2022-08-24 11:23:51
ᠤᠳᠤ ᠮᠠᠨ ᠤ᠋ ᠤᠷᠤᠨ ᠳ᠋ᠤ ᠦᠢᠯᠡᠳᠬᠦᠨ ᠤ᠋ ᠦᠷᠳᠡᠭ ᠨᠢ 500 ᠳ᠋ᠦᠩᠰᠢᠭᠤᠷ ᠲᠦᠬᠦᠷᠢᠭ ᠢ᠋ ᠲᠠᠪᠠᠭᠰᠠᠨ 10 ᠠᠵᠤ ᠦᠢᠯᠡᠳᠪᠤᠷᠢ ᠵᠢᠨ ᠬᠦᠷᠢᠶᠡᠯᠡᠩ ᠲᠤᠭᠤᠷᠢᠭ ᠲᠠᠢ ᠪᠤᠯᠵᠤ᠂ ᠤᠳᠤᠭ ᠠᠵᠤ ᠠᠬᠤᠢ ᠵᠢᠨ ᠨᠡᠬᠡᠬᠡᠯᠳᠡ ᠵᠢᠨ ᠤᠷᠤᠨ ᠪᠤᠯᠤᠨ ᠦᠬᠠᠢ ᠲᠡᠬᠡᠳᠤ ᠰᠢᠨ᠎ᠠ ᠮᠡᠷᠬᠡᠵᠢᠯ ᠤ᠋ᠨ ᠠᠵᠤ ᠦᠢᠯᠡᠰ ᠤ᠋ᠨ ᠨᠡᠬᠡᠬᠡᠯᠳᠡ ᠵᠢᠨ ᠤᠷᠤᠨ ᠤ᠋ ᠠᠵᠤ ᠦᠢᠯᠡᠳᠪᠤᠷᠢ ᠵᠢᠨ ᠦᠢᠯᠡᠳᠬᠦᠨ ᠤ᠋ ᠦᠷᠳᠡᠭ 1000 ᠳ᠋ᠦᠩᠰᠢᠭᠤᠷ ᠲᠦᠬᠦᠷᠢᠭ ᠢ᠋ ᠲᠠᠪᠠᠵᠤ᠂ ᠮᠠᠨ ᠤ᠋ ᠤᠷᠤᠨ ᠳ᠋ᠤ ᠮᠢᠩᠭᠠᠨ ᠳ᠋ᠦᠩᠰᠢᠭᠤᠷ ᠢ᠋ ᠲᠠᠪᠠᠭᠰᠠᠨ ᠬᠦᠷᠢᠶᠡᠯᠡᠩ ᠲᠤᠭᠤᠷᠢᠭ ᠪᠠᠢᠭᠰᠠᠨ ᠦᠬᠡᠢ ᠬᠤᠭᠤᠰᠤᠨ ᠢ᠋ ᠨᠦᠬᠦᠪᠤᠷᠢᠯᠡᠪᠡ᠃
ᠤᠷᠳᠤᠰ ᠬᠤᠳᠠ ᠲᠠᠯᠠᠬᠡᠢ ᠲᠡᠬᠡᠷᠡᠬᠢ ᠬᠠᠮᠤᠭ ᠤ᠋ᠨ ᠲᠤᠮᠤ ᠤᠳᠤ ᠦᠶ᠎ᠠ ᠵᠢᠨ ᠨᠡᠬᠦᠷᠡᠰᠤ ᠬᠢᠮᠢ ᠵᠢᠨ ᠠᠵᠤ ᠦᠢᠯᠡᠳᠪᠤᠷᠢ ᠵᠢᠨ ᠰᠠᠭᠤᠷᠢᠨ ᠢ᠋ ᠪᠠᠢᠭᠤᠯᠵᠤ᠂ ᠨᠡᠬᠦᠷᠡᠰᠤ ᠵᠢ ᠨᠠᠷᠢᠯᠢᠭ ᠡᠳ᠋ᠰᠢᠬᠦᠯᠬᠦ ᠠᠵᠤ ᠦᠢᠯᠡᠰ ᠤ᠋ᠨ ᠬᠡᠯᠬᠢᠶ᠎ᠠ ᠪᠤᠯᠤᠨ ᠨᠡᠬᠦᠷᠡᠰᠤ ᠪᠡᠷ ᠰᠠᠭᠤᠷᠢ ᠪᠤᠯᠭᠠᠭᠰᠠᠨ ᠰᠢᠨ᠎ᠠ ᠪᠡᠷ ᠮᠠᠨᠳᠤᠭᠰᠠᠨ ᠠᠵᠤ ᠦᠢᠯᠡᠰ ᠤ᠋ᠨ ᠬᠡᠯᠬᠢᠶ᠎ᠠ ᠵᠢᠨ ᠲᠦᠪᠰᠢᠨ ᠵᠢᠡᠷ ᠪᠦᠬᠦ ᠲᠠᠯᠠᠬᠡᠢ ᠵᠢᠨ ᠡᠮᠤᠨ᠎ᠠ ᠡᠩᠨᠡᠬᠡᠨ ᠳ᠋ᠤ ᠬᠤᠰᠢᠭᠤᠷᠠᠵᠤ ᠪᠠᠢᠨ᠎ᠠ ᠃
ᠪᠤᠭᠤᠳᠤ ᠬᠤᠳᠠ ᠲᠠᠯᠡᠬᠡᠢ ᠲᠡᠬᠡᠷᠡᠬᠢ ᠬᠠᠮᠤᠭ ᠤ᠋ᠨ ᠲᠤᠮᠤ ᠬᠤᠪᠤᠷ ᠰᠢᠷᠤᠢ ᠵᠢᠨ ᠪᠤᠯᠤᠳ ᠵᠠᠮ ᠲᠡᠮᠤᠷ ᠤ᠋ᠨ ᠦᠢᠯᠡᠳᠪᠤᠷᠢᠯᠡᠯ ᠤ᠋ᠨ ᠰᠠᠭᠤᠷᠢᠨ ᠢ᠋ ᠪᠠᠢᠭᠤᠯᠵᠤ ᠂ 《ᠨᠢᠬᠡ ᠪᠦᠰᠡ ᠨᠢᠬᠡ ᠵᠠᠮ》 ᠲᠠᠭᠠᠤ 70 ᠭᠠᠷᠤᠢ ᠤᠯᠤᠰ ᠵᠢᠴᠢ ᠤᠯᠤᠰ ᠤ᠋ᠨ ᠲᠤᠳᠤᠭᠠᠳᠤ ᠵᠢᠨ ᠬᠡᠳᠤᠨ ᠠᠷᠪᠠᠨ ᠵᠤᠷᠪᠤᠰ ᠲᠡᠮᠤᠷ ᠵᠠᠮ ᠳ᠋ᠤ ᠴᠦᠮ 《ᠪᠤᠭᠤᠳᠤ ᠵᠢᠨ ᠪᠤᠯᠤᠳ ᠲᠡᠮᠤᠷ ᠤ᠋ᠨ ᠦᠢᠯᠡᠳᠬᠡᠯ》 ᠢ᠋ ᠬᠡᠷᠡᠭᠯᠡᠪᠡ ᠃
᠁
ᠨᠠᠮ ᠤ᠋ᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠭᠠᠰᠢ᠂ ᠮᠠᠨ ᠤ᠋ ᠤᠷᠤᠨ《ᠬᠤᠶᠠᠷ ᠰᠠᠭᠤᠷᠢᠨ》 ᠤ᠋ ᠪᠠᠢᠯᠳᠤᠬᠤ ᠪᠤᠳᠤᠯᠭ᠎ᠠ ᠶ᠋ᠢᠨ ᠪᠠᠢᠷᠢ ᠳᠤᠭᠳᠠᠭᠠᠯᠳᠠ ᠳ᠋ᠤ ᠰᠠᠭᠤᠷᠢᠯᠠᠨ᠂ ᠨᠦᠭᠡᠴᠡ ᠬᠡᠮᠵᠢᠶ᠎ᠠ ᠪᠡᠨ ᠵᠤᠬᠢᠴᠠᠭᠤᠯᠬᠤ ᠂ ᠨᠡᠮᠡᠭᠳᠡᠯ ᠬᠡᠮᠵᠢᠶ᠎ᠠ ᠶ᠋ᠢ ᠰᠢᠯᠢᠳᠡᠭᠵᠢᠭᠦᠯᠬᠦ ᠂ ᠶᠡᠷᠦᠩᠬᠡᠢ ᠬᠡᠮᠵᠢᠶ᠎ᠠ ᠶ᠋ᠢ ᠨᠡᠮᠡᠭᠳᠡᠭᠦᠯᠬᠦ ᠶ᠋ᠢ ᠵᠡᠷᠭᠡ ᠪᠡᠷ ᠠᠳᠬᠤᠵᠤ ᠂ ᠤᠯᠠᠮᠵᠢᠯᠠᠯᠳᠤ ᠠᠵᠤ ᠦᠢᠯᠡᠰ ᠤ᠋ᠨ ᠬᠡᠯᠪᠡᠷᠢ ᠶ᠋ᠢ ᠬᠤᠪᠢᠷᠠᠭᠤᠯᠤᠨ ᠳᠡᠰ ᠳᠡᠪᠰᠢᠭᠦᠯᠬᠦ ᠶ᠋ᠢ ᠳᠦᠷᠭᠡᠳᠭᠡᠨ ᠂ ᠰᠢᠨ᠎ᠠ ᠠᠵᠤ ᠦᠢᠯᠡᠰ ᠰᠢᠨ᠎ᠠ ᠬᠦᠳᠡᠯᠭᠡᠬᠦ ᠡᠨ᠋ᠸᠷᠬᠢ ᠵᠢ ᠳᠦᠷᠭᠡᠳᠭᠡᠨ ᠪᠤᠢᠵᠢᠭᠤᠯᠵᠤ ᠂ ᠪᠦᠬᠦ ᠤᠷᠤᠨ ᠤ᠋ ᠠᠵᠤ ᠦᠢᠯᠡᠳᠪᠤᠷᠢ ᠶ᠋ᠢᠨ ᠠᠵᠤ ᠠᠬᠤᠢ ᠶ᠋ᠢᠨ ᠬᠦᠭᠵᠢᠯᠳᠡ ᠳ᠋ᠤ ᠠᠯᠢ ᠤᠯᠠᠨ ᠰᠢᠨ᠎ᠠ ᠳᠠᠪᠠᠯᠳᠠ ᠶ᠋ᠢ ᠪᠡᠶᠡᠯᠡᠭᠦᠯᠵᠠᠢ ᠃
ᠪᠦᠬᠦ ᠳᠡᠯᠡᠬᠡᠢ ᠶ᠋ᠢᠨ 90% ᠶ᠋ᠢᠨ ᠬᠤᠪᠤᠷ ᠰᠢᠷᠤᠢ ᠪᠤᠭᠤᠳᠤ ᠬᠤᠳᠠ ᠳ᠋ᠤ ᠪᠤᠢ ᠃ ᠬᠤᠪᠤᠷ ᠰᠢᠷᠤᠢ ᠨᠢ ᠡᠯᠪᠡᠭ ᠪᠠᠶᠠᠯᠢᠭ ᠭᠡᠷᠡᠯ ᠤ᠋ᠨ ᠤᠬᠠᠭᠠᠨ᠂ ᠴᠠᠬᠢᠯᠭᠠᠨ ᠤ᠋ ᠤᠬᠠᠭᠠᠨ ᠪᠠ ᠰᠤᠷᠢᠨᠵᠢᠨ ᠤ᠋ ᠤᠬᠠᠭᠠᠨ ᠤ᠋ ᠰᠢᠨᠵᠢ ᠴᠢᠨᠠᠷ ᠲᠠᠢ ᠪᠠᠢᠵᠤ᠂ ᠮᠠᠨ ᠤ᠋ ᠡᠳᠦᠷ ᠲᠤᠳᠤᠮ ᠤ᠋ᠨ ᠬᠡᠷᠡᠭᠯᠡᠳᠡᠭ ᠺᠤᠮᠫᠢᠦ᠋ᠲ᠋ᠧᠷ᠂ ᠭᠠᠷ ᠤᠳᠠᠰᠤ᠂ ᠨᠢᠳᠤᠨ ᠰᠢᠯ᠂ ᠡᠨᠧᠷᠬᠢ ᠠᠷᠪᠢᠯᠠᠬᠤ ᠳ᠋ᠧᠩ ᠡᠴᠡ ᠡᠬᠢᠯᠡᠬᠡᠤᠨ ᠳᠠᠭᠠᠭᠤᠯᠢ ᠤᠳᠤ᠂ ᠵᠠᠯᠠᠭᠤᠷᠳᠤ ᠰᠤᠮᠤ᠂ ᠱᠤᠩᠭᠤᠯ ᠤᠩᠭᠤᠴᠠ ᠵᠡᠷᠭᠡ ᠶ᠋ᠢ ᠦᠢᠯᠡᠳᠬᠦ ᠳ᠋ᠤ ᠬᠦᠷᠳᠡᠯ᠎ᠠ ᠴᠦᠮ ᠬᠤᠪᠤᠷ ᠰᠢᠷᠤᠢ ᠶ᠋ᠢ ᠬᠡᠷᠡᠭᠯᠡᠳᠡᠭ ᠶᠤᠮ᠃ ᠨᠢᠭᠡ ᠬᠡᠮᠵᠢᠶᠠᠨᠠ ᠠᠪᠴᠦ ᠬᠡᠯᠡᠪᠡᠯ᠂ ᠬᠡᠷᠪᠡ ᠬᠤᠪᠤᠷ ᠰᠢᠷᠤᠢ ᠦᠭᠡᠢ ᠪᠤᠯ ᠤᠳᠤ ᠦᠶ᠎ᠠ ᠶ᠋ᠢᠨ ᠠᠵᠤ ᠦᠢᠯᠡᠳᠪᠤᠷᠢ ᠶ᠋ᠢᠨ ᠰᠢᠰᠲᠧᠮ ᠲᠠᠮᠫᠤᠷᠠᠯ ᠳ᠋ᠤ ᠤᠴᠠᠷᠠᠵᠤ ᠮᠡᠳᠡᠨ᠎ᠠ᠂ ᠭᠡᠬᠦᠳᠤ ᠮᠠᠨ ᠤ᠋ ᠤᠷᠤᠨ ᠨᠡᠯᠢᠶᠡᠳ ᠤᠷᠳᠤ ᠬᠤᠭᠤᠴᠠᠭᠠᠨ ᠳ᠋ᠤ ᠡᠨᠡ ᠬᠦ᠌ ᠬᠤᠪᠤᠷ ᠨᠠᠨᠳᠢᠨ ᠬᠤᠪᠤᠷ ᠰᠢᠷᠤᠢ ᠪᠠᠨ 《ᠡᠩ ᠤ᠋ᠨ ᠰᠢᠷᠤᠢ》 ᠶ᠋ᠢᠨ ᠦᠨ᠎ᠠ ᠪᠡᠷ ᠪᠤᠷᠤᠯᠠᠭᠤᠯᠵᠤ ᠪᠠᠢᠭᠰᠠᠨ ᠨᠢ ᠦᠨᠡᠨ ᠶᠤᠮ ᠃
ᠡᠨᠡ ᠬᠦ᠌ ᠪᠠᠢᠳᠠᠯ 2012 ᠤᠨ ᠡᠴᠡ ᠡᠬᠢᠯᠡᠵᠦ ᠦᠭᠡᠷᠡᠴᠢᠯᠡᠭᠳᠡᠵᠠᠢ ᠃ 2012 ᠤᠨ ᠳ᠋ᠤ ᠪᠤᠭᠤᠳᠤ ᠶ᠋ᠢᠨ ᠬᠤᠪᠤᠷ ᠰᠢᠷᠤᠢ ᠰᠤᠳᠤᠯᠬᠤ ᠬᠦᠷᠢᠶᠡᠯᠡᠩ ᠳ᠋ᠤ ᠮᠠᠨ ᠤ᠋ ᠤᠯᠤᠰ ᠤ᠋ᠨ ᠬᠠᠮᠤᠭ ᠤ᠋ᠨ ᠶᠡᠬᠡ ᠬᠤᠪᠤᠷ ᠰᠢᠷᠤᠢ ᠶ᠋ᠢᠨ ᠮᠠᠲᠧᠷᠢᠶᠠᠯ ᠤ᠋ᠨ ᠵᠠᠪᠰᠠᠷ ᠤ᠋ᠨ ᠲᠤᠷᠰᠢᠯᠳᠠ ᠶ᠋ᠢᠨ ᠰᠠᠭᠤᠷᠢᠨ ᠪᠠᠢᠭᠤᠯᠤᠭᠳᠠᠵᠤ ᠂ ᠬᠤᠪᠤᠷ ᠰᠢᠷᠤᠢ ᠶ᠋ᠢᠨ ᠰᠤᠳᠤᠯᠭᠠᠨ ᠤ᠋ ᠦᠷ᠎ᠠ ᠪᠦᠲᠦᠭᠡᠯ ᠳ᠋ᠤ ᠠᠵᠤ ᠦᠢᠯᠡᠰᠵᠢᠯᠳᠠ ᠶ᠋ᠢᠨ ᠳᠠᠪᠴᠠᠩ ᠲᠠᠢ ᠪᠤᠯᠪᠠ ᠃ 2014 ᠤᠨ ᠳ᠋ᠤ ᠲᠤᠰ ᠬᠦᠷᠢᠶᠡᠯᠡᠩ ᠤ᠋ᠨ ᠠᠷᠪᠡᠨ ᠬᠦᠮᠦᠨ 1300 ᠭᠠᠷᠤᠢ ᠡᠳᠦᠷ ᠮᠠᠬᠠᠷᠠᠨ ᠵᠢᠳᠬᠦᠵᠤ ᠂ 3000 ᠭᠠᠷᠤᠢ ᠤᠳᠠᠭ᠎ᠠ ᠶ᠋ᠢᠨ ᠲᠤᠷᠰᠢᠯᠳᠠ ᠬᠢᠬᠦ ᠪᠡᠷ ᠳᠠᠮᠵᠢᠨ ᠬᠤᠪᠤᠷ ᠰᠢᠷᠤᠢᠳᠤ ᠪᠤᠯᠤᠳ ᠢ᠋ 14 ᠤᠳᠠᠭ᠎ᠠ ᠵᠠᠯᠭᠠᠯᠳᠤᠭᠤᠯᠤᠨ ᠴᠢᠳᠬᠤᠬᠤ ᠠᠵᠤ ᠦᠢᠯᠡᠳᠪᠤᠷᠢ ᠶ᠋ᠢᠨ ᠦᠢᠯᠡᠳᠪᠤᠷᠢᠯᠡᠯ ᠢ᠋ ᠡᠴᠤᠰ ᠲᠡᠭᠡᠨ ᠪᠡᠶᠡᠯᠡᠬᠦᠯᠵᠤ ᠂ ᠲᠤᠨ ᠪᠦᠷᠢ ᠶ᠋ᠢᠨ ᠬᠠᠢᠯᠤᠮᠠᠯ ᠪᠤᠯᠤᠳ ᠤ᠋ᠨ ᠲᠤᠳᠤᠷ᠎ᠠ 50 ᠭᠷᠠᠮ ᠤ᠋ᠨ ᠬᠤᠪᠤᠷ ᠰᠢᠷᠤᠢ ᠬᠤᠯᠢᠬᠤ ᠪᠡᠷ ᠤᠨᠴᠠᠭᠠᠢ ᠪᠤᠯᠤᠳ ᠤ᠋ᠨ ᠳᠤᠤᠷ᠎ᠠ ᠳᠤᠯᠠᠭᠠᠨ ᠳ᠋ᠡᠬᠢ ᠤᠶᠠᠨ ᠬᠠᠳᠠᠨ ᠴᠢᠨᠠᠷ ᠢ᠋ ᠨᠢᠭᠡ ᠳᠠᠬᠢᠨ ᠢᠯᠡᠭᠦᠦ ᠨᠡᠮᠡᠭᠳᠡᠭᠦᠯᠪᠠ ᠃ 2017 ᠤᠨ ᠳ᠋ᠤ ᠂ ᠪᠤᠭᠤᠳᠤ ᠬᠤᠳᠠ ᠶ᠋ᠢᠨ ᠬᠤᠪᠤᠷ ᠰᠢᠷᠤᠢ ᠶ᠋ᠢᠨ ᠰᠢᠨ᠎ᠠ ᠮᠠᠲᠧᠷᠢᠶᠠᠯ ᠪᠠ ᠬᠡᠷᠡᠭᠯᠡᠯᠳᠡ ᠵᠢᠨ ᠠᠵᠤ ᠦᠢᠯᠡᠰ ᠤ᠋ᠨ ᠦᠢᠯᠡᠳᠭᠦᠨ ᠤ᠋ ᠦᠷᠳᠡᠭ ᠠᠩᠬ᠎ᠠ ᠤᠳᠠᠭ᠎ᠠ ᠬᠤᠪᠤᠷ ᠰᠢᠷᠤᠢ ᠮᠠᠯᠳᠠᠬᠤ ᠪᠠ ᠬᠠᠢᠯᠤᠭᠤᠯᠤᠨ ᠢᠯᠭᠠᠷᠠᠭᠤᠯᠬᠤ ᠠᠵᠤ ᠦᠢᠯᠡᠰ ᠤ᠋ᠨ ᠦᠢᠯᠡᠳᠭᠦᠨ ᠤ᠋ ᠦᠷᠳᠡᠭ ᠢ᠋ ᠳᠠᠪᠠᠵᠤ ᠂ ᠮᠠᠨ ᠤ᠋ ᠤᠷᠤᠨ ᠤ᠋ ᠬᠤᠪᠤᠷ ᠰᠢᠷᠤᠢ ᠶ᠋ᠢᠨ ᠠᠵᠤ ᠦᠢᠯᠡᠰ ᠤ᠋ᠨ ᠰᠢᠨ᠎ᠠ ᠰᠢᠪᠳᠤᠯᠤᠯᠳᠠ ᠶ᠋ᠢ ᠪᠡᠶᠡᠯᠡᠭᠦᠯᠵᠠᠢ ᠃ 2018 ᠤᠨ ᠪᠤᠯᠬᠤ ᠳ᠋ᠤ ᠂ ᠪᠤᠭᠤᠳᠤ ᠬᠤᠳᠠ ᠶ᠋ᠢᠨ ᠬᠤᠪᠤᠷ ᠰᠢᠷᠤᠢ ᠶ᠋ᠢᠨ ᠠᠵᠤ ᠦᠢᠯᠡᠰ ᠤ᠋ᠨ ᠵᠢᠯ ᠤ᠋ᠨ ᠦᠢᠯᠡᠳᠭᠦᠨ ᠤ᠋ ᠦᠷᠳᠡᠭ 176 ᠳ᠋ᠦᠩᠰᠢᠭᠤᠷ ᠲᠦᠭᠦᠷᠢᠭ ᠲᠦ᠍ ᠬᠦᠷᠴᠤ ᠂ ᠡᠭᠦᠨ ᠳ᠋ᠤ ᠬᠤᠪᠤᠷ ᠰᠢᠷᠤᠢ ᠶ᠋ᠢᠨ ᠰᠢᠨ᠎ᠠ ᠮᠠᠲᠧᠷᠢᠶᠠᠯ ᠵᠢᠴᠢ ᠬᠡᠷᠡᠭᠯᠡᠯᠳᠡ ᠵᠢᠨ ᠠᠵᠤ ᠦᠢᠯᠡᠰ 50% ᠡᠴᠡ ᠳᠡᠭᠡᠭᠰᠢᠬᠢ ᠶ᠋ᠢ ᠨᠢ ᠡᠵᠡᠯᠡᠨ ᠂ ᠬᠤᠪᠤᠷ ᠰᠢᠷᠤᠢ ᠶ᠋ᠢᠨ ᠰᠤᠷᠢᠨᠵᠢᠨ ᠮᠠᠲᠧᠷᠢᠶᠠᠯ ᠤ᠋ᠨ ᠭᠠᠷᠤᠯᠳᠠ 5 ᠵᠢᠯ ᠳᠠᠷᠠᠭᠠᠯᠠᠨ 30% ᠶ᠋ᠢ ᠳᠠᠪᠠᠭᠰᠠᠨ ᠨᠡᠮᠡᠭᠳᠡᠯ ᠤ᠋ᠨ ᠬᠤᠷᠳᠤᠴᠠ ᠶ᠋ᠢ ᠪᠠᠳᠤᠯᠠᠵᠤ ᠂ ᠬᠤᠪᠤᠷ ᠰᠢᠷᠤᠢ ᠶ᠋ᠢᠨ ᠭᠦᠯᠢᠭᠡᠷ ᠪᠤᠯᠭᠠᠬᠤ ᠮᠠᠲᠧᠷᠢᠶᠠᠯ ᠪᠤᠯᠤᠨ ᠤᠰᠤᠳᠦ᠋ᠷᠦᠭᠴᠢ ᠨᠦᠭᠡᠴᠡᠯᠡᠬᠦ ᠮᠠᠲᠧᠷᠢᠶᠠᠯ ᠤ᠋ᠨ ᠭᠠᠷᠤᠯᠳᠠ ᠤᠯᠤᠰ ᠤ᠋ᠨ ᠲᠤᠳᠤᠭᠠᠳᠤ ᠳ᠋ᠤ ᠮᠠᠩᠯᠠᠢᠯᠠᠪᠠ ᠃ ᠡᠨᠡ ᠵᠢᠯ ᠤ᠋ᠨ 7 ᠰᠠᠷ᠎ᠠ ᠳ᠋ᠤ ᠂ ᠪᠦᠬᠦ ᠤᠯᠤᠰ ᠤ᠋ᠨ ᠠᠩᠬᠠᠳᠠᠭᠴᠢ ᠬᠤᠪᠤᠷ ᠰᠢᠷᠤᠢ ᠶ᠋ᠢᠨ ᠮᠦᠽᠧᠢ ᠪᠤᠭᠤᠳᠤ ᠳ᠋ᠤ ᠡᠷᠦᠬᠡ ᠪᠡᠨ ᠰᠡᠬᠦᠵᠦ ᠂ ᠬᠤᠪᠤᠷ ᠰᠢᠷᠤᠢ ᠶ᠋ᠢᠨ ᠲᠦᠬᠦᠬᠡᠢ ᠮᠠᠲᠧᠷᠢᠶᠠᠯ ᠂ ᠴᠢᠳᠠᠪᠬᠢᠳᠦ ᠮᠠᠲᠧᠷᠢᠶᠠᠯ ᠂ ᠬᠡᠷᠡᠭᠯᠡᠯᠳᠡ ᠵᠢᠨ ᠦᠢᠯᠡᠳᠭᠦᠨ ᠵᠡᠷᠭᠡ ᠶ᠋ᠢ ᠪᠠᠭᠳᠠᠭᠠᠭᠰᠠᠨ 650 ᠭᠠᠷᠤᠢ ᠵᠦᠢᠯ ᠤ᠋ᠨ ᠦᠢᠯᠡᠳᠭᠦᠨ ᠢ᠋ ᠳᠡᠯᠭᠡᠨ ᠂ ᠪᠦᠬᠦ ᠳᠡᠯᠡᠬᠡᠢ ᠤᠨᠴᠠᠭᠠᠢᠯᠠᠨ ᠮᠠᠨ ᠤ᠋ ᠤᠯᠤᠰ ᠤ᠋ᠨ ᠬᠤᠪᠤᠷ ᠰᠢᠷᠤᠢ ᠶ᠋ᠢᠨ ᠠᠵᠤ ᠦᠢᠯᠡᠰ ᠤ᠋ᠨ ᠬᠦᠭᠵᠢᠯᠳᠡ ᠶ᠋ᠢᠨ ᠲᠡᠦᠬᠡᠨ ᠠᠮᠵᠢᠯᠳᠠ ᠶ᠋ᠢ ᠲᠡᠯᠭᠡᠨ ᠬᠠᠷᠠᠭᠤᠯᠵᠤ ᠪᠠᠢᠨ᠎ᠠ ᠃
ᠡᠨᠡ ᠪᠤᠯ ᠤᠢᠷ᠎ᠠ ᠶ᠋ᠢᠨ ᠠᠷᠪᠠᠨ ᠵᠢᠯ ᠤ᠋ᠨ ᠲᠤᠷᠰᠢᠬᠢ ᠮᠠᠨ ᠤ᠋ ᠤᠷᠤᠨ ᠤ᠋ ᠠᠵᠤ ᠦᠢᠯᠡᠳᠪᠤᠷᠢ ᠶ᠋ᠢᠨ ᠠᠵᠤ ᠠᠬᠤᠢ ᠶ᠋ᠢᠨ ᠬᠦᠭᠵᠢᠯᠳᠡ ᠶ᠋ᠢᠨ ᠨᠢᠬᠡᠨ ᠴᠤᠮᠬᠠᠳᠬᠠᠯ ᠶᠤᠮᠰᠠᠨ ᠃ ᠡᠢᠨ ᠬᠦ᠌ ᠬᠦᠭᠵᠢᠯᠳᠡ ᠬᠤᠪᠢᠷᠠᠯᠳᠠ ᠠᠵᠤ ᠦᠢᠯᠡᠳᠪᠤᠷᠢ ᠵᠢᠨ ᠡᠯ᠎ᠠ ᠬᠦᠷᠢᠶ᠎ᠠ ᠴᠠᠷᠠᠭ᠎ᠠ ᠵᠢ ᠬᠠᠮᠤᠷᠤᠭᠰᠠᠨ ᠠᠵᠢ ᠃
— ᠡᠨᠡ ᠠᠷᠪᠠᠨ ᠵᠢᠯ ᠳ᠋ᠤ ᠂ ᠮᠠᠨ ᠤ᠋ ᠤᠷᠤᠨ ᠠᠵᠤ ᠦᠢᠯᠡᠳᠪᠤᠷᠢ ᠶ᠋ᠢᠨ ᠠᠵᠤ ᠠᠬᠤᠢ ᠶ᠋ᠢᠨ ᠶᠡᠷᠦᠩᠬᠡᠢ ᠬᠡᠮᠵᠢᠶ᠎ᠠ ᠪᠡ ᠬᠡᠪᠴᠢᠶ᠎ᠠ ᠶ᠋ᠢᠨ ᠰᠢᠨ᠎ᠠ ᠰᠢᠪᠳᠤᠯᠤᠯᠳᠠ ᠶ᠋ᠢ ᠪᠡᠶᠡᠯᠡᠭᠦᠯᠪᠠ᠃ 2012 ᠤᠨ ᠡᠴᠡ 2021 ᠪᠤᠯᠳᠠᠯ᠎ᠠ ᠂ ᠪᠦᠬᠦ ᠤᠷᠤᠨ ᠤ᠋ ᠪᠦᠬᠦ ᠠᠵᠤ ᠦᠢᠯᠡᠳᠪᠤᠷᠢ ᠶ᠋ᠢᠨ ᠨᠡᠮᠡᠭᠳᠡᠯ ᠦᠷᠳᠡᠭ 3500 ᠭᠠᠷᠤᠢ ᠳ᠋ᠦᠩᠰᠢᠭᠤᠷ ᠲᠦᠭᠦᠷᠢᠭ ᠪᠠᠢᠭᠰᠠᠨ ᠡᠴᠡ 7900 ᠭᠠᠷᠤᠢ ᠳ᠋ᠦᠩᠰᠢᠭᠤᠷ ᠲᠦᠭᠦᠷᠢᠭ ᠪᠤᠯᠤᠨ ᠨᠡᠮᠡᠭᠳᠡᠵᠦ ᠂ ᠵᠢᠯ ᠳᠤᠮᠳᠠᠴᠢ ᠪᠡᠷ 7.2% ᠪᠡᠷ ᠨᠡᠮᠡᠭᠳᠡᠪᠡ ᠃ ᠡᠭᠦᠨ ᠳ᠋ᠤ ᠦᠢᠯᠡᠳᠬᠦ ᠦᠢᠯᠡᠰ ᠤ᠋ᠨ ᠨᠡᠮᠡᠭᠳᠡᠯ ᠦᠷᠳᠡᠭ ᠵᠢᠯ ᠳᠤᠮᠳᠠᠴᠢ ᠪᠡᠷ 10% ᠤᠷᠴᠢᠮ ᠨᠡᠮᠡᠭᠳᠡᠵᠦ ᠂ ᠬᠡᠪᠴᠢᠶᠠᠵᠢᠯ ᠡᠴᠡ ᠳᠡᠭᠡᠭᠰᠢᠬᠢ ᠠᠵᠤ ᠦᠢᠯᠡᠳᠪᠤᠷᠢ ᠶ᠋ᠢᠨ ᠠᠵᠤ ᠠᠬᠤᠢᠯᠠᠯ 2700 ᠭᠠᠷᠤᠢ ᠪᠠᠢᠭᠰᠠᠨ ᠡᠴᠡ 3200 ᠭᠠᠷᠤᠢ ᠪᠤᠯᠤᠨ ᠨᠡᠮᠡᠭᠳᠡᠵᠤ ᠂ ᠡᠭᠦᠳᠦᠭᠰᠡᠨ ᠠᠰᠢᠭ ᠤᠷᠤᠯᠭ᠎ᠠ 1700 ᠭᠠᠷᠤᠢ ᠳ᠋ᠦᠩᠰᠢᠭᠤᠷ ᠲᠦᠭᠦᠷᠢᠭ ᠪᠠᠢᠭᠰᠠᠨ ᠡᠴᠡ 3300 ᠭᠠᠷᠤᠢ ᠳ᠋ᠦᠩᠰᠢᠭᠤᠷ ᠲᠦᠭᠦᠷᠢᠭ ᠪᠤᠯᠤᠨ ᠨᠡᠮᠡᠭᠳᠡᠪᠡ ᠃ ᠨᠡᠭᠦᠷᠡᠰᠦᠨ ᠤ᠋ ᠭᠠᠷᠤᠯᠳᠠ ᠠᠷᠪᠠᠨ ᠵᠢᠯ ᠳᠠᠷᠠᠭᠠᠯᠠᠨ 10 ᠳ᠋ᠦᠩᠰᠢᠭᠤᠷ ᠲᠤᠨ ᠤᠷᠴᠢᠮ ᠢ᠋ ᠪᠠᠳᠤᠯᠠᠨ ᠂ ᠪᠦᠬᠦ ᠤᠯᠤᠰ ᠤ᠋ᠨ ᠶᠡᠷᠦᠩᠭᠡᠢ ᠭᠠᠷᠤᠯᠳᠠ ᠶ᠋ᠢᠨ ᠭᠤᠷᠪᠠᠨ ᠤ᠋ ᠨᠢᠭᠡ ᠢᠯᠡᠭᠦᠦ ᠶ᠋ᠢ ᠡᠵᠡᠯᠡᠪᠡ ᠃ ᠴᠠᠬᠢᠯᠭᠠᠨ ᠭᠠᠷᠭᠠᠬᠤ ᠬᠡᠮᠵᠢᠶ᠎ᠠ ᠪᠦᠬᠦ ᠤᠯᠤᠰ ᠲᠦ᠍ ᠲᠡᠳ᠋ᠯᠡᠨ ᠂ ᠨᠡᠭᠦᠷᠡᠰᠦ ᠶ᠋ᠢ ᠭᠠᠳᠠᠭᠰᠢ ᠬᠦᠷᠭᠡᠵᠦ ᠂ ᠴᠠᠬᠢᠯᠭᠠᠨ ᠢ᠋ ᠭᠠᠳᠠᠭᠰᠢ ᠬᠦᠷᠭᠡᠭᠰᠡᠨ ᠬᠡᠮᠵᠢᠶ᠎ᠠ ᠪᠦᠬᠦ ᠤᠯᠤᠰ ᠤ᠋ᠨ ᠲᠡᠷᠢᠭᠦᠨ ᠳ᠋ᠤ ᠵᠢᠭᠰᠠᠪᠠ ᠃ ᠬᠡᠤᠷᠡᠰᠤ ᠂ ᠴᠠᠬᠢᠯᠭᠠᠨ ᠵᠠᠳᠠᠯᠤᠯ ᠤ᠋ᠨ ᠬᠦᠩᠭᠡᠨ ᠴᠠᠭᠠᠨ ᠂ ᠰᠢᠪᠳᠤᠷ ᠂ ᠢᠮᠠᠭᠠᠨ ᠨᠤᠤᠯᠤᠭᠤᠷ ᠤ᠋ᠨ ᠭᠠᠷᠤᠯᠳᠠ ᠪᠦᠬᠦ ᠤᠯᠤᠰ ᠤ᠋ᠨ ᠡᠮᠦᠨ᠎ᠠ ᠡᠩᠨᠡᠭᠡᠨ ᠳ᠋ᠤ ᠶᠠᠪᠤᠵᠤ ᠂ ᠮᠧᠲ᠋ᠢᠯ ᠠᠯᠺᠤᠤᠯ ᠂ ᠴᠠᠬᠢᠯᠠᠭᠤᠷ ᠴᠢᠯᠠᠭᠤ ᠂ PVC ᠂ ᠲᠡᠮᠦᠷ ᠤ᠋ᠨ ᠬᠠᠢᠯᠤᠰᠢ ᠶ᠋ᠢᠨ ᠭᠠᠷᠤᠯᠳᠠ ᠪᠦᠬᠦ ᠤᠯᠤᠰ ᠤ᠋ᠨ ᠨᠢᠭᠡᠳᠦᠭᠡᠷ ᠲᠦ᠍ ᠵᠢᠭᠰᠠᠨ ᠂ ᠴᠠᠭᠠᠨ ᠢᠳᠡᠭᠡᠨ ᠂ ᠬᠤᠪᠤᠷ ᠰᠢᠷᠤᠢ ᠶ᠋ᠢᠨ ᠨᠢᠭᠡᠳᠪᠤᠷᠢ ᠪᠤᠳᠠᠰ ᠂ ᠤᠯᠠᠨ (ᠳᠠᠩ) ᠳᠠᠯᠠᠰᠳᠤ ᠴᠠᠬᠢᠭᠤᠷ ᠂ ᠠᠮᠢᠳᠠᠨ ᠤ᠋ ᠸᠠᠺᠼᠢᠨ ᠂ ᠮᠢᠺᠷᠤᠪ ᠡᠰᠡᠷᠬᠦᠴᠡᠭᠴᠢ ᠡᠮ ᠤ᠋ᠨ ᠦᠢᠯᠡᠳᠪᠤᠷᠢᠯᠡᠯ ᠤ᠋ᠨ ᠬᠡᠪᠴᠢᠶ᠎ᠠ ᠪᠡᠷ ᠪᠦᠬᠦ ᠳᠡᠯᠡᠬᠡᠢ ᠶ᠋ᠢᠨ ᠡᠮᠦᠨ᠎ᠠ ᠡᠩᠨᠡᠭᠡᠨ ᠳ᠋ᠤ ᠤᠷᠤᠪᠠ ᠃
— ᠡᠨᠡ ᠠᠷᠪᠠᠨ ᠵᠢᠯ ᠳ᠋ᠤ ᠂ ᠮᠠᠨ ᠤ᠋ ᠤᠷᠤᠨ ᠠᠵᠤ ᠦᠢᠯᠡᠰ ᠤ᠋ᠨ ᠪᠦᠲᠦᠴᠡ ᠶ᠋ᠢ ᠳᠤᠬᠢᠷᠠᠭᠤᠯᠤᠨ ᠳᠡᠰ ᠳᠡᠪᠰᠢᠭᠦᠯᠬᠦ ᠲᠠᠯ᠎ᠠ ᠪᠡᠷ ᠰᠢᠨ᠎ᠠ ᠠᠯᠬᠤᠮ ᠢ᠋ ᠠᠯᠬᠤᠪᠠ ᠃ 《ᠨᠡᠭᠦᠷᠡᠰᠦ ᠪᠡᠷ ᠭᠤᠤᠯ ᠪᠤᠯᠭᠠᠭᠰᠠᠨ 》 ᠪᠠᠢᠳᠠᠯ ᠢ᠋ ᠬᠤᠪᠢᠷᠠᠭᠤᠯᠵᠤ ᠂ ᠨᠡᠭᠦᠷᠡᠰᠦᠨ ᠤ᠋ ᠦᠢᠯᠡᠰ ᠤ᠋ᠨ ᠠᠵᠤ ᠦᠢᠯᠡᠳᠪᠤᠷᠢ ᠶ᠋ᠢᠨ ᠨᠡᠮᠡᠭᠳᠡᠯ ᠦᠷᠳᠡᠭ ᠤ᠋ᠨ ᠡᠵᠡᠯᠡᠬᠦ ᠬᠠᠷᠢᠴᠠᠯ ᠬᠠᠮᠤᠭ ᠤ᠋ᠨ ᠦᠨᠳᠦᠷ ᠲᠡᠭᠡᠨ 70% ᠤᠷᠴᠢᠮ ᠪᠠᠢᠭᠰᠠᠨ ᠢ᠋ 38.6% ᠪᠤᠯᠳᠠᠯ᠎ᠠ ᠪᠠᠭᠤᠷᠠᠭᠤᠯᠵᠤ ᠂ ᠦᠢᠯᠡᠳᠬᠦ ᠦᠢᠯᠡᠰ ᠤ᠋ᠨ ᠠᠵᠤ ᠦᠢᠯᠡᠳᠪᠤᠷᠢ ᠳ᠋ᠡᠬᠢ ᠡᠵᠡᠯᠡᠬᠦ ᠬᠠᠷᠢᠴᠠᠯ 2012 ᠤᠨ ᠳ᠋ᠤ 28% ᠤᠷᠴᠢᠮ ᠪᠠᠢᠭᠰᠠᠨ ᠢ᠋ 2021 ᠤᠨ ᠳ᠋ᠤ 39.6% ᠪᠤᠯᠳᠠᠯ᠎ᠠ ᠳᠡᠭᠡᠭᠰᠢᠯᠡᠭᠦᠯᠦᠨ ᠂ ᠠᠵᠤ ᠦᠢᠯᠡᠳᠪᠤᠷᠢ ᠶ᠋ᠢᠨ ᠨᠡᠮᠡᠭᠳᠡᠯ ᠳ᠋ᠤ ᠬᠤᠪᠢ ᠨᠡᠮᠡᠷᠢ ᠦᠵᠡᠭᠦᠯᠬᠦ ᠨᠤᠷᠮ᠎ᠠ ᠵᠢ 40% ᠬᠦᠷᠬᠦ ᠦᠭᠡᠢ ᠪᠠᠢᠭᠰᠠᠨ ᠡᠴᠡ 72% ᠪᠤᠯᠤᠨ ᠳᠡᠭᠡᠭᠰᠢᠯᠡᠭᠦᠯᠪᠡ ᠃ ᠳᠡᠭᠡᠳᠦ ᠮᠡᠷᠭᠡᠵᠢᠯ ᠤ᠋ᠨ ᠦᠢᠯᠡᠳᠬᠦ ᠦᠢᠯᠡᠰ ᠂ ᠳᠡᠭᠡᠳᠦ ᠰᠢᠨ᠎ᠠ ᠮᠡᠷᠭᠡᠵᠢᠯ ᠤ᠋ᠨ ᠠᠵᠤ ᠦᠢᠯᠡᠰ ᠤ᠋ᠨ ᠨᠡᠮᠡᠭᠳᠡᠯ ᠦᠷᠳᠡᠭ ᠵᠠᠯᠭᠠᠭ᠎ᠠ ᠪᠡᠷ 10 ᠵᠢᠯ ᠬᠤᠶᠠᠷ ᠤᠷᠤᠨᠳᠤ ᠲᠤᠭᠠᠨ ᠤ᠋ ᠨᠡᠮᠡᠭᠳᠡᠯ ᠢ᠋ ᠪᠠᠳᠤᠯᠠᠵᠤ ᠂ ᠬᠡᠪᠴᠢᠶᠠᠵᠢᠯ ᠡᠴᠡ ᠳᠡᠭᠡᠭᠰᠢᠬᠢ ᠠᠵᠤ ᠦᠢᠯᠡᠳᠪᠤᠷᠢ ᠳ᠋ᠡᠬᠢ ᠡᠵᠡᠯᠡᠬᠦ ᠬᠠᠷᠢᠴᠠᠯ ᠦᠩᠭᠡᠷᠡᠭᠰᠡᠨ ᠤ᠋ 5% ᠳ᠋ᠤ ᠴᠦ᠍ ᠬᠦᠷᠬᠦ ᠦᠭᠡᠢ ᠪᠠᠢᠭᠰᠠᠨ ᠡᠴᠡ ᠤᠳᠤ 12% ᠤᠷᠴᠢᠮ ᠳ᠋ᠤ ᠬᠦᠷᠪᠡ ᠃
— ᠡᠨᠡ ᠠᠷᠪᠠᠨ ᠵᠢᠯ ᠳ᠋ᠤ ᠂ ᠮᠠᠨ ᠤ᠋ ᠤᠷᠤᠨ ᠠᠵᠤ ᠦᠢᠯᠡᠳᠪᠤᠷᠢ ᠶ᠋ᠢᠨ ᠬᠦᠭᠵᠢᠯᠳᠡ ᠶ᠋ᠢᠨ ᠠᠷᠭ᠎ᠠ ᠬᠡᠯᠪᠡᠷᠢ ᠶ᠋ᠢ ᠬᠤᠪᠢᠷᠠᠭᠤᠯᠬᠤ ᠲᠠᠯ᠎ᠠ ᠪᠡᠷ ᠰᠢᠨ᠎ᠠ ᠠᠬᠢᠴᠠ ᠲᠠᠢ ᠪᠤᠯᠪᠠ ᠃ ᠪᠤᠬᠢᠷᠳᠦᠯ ᠦᠭᠡᠢ ᠴᠡᠪᠡᠷ ᠡᠨᠧᠷᠬᠢ ᠵᠢᠨ ᠳᠠᠪᠠᠯᠳᠠᠳᠤ ᠴᠢᠨᠠᠷᠳᠠᠢ ᠶᠡᠬᠡ ᠬᠦᠭᠵᠢᠯᠳᠡ ᠶ᠋ᠢ ᠪᠡᠶᠡᠯᠡᠭᠦᠯᠵᠦ ᠂ ᠰᠠᠯᠬᠢᠨ ᠬᠦᠴᠦᠨ ᠤ᠋ ᠴᠠᠬᠢᠯᠭᠠᠨ ᠪᠠ ᠭᠡᠷᠡᠯᠴᠢ ᠴᠡᠨᠡᠭ ᠤ᠋ᠨ ᠴᠠᠬᠢᠯᠭᠠᠨ ᠢ᠋ ᠲᠤᠤᠷ ᠲᠦ᠍ ᠨᠡᠢᠯᠡᠭᠦᠯᠦᠭᠰᠡᠨ ᠬᠡᠪᠴᠢᠶ᠎ᠠ ᠪᠡᠷ ᠪᠦᠬᠦ ᠤᠯᠤᠰ ᠲᠦ᠍ ᠮᠠᠩᠯᠠᠢᠯᠠᠵᠤ ᠂ ᠰᠢᠨ᠎ᠠ ᠡᠨᠧᠷᠬᠢ ᠶ᠋ᠢᠨ ᠮᠠᠰᠢᠨ ᠴᠤᠭᠴᠠᠯᠠᠪᠤᠷᠢ 1610 ᠲᠦᠮᠡᠨ ᠺᠢᠯᠤᠸᠠᠲ ᠡᠴᠡ 5334 ᠲᠦᠮᠡᠨ ᠺᠢᠯᠤᠸᠠᠲ ᠪᠤᠯᠤᠨ ᠨᠡᠮᠡᠭᠳᠡᠵᠦ ᠂ ᠬᠤᠶᠠᠷ ᠳᠠᠬᠢᠨ ᠭᠠᠷᠤᠢ ᠨᠡᠮᠡᠭᠳᠡᠪᠡ ᠃ ᠪᠦᠬᠦ ᠤᠷᠤᠨ ᠤ᠋ ᠭᠤᠷᠪᠠᠨ ᠤ᠋ ᠨᠢᠭᠡ ᠶ᠋ᠢ ᠳᠠᠪᠠᠭᠰᠠᠨ ᠴᠠᠬᠢᠯᠭᠠᠨ ᠬᠦᠴᠦᠨ ᠤ᠋ ᠮᠠᠰᠢᠨ ᠴᠤᠭᠴᠠᠯᠠᠪᠤᠷᠢ ᠪᠠ ᠳᠠᠪᠤᠨ ᠤ᠋ ᠨᠢᠭᠡ ᠶ᠋ᠢ ᠳᠠᠪᠠᠭᠰᠠᠨ ᠪᠦᠬᠦ ᠨᠡᠢᠭᠡᠮ ᠤ᠋ᠨ ᠴᠠᠬᠢᠯᠭᠠᠨ ᠤ᠋ ᠬᠡᠷᠡᠭᠯᠡᠭᠡ ᠨᠢ ᠪᠦᠷ ᠰᠢᠨ᠎ᠠ ᠡᠨᠧᠷᠬᠢ ᠡᠴᠡ ᠢᠷᠡᠯᠳᠡ ᠲᠠᠢ ᠪᠠᠢᠵᠤ ᠂ ᠮᠠᠨ ᠤ᠋ ᠤᠷᠤᠨ ᠪᠦᠬᠦ ᠤᠯᠤᠰ ᠤ᠋ᠨ ᠬᠠᠮᠤᠭ ᠤ᠋ᠨ ᠶᠡᠬᠡ ᠰᠢᠨ᠎ᠠ ᠡᠨᠧᠷᠬᠢ ᠶ᠋ᠢᠨ ᠠᠵᠤ ᠦᠢᠯᠡᠰ ᠤ᠋ᠨ ᠰᠠᠭᠤᠷᠢᠨ ᠪᠤᠯᠪᠠ ᠃
᠁
ᠠᠷᠪᠡᠨ ᠵᠢᠯ ᠤ᠋ᠨ ᠲᠤᠷᠰᠢ ᠂ ᠮᠠᠨ ᠤ᠋ ᠤᠷᠤᠨ ᠤ᠋ ᠠᠵᠤ ᠦᠢᠯᠡᠰ ᠤ᠋ᠨ ᠬᠦᠭᠵᠢᠯᠳᠡ ᠵᠢ ᠠᠬᠢᠭᠤᠯᠬᠤ ᠦᠢᠯᠠᠭᠠᠭᠳᠠᠬᠤᠨ ᠪᠠ ᠠᠷᠭ᠎ᠠ ᠬᠡᠯᠪᠡᠷᠢ ᠳ᠋ᠤ ᠴᠦᠮ ᠴᠢᠬᠤᠯᠠ ᠶᠡᠬᠡ ᠬᠤᠪᠢᠷᠠᠯᠳᠠ ᠭᠠᠷᠬᠤ ᠶ᠋ᠢᠨ ᠵᠡᠷᠭᠡ ᠪᠡᠷ ᠠᠵᠤ ᠦᠢᠯᠡᠳᠪᠤᠷᠢ ᠶ᠋ᠢᠨ ᠠᠵᠤ ᠠᠬᠤᠢ ᠲᠤᠭᠠᠨ ᠤ᠋ ᠳᠠᠪᠠᠭᠤᠯᠢᠭ ᠡᠴᠡ ᠴᠢᠨᠠᠷ ᠤ᠋ᠨ ᠳᠠᠪᠠᠭᠤᠯᠢᠭ ᠳᠡᠢᠰᠢ ᠰᠢᠯᠵᠢᠵᠤ ᠂ ᠴᠢᠨᠠᠷ ᠰᠠᠢᠳᠠᠢ ᠬᠦᠭᠵᠢᠯᠳᠡ ᠶ᠋ᠢᠨ ᠰᠢᠨ᠎ᠠ ᠬᠠᠭᠤᠳᠠᠰᠤ ᠶ᠋ᠢ ᠪᠢᠴᠢᠭᠯᠡᠭᠰᠡᠨ ᠪᠦᠭᠡᠳ ᠦᠷᠭᠦᠯᠵᠢᠯᠡᠨ ᠪᠢᠴᠢᠭᠯᠡᠭᠰᠡᠭᠡᠷ ᠶᠤᠮ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃