᠰᠠᠨ ᠦᠭᠴᠤ᠂ ᠨᠡᠢᠭᠡᠮ ᠨᠡᠢᠳᠡ ᠵᠢᠨ ᠬᠠᠢᠷ᠎ᠠ ᠬᠠᠯᠠᠮᠵᠢ ᠵᠢ ᠮᠡᠳᠡᠷᠡᠭᠦᠯᠵᠦ ᠪᠠᠢᠳᠠᠭ᠃
ᠰᠦᠨᠢᠳ ᠪᠠᠷᠠᠭᠤᠨ ᠬᠤᠰᠢᠭᠤᠨᠤ ᠰᠠᠢᠬᠠᠨᠳᠠᠯᠠ ᠪᠠᠯᠭᠠᠰᠤᠨᠤ ᠰᠠᠭᠤᠭᠠᠯᠢ ᠠᠷᠠᠳ ᠶᠤᠸᠠᠢ ᠱᠦ᠍ ᠴᠢᠡᠭ᠄ 《ᠪᠢ ᠲᠡᠳᠡ ᠨᠡᠷᠤᠨ ᠰᠠᠢᠨ ᠬᠦᠮᠦᠨᠤ ᠰᠠᠢᠨ ᠦᠢᠯᠡ ᠠᠵᠢᠯᠯᠠᠭ᠎ᠠ ᠵᠢ ᠰᠤᠨᠤᠰᠤᠭᠠᠳ ᠲᠤᠢᠯ ᠵᠢᠠᠷ ᠪᠠᠬᠠᠷᠬᠠᠭᠰᠠᠨ ᠡ᠂ ᠬᠡᠷᠪᠡ ᠪᠤᠯᠤᠮᠵᠢ ᠲᠠᠢ ᠪᠤᠯ ᠪᠢ ᠴᠦ᠍ ᠭᠡᠰᠡᠨ ᠲᠡᠳᠡᠨᠤ ᠰᠠᠢᠨ ᠲᠤᠷᠠᠴᠤᠤᠯᠤᠨ ᠠᠡᠭᠭᠢ ᠵᠢᠨ ᠨᠢᠭᠡᠨ ᠭᠡᠰᠢᠭᠦᠨ ᠪᠤᠯᠤᠮᠠᠷ ᠪᠠᠢᠨ᠎ᠠ》 ᠭᠡᠯ᠎ᠠ᠃
ᠵᠠᠡᠭ ᠴᠠᠡᠭ ᠰᠢ ᠨᠡᠢᠭᠡᠮ ᠲᠡᠭᠡᠷ᠎ᠡ ᠮᠠᠰᠢ ᠤᠯᠠᠨ ᠬᠦᠮᠦᠰ ᠰᠠᠢᠨ ᠲᠤᠷᠠᠴᠤᠤᠯᠤᠨ ᠠᠵᠢᠯᠯᠠᠭ᠎ᠠ ᠵᠢ ᠲᠡᠳᠬᠦᠨ ᠲᠡᠮᠵᠢᠳᠡᠭ ᠭᠡᠰᠡᠨᠢ ᠤᠢᠯᠠᠭᠠᠭᠰᠠᠨᠤ ᠲᠠᠷᠠᠭ᠎ᠠ᠂ 2014 ᠤᠨᠳᠤ ᠰᠦᠨᠢᠳ ᠪᠠᠷᠠᠭᠤᠨ ᠬᠤᠰᠢᠭᠤᠨᠤ《1+1》ᠰᠠᠢᠨ ᠲᠤᠷᠠᠴᠤᠤᠯᠤᠨ ᠦᠢᠯᠡᠴᠢᠯᠡᠭᠡᠨᠤ ᠠᠡᠭᠭᠢ ᠵᠢ ᠡᠭᠦᠰᠭᠡᠨ ᠪᠠᠢᠭᠤᠯᠵᠠᠢ᠃ ᠢᠡᠭᠭᠢᠵᠦ ᠨᠡᠷᠡᠢᠳᠦᠭᠰᠡᠨ ᠲᠤᠬᠠᠢ ᠪᠡᠨ᠄ 《ᠨᠢᠭᠡ ᠵᠢᠨ ᠬᠦᠴᠦ᠂ ᠭᠠᠭᠴᠠ ᠵᠢᠨ ᠮᠡᠬᠦᠰᠳᠡᠯ》 ᠭᠡᠭᠴᠢ ᠪᠡᠷ ᠠᠯᠢᠪᠠ ᠵᠦᠢᠯ ᠬᠤᠷᠠᠮᠳᠤᠨ ᠪᠦᠭᠡᠮᠨᠡᠷᠡᠵᠦ ᠪᠦᠯᠬᠦᠮᠳᠡᠪᠡᠯ ᠠᠭᠤᠤ ᠶᠡᠬᠡ ᠬᠦᠴᠦ ᠲᠠᠢ ᠪᠤᠯᠤᠨ᠎ᠠ ᠭᠡᠯ᠎ᠠ᠃
ᠤᠳᠤᠬᠠᠨᠳᠤ᠂ ᠵᠠᠡᠭ ᠴᠠᠡᠭ ᠰᠢ ᠵᠢᠨ ᠪᠠᠢᠭᠤᠯᠤᠭᠰᠠᠨ ᠰᠠᠢᠨ ᠲᠤᠷᠠᠴᠤᠤᠯᠤᠨ ᠦᠢᠯᠡᠴᠢᠯᠡᠭᠡᠨᠤ ᠠᠡᠭᠭᠢ 307 ᠬᠦᠮᠦᠨ ᠲᠠᠢ ᠪᠤᠯᠤᠨ ᠥᠰᠥᠨ ᠪᠤᠵᠠᠭᠠᠢᠷᠠᠵᠦ᠂ ᠰᠦᠨᠢᠳᠤᠨ ᠲᠠᠯ᠎ᠠ ᠨᠤᠲᠤᠭᠲᠦ ᠦᠪᠡᠷᠰᠡᠳᠤᠨ ᠬᠠᠢᠷ᠎ᠠ ᠬᠠᠯᠠᠮᠵᠢ᠂ ᠨᠢᠡᠭᠵᠢᠨ ᠰᠡᠳᠬᠢᠯᠤᠨ ᠠᠴᠢ ᠲᠤᠰᠠ ᠪᠡᠨ ᠦᠷᠦᠭᠡᠯ ᠪᠤᠰᠤᠳᠲᠦ ᠲᠦᠭᠡᠭᠡᠵᠦ ᠯᠡ ᠪᠠᠢᠨ᠎ᠠ᠃ ᠲᠡᠢᠮᠦ ᠪᠤᠯᠬᠤᠷ ᠡᠳᠡᠭᠡᠷ ᠵᠢᠯᠤᠨ ᠲᠤᠷᠰᠢ᠂ ᠵᠠᠡᠭ ᠴᠠᠡᠭ ᠰᠢ ᠤᠷᠢᠳ ᠬᠤᠵᠢᠳ ᠦᠪᠡᠷᠳᠡᠭᠡᠨ ᠵᠠᠰᠠᠬᠤ ᠤᠷᠤᠨᠤ ᠠᠴᠢᠯᠠᠯᠤᠨ ᠤᠳᠤᠨ᠂ ᠪᠦᠬᠦ ᠤᠷᠤᠨᠤ ᠠᠵᠢᠯᠤᠨ ᠹᠷᠤᠨᠲᠤᠨ ᠯᠸᠢ ᠹᠸᠡᠭ ᠡᠴᠡ ᠰᠤᠷᠤᠯᠴᠠᠭᠰᠠᠨ ᠪᠢᠶᠤᠤᠪᠢᠡᠭ᠂ ᠰᠢᠯᠢ ᠵᠢᠨ ᠭᠤᠤᠯ ᠠᠢᠮᠠᠭᠤᠨ ᠶᠤᠰᠤ ᠰᠤᠷᠳᠠᠬᠤᠨᠤ ᠵᠢᠱ᠌ᠢᠶᠡᠴᠢ᠂ ᠰᠦᠨᠢᠳ ᠪᠠᠷᠠᠭᠤᠨ ᠬᠤᠰᠢᠭᠤᠨᠤ ᠶᠤᠰᠤ ᠰᠤᠷᠳᠠᠬᠤᠨᠤ ᠵᠢᠱ᠌ᠢᠶᠡᠴᠢ ᠵᠡᠷᠭᠡ ᠢᠷᠠᠭᠤ ᠠᠯᠳᠠᠷ ᠵᠢᠠᠷ ᠡᠡᠭᠭᠡᠷ ᠵᠢᠠᠨ ᠮᠢᠯᠢᠶᠠᠯᠭᠠᠭᠰᠠᠨ ᠪᠢᠯᠡ᠃ ᠲᠡᠷᠡ᠄《 ᠪᠢᠳᠡ ᠨᠡᠡᠭ ᠤᠯᠠᠨ ᠬᠦᠮᠦᠰᠤᠨ ᠤᠷᠤᠯᠴᠠᠯᠭ᠎ᠠ ᠵᠢ ᠲᠠᠢᠴᠢᠯᠠᠨ ᠲᠡᠳᠡᠭᠡᠷ ᠬᠦᠴᠢᠷᠳᠡᠵᠦ ᠲᠦᠪᠡᠭᠳᠡᠵᠦ ᠪᠠᠢᠭ᠎ᠠ ᠬᠦᠮᠦᠰᠢ ᠬᠠᠪᠰᠤᠷᠤᠨ ᠲᠤᠰᠠᠯᠠᠵᠦ᠂ ᠨᠡᠢᠭᠡᠮ ᠨᠡᠢᠳᠡ ᠵᠢᠨ ᠬᠠᠯᠠᠭᠤᠨ ᠲᠤᠯᠠᠭᠠᠨᠢ ᠲᠦᠭᠡᠭᠡᠨ᠎ᠠ》 ᠬᠡᠵᠥ ᠵᠠᠡᠭ ᠴᠠᠡᠭ ᠰᠢ ᠲᠠᠨᠢᠯᠴᠠᠭᠤᠯᠵᠥ ᠪᠠᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃