2022-09-09 17:21:04
《 ᠰᠠᠯᠬᠢ ᠡᠯᠡᠰᠤᠨ ᠤ᠋ ᠡᠬᠢ 》 ᠪᠠᠢᠭᠰᠠᠨ ᠡᠴᠡ ᠪᠠᠨ 《 ᠠᠷᠤ ᠵᠢᠨ ᠴᠡᠴᠡᠷᠯᠢᠭ 》 ᠪᠤᠯᠵᠤ ᠬᠤᠪᠢᠷᠠᠪᠠ
— ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢᠬᠢ ᠦᠪᠤᠷ ᠮᠤᠨᠭᠭᠤᠯ ᠤ᠋ᠨ ᠠᠮᠢ ᠠᠬᠤᠢ ᠵᠢᠨ ᠪᠦᠳᠦᠬᠡᠨ ᠪᠠᠢᠭᠤᠯᠤᠯᠳᠠ ᠢ᠋ᠢᠨ ᠲᠤᠬᠠᠢ ᠬᠦᠤᠷᠨᠢᠯ
ᠡᠨᠡ ᠵᠢᠯ 74 ᠨᠠᠰᠤᠲᠠᠢ ᠦᠦᠱᠢᠨ ᠬᠣᠱᠢᠭᠤᠨ ᠤ᠋ ᠰᠢᠷᠠᠠᠤᠰᠤᠨ ᠭᠤᠤᠯ ᠪᠠᠯᠭᠠᠰᠤ ᠵᠢᠨ ᠱᠢᠷᠠᠠᠤᠰᠤᠨ ᠭᠤᠤᠯ ᠲᠣᠰᠭᠣᠨ ᠤ᠋ ᠲᠠᠷᠢᠶᠠᠴᠢᠨ ᠱᠧᠩ ᠸᠠᠨ ᠵᠦᠩ ᠄《ᠪᠢ ᠲᠤᠬᠠᠢ ᠵᠢᠨ ᠦᠶ᠎ᠡ ᠳ᠋ᠤ ᠮᠤᠳᠤᠨ ᠴᠢᠬᠢ ᠵᠢ ᠨᠢᠭᠡ ᠨᠢᠭᠡ ᠪᠠᠭᠴᠠ ᠪᠠᠷ ᠡᠯᠡᠰᠤᠨ ᠳ᠋ᠤ ᠡᠭᠦᠷᠴᠤ ᠠᠪᠠᠴᠢᠨ ᠡᠳᠡᠭᠡᠷ ᠮᠣᠳᠣ ᠶ᠋ᠢ ᠲᠠᠷᠢᠵᠤ ᠤᠷᠭᠤᠭᠤᠯᠤᠭᠰᠠᠨ ᠶᠤᠮ ᠃ ᠤᠳᠤ ᠪᠢ ᠡᠨᠡ ᠬᠦ᠌ ᠠᠵᠢᠯ ᠵᠢᠡᠨ ᠦᠷ᠎ᠠ ᠬᠡᠦᠬᠡᠳ ᠲᠡᠬᠡᠨ ᠲᠤᠰᠢᠶᠠᠵᠤ ᠦᠷᠭᠦᠯᠵᠢᠯᠡᠨ ᠬᠢᠯᠬᠡᠵᠤ ᠪᠠᠢᠨ᠎ᠠ ᠃ ᠪᠢᠳᠡ ᠦᠶ᠎ᠡ ᠵᠢᠨ ᠦᠶ᠎ᠡ ᠳ᠋ᠤ ᠡᠨᠳᠡ ᠠᠮᠢᠳᠤᠷᠠᠵᠤ ᠢᠷᠡᠭᠰᠡᠨ ᠪᠤᠯᠬᠤᠷ ᠡᠯᠡᠰᠦᠨ ᠨᠤᠳᠤᠭ ᠵᠢᠡᠨ ᠵᠠᠪᠠᠯ ᠰᠠᠢᠲᠤᠷ ᠵᠠᠰᠠᠬᠤ ᠴᠢᠬᠤᠯᠠᠳᠠᠢ》ᠭᠡᠵᠦ ᠨᠢᠭᠡ ᠪᠦᠳᠦᠭᠦᠨ ᠤᠯᠢᠶᠠᠰᠤ ᠶ᠋ᠢ ᠵᠢᠭᠠᠵᠤ ᠭᠡᠯᠡᠨ᠎ᠠ ᠃ ᠲᠡᠷᠡ ᠤᠳᠤᠬᠠᠨ ᠪᠤᠯᠳᠠᠯ᠎ᠠ ᠨᠢᠬᠡᠨᠳᠡ ᠮᠤᠤᠠᠤᠰᠤ ᠵᠢᠨ ᠡᠯᠡᠰᠦᠷᠬᠡᠭ ᠭᠠᠵᠠᠷ ᠲᠦ᠍ ᠲᠦᠮᠡ ᠭᠠᠷᠤᠢ ᠮᠦ᠍ ᠮᠣᠳᠣ ᠲᠠᠷᠢᠵᠤ ᠤᠢᠵᠢᠭᠤᠯᠪᠠ ᠃
7000 ᠭᠠᠷᠤᠢ ᠲᠦᠮᠡᠨ ᠮᠦ᠍ ᠲᠠᠯᠠᠪᠠᠢ ᠲᠠᠢ ᠮᠤᠤᠠᠤᠰᠤ ᠵᠢᠨ ᠡᠯᠡᠰᠦᠷᠬᠡᠭ ᠭᠠᠵᠠᠷ ᠥᠪᠥᠷ ᠮᠣᠩᠭᠣᠯ ᠂ ᠱᠠᠨᠰᠢ ᠂ ᠨᠢᠩᠱᠢᠶᠠ ᠭᠤᠷᠪᠠᠨ ᠮᠤᠵᠢ ᠥᠪᠡᠷᠲᠡᠭᠡᠨ ᠵᠠᠰᠠᠬᠤ ᠣᠷᠣᠨ ᠢ᠋ ᠰᠤᠨᠳᠠᠯᠠᠵᠤ ᠪᠤᠢ ᠂ ᠡᠭᠦᠨ ᠳ᠋ᠤ 4771 ᠲᠦᠮᠡᠨ ᠮᠦ᠍ ᠨᠢ ᠤᠷᠳᠤᠰ ᠬᠤᠲᠠ ᠵᠢᠨ ᠭᠠᠵᠠᠷ ᠨᠤᠲᠤᠭ ᠲᠤ᠌ ᠬᠠᠷᠢᠶᠠᠯᠠᠭᠳᠠᠵᠤ ᠂ ᠮᠤᠤᠠᠤᠰᠤ ᠵᠢᠨ ᠡᠯᠡᠰᠦᠷᠬᠡᠭ ᠭᠠᠵᠠᠷ ᠤ᠋ᠨ ᠥᠷᠥᠴᠡᠨ ᠳ᠋ᠤ ᠪᠠᠢᠷᠢᠯᠠᠭ᠎ᠠ ᠦᠦᠱᠢᠨ ᠬᠣᠱᠢᠭᠤ ᠪᠣᠯᠤᠨ ᠤᠳᠤᠭ ᠤ᠋ᠨ ᠡᠮᠦᠨᠡᠲᠦ ᠬᠣᠱᠢᠭᠤ ᠵᠢᠨ ᠬᠢᠨ ᠴᠦᠬᠦᠷᠡᠰᠢ ᠦᠬᠡᠢ ᠵᠠᠰᠠᠯᠳᠠ ᠪᠡᠷ ᠲᠠᠮᠵᠢᠨ ᠬᠠᠮᠠᠷ ᠬᠠᠳᠬᠤᠬᠤ ᠡᠪᠡᠰᠤ ᠦᠬᠡᠢ ᠪᠠᠢᠭᠰᠠᠨ ᠨᠡᠯᠦᠢᠮᠠ ᠡᠯᠡᠰᠤ ᠵᠢ ᠬᠡᠰᠡᠭ ᠬᠡᠰᠡᠭ ᠨᠤᠭᠤᠭᠠᠨ ᠪᠦᠷᠢᠳᠤ ᠪᠤᠯᠭᠠᠨ ᠤᠢᠵᠢᠭᠤᠯᠵᠤ ᠠᠪᠤᠯ᠎ᠠ ᠃ ᠤᠳᠤ ᠦᠤᠰᠢᠨ ᠬᠤᠰᠢᠭᠤᠨ ᠤ᠋ ᠤᠢ ᠰᠢᠭᠤᠢ ᠵᠢᠨ ᠪᠦᠷᠬᠦᠴᠡ ᠨᠢᠬᠡᠨᠳᠡ 32% ᠢ᠋ ᠲᠠᠪᠠᠵᠤ ᠂ ᠤᠳᠤᠭ ᠤ᠋ᠨ ᠡᠮᠤᠨᠡᠳᠤ ᠬᠤᠰᠢᠭᠤᠨ ᠤ᠋ ᠤᠢ ᠱᠢᠭᠤᠢ ᠵᠢᠨ ᠪᠦᠷᠬᠦᠴᠡ ᠴᠦ᠍ 24% ᠵᠢ ᠲᠠᠪᠠᠵᠠᠢ ᠃
ᠮᠠᠨ ᠤ᠋ ᠤᠷᠤᠨ ᠪᠤᠯ ᠤᠯᠤᠰ ᠤ᠋ᠨ ᠤᠮᠠᠷᠠᠲᠤ ᠵᠢᠨ ᠲᠠᠯᠠᠪᠠᠶ ᠪᠠᠷ ᠬᠠᠮᠤᠭ ᠤ᠋ᠨ ᠶᠡᠬᠡ ᠂ ᠲᠥᠷᠥᠯ ᠵᠦᠶ᠋ᠯ ᠵᠢᠡᠷ ᠬᠠᠮᠤᠭ ᠤ᠋ᠨ ᠪᠦᠷᠢᠨ ᠠᠮᠢ ᠠᠬᠤᠶ ᠵᠢᠨ ᠴᠢᠳᠠᠮᠵᠢᠲᠤ ᠣᠷᠣᠨ ᠪᠣᠯᠤᠨ᠎ᠠ ᠃ ᠮᠠᠨ ᠤ᠋ ᠤᠷᠤᠨ ᠤ᠋ ᠠᠮᠢ ᠠᠬᠤᠶ ᠵᠢᠨ ᠪᠠᠢᠳᠠᠯ ᠶᠠᠮᠠᠷ ᠪᠠᠢᠬᠤ ᠨᠢ ᠪᠥᠬᠥ᠌ ᠣᠷᠣᠨ ᠤ᠋ ᠦᠨᠳᠦᠰᠦᠲᠡᠨ ᠨᠤᠭᠦᠳ ᠤ᠋ᠨ ᠣᠯᠠᠨ ᠲᠦᠮᠡᠨ ᠤ᠋ ᠣᠷᠣᠱᠢᠨ ᠲᠣᠭ᠍ᠲᠠᠨᠢᠯ ᠪᠠ ᠬᠥᠭ᠌ᠵᠢᠯᠲᠡ ᠲᠡᠶ ᠬᠣᠯᠪᠣᠭ᠍ᠳᠠᠬᠤ ᠪᠠᠷ ᠪᠠᠷᠠᠬᠤ ᠥᠬᠡᠶ ᠂ ᠪᠠᠰᠠ ᠡᠬᠡ ᠤᠯᠤᠰ ᠤ᠋ᠨ ᠤᠮᠠᠷᠠᠲᠤ ᠣᠷᠣᠨ ᠂ ᠵᠡᠭᠦᠨ ᠬᠣᠢᠲᠤ ᠣᠷᠣᠨ ᠂ ᠪᠠᠷᠠᠭᠤᠨ ᠬᠣᠢᠲᠤ ᠣᠷᠣᠨ ᠂ ᠴᠢᠨᠠᠭ᠍ᠰᠢᠯᠠᠪᠠᠯ ᠪᠥᠬᠥ᠌ ᠤᠯᠤᠰ ᠤ᠋ᠨ ᠠᠮᠢ ᠠᠬᠤᠶ ᠵᠢᠨ ᠠᠮᠤᠷ ᠲᠦᠪᠱᠢᠨ ᠲᠡᠶ ᠴᠦ᠍ ᠬᠣᠯᠪᠣᠭ᠍ᠳᠠᠬᠤ ᠶᠤᠮ ᠃
ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ ᠂ ᠮᠠᠨ ᠤ᠋ ᠤᠷᠤᠨ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠳᠤ ᠨᠤᠳᠤᠭ ᠪᠡᠯᠴᠢᠬᠡᠷ ᠡᠯᠡᠰᠤ ᠮᠠᠩᠬ᠎ᠠ ᠵᠢ ᠰᠢᠰᠲᠸᠮ ᠲᠠᠢ ᠪᠡᠷ ᠵᠠᠰᠠᠬᠤ ᠵᠢ ᠨᠢᠬᠡᠳᠤᠯᠳᠠᠢ ᠲᠦᠯᠦᠪᠵᠢᠬᠦᠯᠵᠤ ᠂ ᠠᠮᠢ ᠠᠬᠤᠢ ᠵᠢ ᠬᠠᠮᠠᠭᠠᠯᠠᠵᠤ ᠰᠡᠷᠬᠦᠬᠡᠬᠦ ᠢᠨᠵᠸᠨ᠋ᠸᠷᠢᠩ ᠢ᠋ ᠰᠠᠢᠳᠤᠷ ᠬᠡᠷᠡᠭᠵᠢᠬᠦᠯᠦᠨ ᠂ ᠥᠷᠭᠡᠨ ᠠᠭᠤᠳᠠᠮ ᠨᠤᠲᠤᠭ ᠪᠡᠯᠴᠢᠭᠡᠷ ᠢ᠋《ᠴᠠᠯᠢᠩ ᠲᠠᠶ ᠪᠠᠷ ᠠᠮᠠᠷᠠᠭᠤᠯᠵᠤ 》 ᠂ ᠬᠢᠩᠭᠠᠨ ᠲᠠᠪᠠᠭ᠎ᠠ ᠵᠢᠨ ᠣᠶ ᠱᠢᠭᠤᠶ ᠳ᠋ᠤ ᠬᠤᠳᠠᠯᠳᠤᠭᠠᠨ ᠤ᠋ ᠴᠢᠨᠠᠷᠳᠠᠢ ᠪᠡᠷ ᠮᠤᠳᠤ ᠤᠭᠳᠤᠯᠬᠤ ᠵᠢ ᠵᠤᠭᠰᠤᠭᠠᠨ ᠂ ᠭᠤᠤᠯᠳᠠᠯᠭ᠎ᠠ ᠲᠠᠶ ᠡᠯᠡᠰᠦᠨ ᠴᠦᠯ ᠪᠠ ᠡᠯᠡᠰᠦᠷᠬᠡᠭ ᠭᠠᠵᠠᠷ ᠢ᠋《ᠡᠪᠡᠰᠤ ᠮᠤᠳᠤ ᠲᠠᠷᠢᠵᠤ ᠡᠮᠵᠢᠶᠡᠷᠢᠯᠡᠨ ᠵᠠᠰᠠᠵᠤ》᠂ ᠠᠮᠢ ᠠᠬᠤᠢ ᠵᠢᠨ ᠰᠢᠰᠲᠸᠮ ᠤ᠋ᠨ ᠲᠤᠭᠳᠠᠪᠤᠷᠢᠳᠤ ᠴᠢᠨᠠᠷ ᠪᠠ ᠲᠠᠭᠠᠭᠠᠮᠠᠭᠠᠢ ᠴᠢᠨᠠᠷ ᠢ᠋ ᠲᠠᠰᠤᠷᠠᠯᠳᠠ ᠦᠬᠡᠢ ᠲᠠᠬᠡᠭᠰᠢᠯᠡᠬᠦᠯᠦᠭᠰᠡᠨ ᠪᠠᠢᠨ᠎ᠠ ᠃
10.2 ᠳ᠋ᠦᠩᠱᠢᠭᠤᠷ ᠮᠦ᠍ — 《 ᠴᠠᠯᠢᠩ ᠲᠠᠶ ᠪᠠᠷ ᠠᠮᠠᠷᠠᠭᠤᠯᠬᠤ 》 ᠨᠤᠳᠤᠭ ᠪᠡᠯᠴᠢᠬᠡᠷ ᠤ᠋ᠨ ᠲᠠᠯᠠᠪᠠᠢ
4.7 ᠬᠤᠪᠢ — ᠨᠤᠳᠤᠭ ᠪᠡᠯᠴᠢᠬᠡᠷ ᠤ᠋ᠨ ᠤᠷᠭᠤᠮᠠᠯ ᠤ᠋ᠨ ᠬᠤᠴᠢᠯᠭ᠎ᠠ ᠵᠢᠨ ᠲᠠᠬᠡᠭᠰᠢᠯᠡᠯᠳᠡ
ᠰᠢᠯᠢ ᠵᠢᠨ ᠭᠤᠤᠯ ᠠᠢᠮᠠᠭ ᠤ᠋ᠨ ᠤᠯᠠᠭᠠᠶ ᠬᠠᠮᠢᠶᠠᠷᠤᠯᠲᠠ ᠵᠢᠨ ᠣᠷᠣᠨ ᠤ᠋ ᠪᠠᠶᠠᠨᠬᠣᠱᠢᠭᠤ ᠪᠠᠯᠭᠠᠰᠤ ᠵᠢᠨ ᠴᠠᠭᠠᠨᠬᠠᠳᠠ ᠲᠤᠰᠬᠤᠨ ᠤ᠋ ᠮᠠᠯᠴᠢᠨ ᠰᠦᠨ ᠴᠦᠨ ᠮᠧᠶ ᠵᠢᠨ ᠬᠢ 500 ᠭᠠᠷᠤᠶ ᠮᠥ᠍ ᠪᠡᠯᠴᠢᠭᠡᠷ ᠲᠡᠶ ᠃ ᠪᠡᠯᠴᠢᠭᠡᠷᠯᠡᠭᠦᠯᠬᠦ᠌ᠶ᠋ᠢ ᠴᠠᠭᠠᠵᠠᠯᠠᠬᠤ ᠡᠴᠡ ᠡᠮᠦᠨ᠎ᠡ 100 ᠰᠢᠬᠠᠮ ᠦᠬᠡᠷ ᠬᠣᠨᠢ ᠮᠠᠯᠵᠢᠵᠤ ᠂ ᠵᠢᠯ ᠪᠦᠷᠢ ᠵᠢᠨ ᠬᠥᠮᠦᠨ ᠤ᠋ ᠬᠦᠴᠦ᠍ ᠪᠠ ᠪᠣᠳᠠᠰ ᠤ᠋ᠨ ᠬᠦᠴᠦᠨ ᠤ᠋ ᠣᠷᠣᠭᠤᠯᠤᠯᠲᠠ ᠪᠠᠭ᠎ᠠ ᠪᠤᠰᠤ ᠪᠠᠢᠭᠰᠠᠨ ᠴᠦ᠍ ᠲᠡᠮᠡᠢ ᠠᠱᠢᠭ ᠤᠷᠤᠯᠭ᠎ᠠ ᠦᠭᠡᠢ ᠮᠦᠷᠳᠡᠬᠡᠨ ᠨᠤᠳᠤᠭ ᠪᠡᠯᠴᠢᠬᠡᠷ ᠤ᠋ᠨ ᠠᠮᠢ ᠠᠬᠤᠶ ᠨᠢ ᠬᠠᠷᠢᠨ ᠵᠢᠯᠡᠴᠡ ᠵᠢᠯ ᠮᠠᠭᠤᠳᠠᠭᠰᠠᠨ ᠪᠠᠢᠨ᠎ᠠ ᠃ ᠭᠡᠳᠡᠯ᠎ᠡ 《 ᠤᠢᠷ᠎ᠠ ᠵᠢᠨ ᠵᠢᠯ ᠤ᠋ᠳ ᠲᠸ᠋ ᠮᠠᠨ ᠤ᠋ ᠨᠤᠲᠤᠭ ᠵᠢᠡᠷ ᠡᠯᠡᠰᠦᠨ ᠱᠢᠭᠤᠷᠭᠠ ᠪᠠᠭᠠᠰᠴᠤ᠌ ᠂ ᠬᠤᠷ᠎ᠠ ᠪᠣᠷᠣᠭᠠᠨ ᠡᠯᠪᠡᠭᠰᠢᠨ ᠡᠪᠡᠰᠤ ᠤᠷᠭᠤᠮᠠᠯ ᠢᠭᠴᠤᠷᠠᠵᠤ ᠂ ᠡᠯ᠎ᠡ ᠲᠦᠷᠦᠯ ᠤ᠋ᠨ ᠬᠡᠭᠡᠷ᠎ᠡ ᠵᠢᠨ ᠠᠮᠢᠲᠠᠳ ᠴᠤ᠌ ᠪᠠᠢᠩᠭᠤ ᠬᠠᠷᠠᠭᠳᠠᠨ ᠂ ᠨᠤᠲᠤᠭ ᠪᠡᠯᠴᠢᠭᠡᠷ ᠦᠩᠭᠡ ᠦᠵᠡᠮᠵᠢ ᠤᠯᠠᠮ ᠡᠴᠡ ᠤᠯᠠᠮ ᠭᠤᠶᠤ ᠪᠤᠯᠵᠤ ᠪᠠᠢᠨ᠎ᠠ》ᠬᠡᠵᠦ ᠰᠦᠨ ᠴᠦᠨ ᠮᠧᠶ ᠰᠡᠳᠭᠢᠯ ᠪᠠᠬᠠᠳᠤᠨ ᠶᠠᠷᠢᠨ᠎ᠠ ᠃
ᠰᠦᠨ ᠴᠦᠨ ᠮᠧᠶ ᠵᠢᠨ ᠨᠤᠳᠤᠭ ᠤᠰᠤᠨ ᠤ᠋ ᠬᠤᠪᠢᠷᠠᠯᠳᠠ ᠨᠤᠳᠤᠭ ᠪᠡᠯᠴᠢᠬᠡᠷ ᠤ᠋ᠨ ᠠᠮᠢ ᠠᠬᠤᠢ ᠵᠢ ᠬᠠᠮᠠᠭᠠᠯᠠᠬᠤ ᠨᠦᠬᠦᠪᠤᠷᠢ ᠪᠠ ᠱᠠᠩᠨᠠᠯ ᠤ᠋ᠨ ᠲᠦᠷᠦ ᠵᠢᠨ ᠪᠤᠳᠤᠯᠭ᠎ᠠ ᠡᠴᠡ ᠰᠠᠯᠵᠤ ᠴᠢᠳᠠᠬᠤ ᠦᠬᠡᠢ ᠶᠤᠮ ᠃ 2011 ᠣᠨ ᠳ᠋ᠤ ᠤᠯᠤᠰ ᠡᠴᠡ ᠥᠪᠥᠷ ᠮᠣᠩᠭᠣᠯ ᠵᠡᠷᠭᠡ ᠪᠦᠬᠦ ᠤᠯᠤᠰ ᠤ᠋ᠨ 8 ᠭᠣᠣᠯ ᠪᠣᠯᠬᠤ ᠨᠤᠲᠤᠭ ᠪᠡᠯᠴᠢᠬᠡᠷ ᠤ᠋ᠨ ᠮᠠᠯᠵᠢᠬᠤ ᠣᠷᠣᠨ ᠳ᠋ᠤ ᠲᠤᠰ ᠲᠦᠷᠦ ᠵᠢᠨ ᠪᠤᠳᠤᠯᠭ᠎ᠠ ᠵᠢ ᠬᠡᠷᠡᠭᠵᠢᠬᠦᠯᠵᠤ ᠡᠬᠢᠯᠡᠭᠰᠡᠨ ᠳ᠋ᠤ ᠤᠯᠠᠭᠠᠢ ᠬᠠᠮᠢᠶᠠᠷᠤᠯᠳᠠ ᠵᠢᠨ ᠤᠷᠤᠨ ᠤ᠋ ᠬᠢᠨ ᠪᠣᠳᠠᠲᠤ ᠪᠠᠢᠳᠠᠯ ᠵᠢᠡᠨ ᠦᠨᠳᠦᠰᠦᠯᠡᠨ ᠪᠡᠯᠴᠢᠭᠡᠷᠯᠡᠭᠦᠯᠬᠦ ᠶ᠋ᠢ ᠴᠠᠭᠠᠵᠠᠯᠠᠵᠤ ᠬᠠᠰᠢᠶᠠᠯᠠᠨ ᠲᠠᠵᠢᠬᠡᠬᠦ ᠶ᠋ᠢ ᠬᠡᠷᠡᠭᠵᠢᠬᠦᠯᠬᠦ ᠵᠢᠨ ᠳᠠᠭᠠᠤ ᠮᠠᠯᠴᠢᠳ ᠤ᠋ᠨ ᠣᠷᠣᠯᠭ᠎ᠠ ᠶ᠋ᠢ ᠬᠠᠰᠤᠭ᠍ᠳᠠᠭᠤᠯᠬᠤ ᠦᠭᠡᠶ ᠪᠠᠢᠬᠤ ᠶ᠋ᠢ ᠪᠠᠲᠤᠯᠠᠪᠠ ᠃ ᠲᠦᠷᠦ᠍ ᠵᠢᠨ ᠪᠤᠳᠤᠯᠭ᠎ᠠ ᠶ᠋ᠢ ᠬᠡᠷᠡᠭ᠌ᠵᠢᠭᠦᠯᠦᠭ᠌ᠰᠡᠨ ᠤ᠋ ᠳᠠᠷᠠᠭ᠎ᠠ ᠂ ᠰᠦᠨ ᠴᠦᠨ ᠮᠧᠢ ᠵᠢᠨ ᠪᠠᠢᠭ᠎ᠠ ᠲᠣᠰᠭᠣᠨ ᠨᠢ ᠨᠤᠲᠤᠭ ᠪᠡᠯᠴᠢᠭᠡᠷ ᠢ᠋ ᠲᠥᠪᠯᠡᠷᠡᠭᠦᠯᠦᠨ ᠬᠡᠰᠡᠭ ᠬᠡᠰᠡᠭ ᠵᠢᠡᠷ ᠪᠢᠲᠡᠭᠦᠮᠵᠢᠯᠡᠵᠦ᠍ ᠂ ᠨᠠᠮᠤᠷ ᠤ᠋ᠨ ᠤᠯᠠᠷᠢᠯ ᠳ᠋ᠤ ᠨᠢᠭᠡᠳᠦᠯᠲᠡᠢ ᠡᠪᠡᠰᠦ ᠬᠠᠳᠤᠨ ᠬᠤᠳᠠᠯᠳᠤᠵᠤ᠂ ᠬᠤᠳᠠᠯᠳᠤᠭ᠍ᠰᠠᠨ ᠣᠷᠣᠯᠭ᠎ᠠ ᠪᠠᠨ ᠡᠪᠡᠰᠦᠨ ᠤ᠋ ᠤᠨᠠᠯᠲᠠ ᠵᠢ ᠨᠢ ᠦᠨᠳᠦᠰᠦᠯᠡᠨ ᠲᠣᠰᠭᠣᠨ ᠤ᠋ ᠠᠷᠠᠳ ᠲᠦ᠍ ᠬᠤᠪᠢᠶᠠᠨ ᠦᠭᠭᠦᠭᠰᠡᠨ ᠪᠦᠭᠡᠳ ᠵᠢᠯ ᠪᠦᠷᠢ ᠬᠦᠮᠦᠨ ᠲᠤᠮᠳᠠᠴᠢ ᠳ᠋ᠤ 6000 ᠲᠥᠭᠥᠷᠢᠭ ᠤ᠋ᠨ ᠪᠡᠯᠴᠢᠭᠡᠷᠯᠡᠭᠦᠯᠬᠦ᠌ᠶ᠋ᠢ ᠴᠠᠭᠠᠵᠠᠯᠠᠬᠤ ᠨᠥᠬᠥᠪᠥᠷᠢ ᠦᠭᠭᠦᠭᠰᠡᠨ ᠵᠢᠡᠷ ᠰᠦᠨ ᠴᠦᠨ ᠮᠧᠢ ᠵᠢᠨ ᠬᠢᠨ ᠤ᠋ ᠵᠢᠯ ᠤ᠋ᠨ ᠣᠷᠣᠯᠭ᠎ᠠ ᠬᠠᠰᠤᠭᠳᠠᠭᠰᠠᠨ ᠦᠭᠡᠢ ᠮᠦᠷᠲᠡᠭᠡᠨ ᠬᠠᠷᠢᠨ ᠪᠠᠭ᠎ᠠ ᠪᠤᠰᠤ ᠨᠡᠮᠡᠭᠳᠡᠭᠰᠡᠨ ᠠᠵᠢ ᠃ ᠰᠦᠨ ᠴᠦᠨ ᠮᠧᠢ ᠨᠤᠲᠤᠭ ᠤᠰᠤᠨ ᠤ᠋ ᠪᠡᠨ ᠡᠪᠡᠰᠤ ᠪᠡᠯᠴᠢᠭᠡᠷ ᠠᠮᠢ ᠠᠬᠤᠢ ᠠᠭᠠᠵᠢᠮ ᠵᠢᠡᠷ ᠰᠡᠷᠭᠦᠭᠰᠡᠨ ᠢ᠋ ᠨᠢᠳᠦ᠍ᠪᠡᠷ ᠵᠢᠡᠨ ᠦᠵᠡᠵᠦ᠍ ᠂ ᠤᠷᠭᠤᠯᠳᠠ ᠰᠠᠢᠳᠠᠢ ᠪᠡᠯᠴᠢᠭᠡᠷ ᠵᠢᠡᠨ ᠬᠠᠷᠠᠭᠠᠳ ᠶᠠᠭᠠᠬᠢᠬᠤ ᠵᠢᠨ ᠠᠷᠭ᠎ᠠ ᠦᠭᠡᠢ ᠰᠡᠳᠭᠢᠯ ᠳᠣᠭ᠍ᠳᠣᠯᠤᠨᠠ ᠃
ᠨᠤᠳᠤᠭ ᠪᠡᠯᠴᠢᠬᠡᠷ ᠤ᠋ᠨ ᠠᠮᠢ ᠠᠬᠤᠢ ᠵᠢ ᠬᠠᠮᠠᠭᠠᠯᠠᠬᠤ ᠨᠦᠬᠦᠪᠤᠷᠢ ᠪᠠ ᠱᠠᠩᠨᠠᠯ ᠤ᠋ᠨ ᠲᠥᠷᠥ ᠵᠢᠨ ᠪᠣᠳᠣᠯᠭ᠎ᠠ ᠨᠢ ᠮᠠᠨ ᠤ᠋ ᠣᠷᠣᠨ ᠤ᠋ 12 ᠠᠢᠮᠠᠭ ᠬᠣᠲᠠ ᠂ 2 ᠲᠤᠰᠠᠭᠠᠷ ᠲᠥᠯᠥᠪᠯᠡᠭᠡᠲᠦ ᠬᠣᠲᠠ ᠵᠢᠨ 76 ᠬᠣᠰᠢᠭᠤ ᠰᠢᠶᠠᠨ ᠬᠣᠲᠠ ᠲᠣᠭᠣᠷᠢᠭ ᠲᠠᠢ ᠬᠤᠯᠪᠤᠭᠳᠠᠵᠤ ᠂ ᠲᠥᠪ ᠤ᠋ᠨ ᠡᠳ᠋ ᠤ᠋ᠨ ᠵᠠᠰᠠᠭ ᠡᠴᠡ ᠨᠡᠢᠲᠡ 455 ᠳ᠋ᠦᠩᠱᠢᠭᠤᠷ ᠭᠠᠷᠤᠢ ᠲᠥᠭᠥᠷᠢᠭ ᠤ᠋ᠨ ᠳᠡᠮᠵᠢᠯᠭᠡ ᠦᠵᠡᠭᠦᠯᠵᠤ ᠂ ᠪᠦᠬᠦ ᠤᠷᠤᠨ ᠤ᠋ 10.2 ᠳ᠋ᠦᠩᠱᠢᠭᠤᠷ ᠮᠦ᠍ ᠨᠤᠲᠤᠭ ᠪᠡᠯᠴᠢᠭᠡᠷ ᠢ᠋ ᠵᠢᠯ ᠪᠦᠷᠢ ᠵᠤᠬᠢᠬᠤ ᠬᠤᠭᠤᠴᠠᠭ᠎ᠠ ᠪᠡᠷ《ᠴᠠᠯᠢᠩ ᠲᠠᠢ ᠪᠡᠷ ᠠᠮᠠᠷᠠᠭᠤᠯᠵᠤ》᠂ ᠵᠢᠯ ᠪᠦᠷᠢ 490 ᠲᠦᠮᠡ ᠭᠠᠷᠤᠶ ᠮᠠᠯᠴᠢᠨ ᠲᠠᠷᠢᠶᠠᠴᠢᠨ ᠳ᠋ᠤ ᠠᠰᠢᠭ ᠭᠥᠷᠳᠡᠬᠡᠵᠤ ᠪᠠᠢᠨ᠎ᠠ᠃
ᠮᠠᠨ ᠤ᠋ ᠤᠷᠤᠨ13 ᠳ᠋ᠦᠩᠱᠢᠭᠤᠷ ᠭᠠᠷᠤᠶ ᠮᠥ᠍ ᠨᠤᠲᠤᠭ ᠪᠡᠯᠴᠢᠭᠡᠷ ᠲᠡᠶ ᠪᠠᠢᠵᠤ ᠂ ᠪᠥᠬᠥ᠌ ᠤᠯᠤᠰ ᠤ᠋ᠨ 22% ᠢ᠋ ᠡᠵᠡᠯᠡᠳᠡᠭ ᠃ ᠨᠤᠳᠤᠭ ᠪᠡᠯᠴᠢᠬᠡᠷ ᠤ᠋ᠨ ᠠᠮᠢ ᠠᠬᠤᠶ ᠵᠢ ᠰᠠᠢᠲᠤᠷ ᠬᠠᠮᠠᠭᠠᠯᠠᠬᠤ ᠪᠣᠯ ᠦᠪᠤᠷ ᠮᠤᠩᠭᠤᠯᠴᠤᠳ ᠤ᠋ᠨ ᠵᠠᠢᠯᠠᠭᠤᠯᠵᠤ ᠪᠣᠯᠤᠰᠢ ᠥᠬᠡᠶ ᠬᠠᠷᠢᠭᠤᠴᠠᠯᠭ᠎ᠠ ᠮᠥᠨ ᠃ ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢᠬᠢ ᠠᠷᠪᠠᠨ ᠵᠢᠯ ᠤ᠋ᠨ ᠲᠤᠷᠰᠢ ᠂ ᠮᠠᠨ ᠤ᠋ ᠤᠷᠤᠨ ᠤ᠋ ᠨᠤᠳᠤᠭ ᠪᠡᠯᠴᠢᠬᠡᠷ ᠤ᠋ᠨ ᠤᠷᠭᠤᠮᠠᠯ ᠤ᠋ᠨ ᠬᠤᠴᠢᠯᠭ᠎ᠠ 40.3% ᠪᠠᠢᠭᠰᠠᠨ ᠡᠴᠡ ᠪᠠᠨ 45% ᠪᠤᠯᠵᠤ ᠂ ᠵᠠᠭᠤᠨ ᠤ᠋ ᠬᠠᠷᠢᠴᠠᠯ ᠵᠢᠡᠷ 4.7 ᠬᠤᠪᠢ ᠲᠠᠬᠡᠭᠰᠢᠯᠡᠵᠤ ᠂ ᠤᠯᠤᠰ ᠣᠷᠣᠨ ᠳ᠋ᠠᠭᠠᠨ ᠤᠷᠤᠯᠠᠭᠤᠯᠵᠤ ᠪᠤᠯᠤᠰᠢ ᠦᠬᠡᠢ ᠬᠤᠪᠢ ᠨᠡᠮᠡᠷᠢ ᠦᠵᠡᠬᠦᠯᠦᠭᠰᠡᠨ ᠪᠢᠯᠡ ᠃
1200 ᠲᠦᠮᠡᠨ ᠮᠦ᠍ — ᠵᠢᠯ ᠤ᠋ᠨ ᠡᠯᠡᠰᠦᠷᠭᠡᠭᠵᠢᠯ ᠢ᠋ ᠰᠡᠷᠭᠡᠢᠯᠡᠨ ᠡᠯᠡᠰᠤ ᠵᠢ ᠵᠠᠰᠠᠭᠰᠠᠨ ᠲᠠᠯᠠᠪᠠᠢ
2.2 ᠬᠤᠪᠢ — ᠤᠢ ᠰᠢᠭᠤᠢ ᠵᠢᠨ ᠪᠦᠷᠬᠦᠴᠡ ᠵᠢᠨ ᠨᠤᠷᠮ᠎ᠠ ᠵᠢᠨ ᠲᠠᠬᠡᠭᠰᠢᠯᠡᠯᠳᠡ
ᠬᠤᠷᠴᠢᠨ ᠤ᠋ ᠡᠯᠡᠰᠥᠷᠭᠡᠭ ᠭᠠᠵᠠᠷ ᠤ᠋ᠨ ᠭᠤᠷᠪᠠᠨ ᠳᠤᠮᠤ ᠡᠯᠡᠰᠥᠨ ᠪᠥᠰᠡ ᠵᠢᠨ ᠨᠢᠭᠡ ᠪᠤᠯᠬᠤ ᠵᠢᠯᠳᠥ ᠵᠢᠨ ᠴᠠᠭᠠᠨ ᠵᠢᠨᠷ ᠭᠤᠤᠯ ᠪᠤᠯᠭᠠᠬᠰᠠᠨ《ᠬᠤᠤᠰ ᠮᠢᠩᠭᠠᠨ ᠲᠥᠮᠡᠨᠮᠸ᠋》ᠵᠢᠨ ᠶᠡᠷᠥᠩᠬᠡᠢᠯᠡᠨ ᠵᠠᠰᠠᠬᠤ ᠢᠨᠵᠧᠨᠧᠷᠢᠩ ᠤ᠋ᠨ ᠨᠤᠭᠤᠰᠤᠳᠠᠢ ᠪᠠᠯᠭᠠᠰᠤ ᠡᠴᠡ ᠠᠭᠤᠯᠠ ᠪᠠᠯᠭᠠᠰᠤ ᠬᠥᠷᠬᠥ ᠲᠥᠪᠯᠡᠷᠡᠭᠥᠯᠥᠨ ᠵᠠᠰᠠᠬᠤ ᠲᠥᠷᠥᠯ ᠵᠥᠢᠯ ᠤ᠋ᠨ ᠬᠡᠰᠡᠭ ᠳᠡᠬᠢ ᠱᠥᠢᠨᠢ ᠵᠠᠮ ᠤ᠋ᠨ ᠬᠤᠶᠠᠷ ᠬᠠᠵᠠᠭᠤ ᠪᠡᠷ ᠬᠠᠢᠯᠠᠷ ᠨᠠᠷᠠᠰᠤ ᠂ ᠤᠳᠠ ᠤᠯᠢᠶᠠᠰᠤ ᠪᠠ ᠬᠠᠢᠯᠠᠰᠤᠨ ᠮᠤᠳᠤ ᠬᠥᠭᠡᠷᠡᠬᠡᠳ ᠪᠢᠳᠡᠬᠦᠤ ᠤᠢ ᠬᠡᠮᠡᠷ ᠰᠠᠨᠠᠭᠳᠠᠨ᠎ᠠ ᠃
《ᠤᠤᠯ ᠨᠢ ᠡᠨᠳᠡ ᠪᠦᠷ ᠡᠵᠡᠭᠥᠢ ᠨᠢᠴᠥᠭᠥᠨ ᠮᠠᠩᠬ᠎ᠠ ᠪᠠᠢᠬᠰᠠᠨ ᠂ ᠰᠠᠯᠬᠢ ᠰᠠᠯᠬᠢᠯᠠᠪᠠᠯ ᠡᠯᠡᠰᠥ ᠰᠢᠭᠤᠷᠤᠭᠠᠳ ᠨᠢᠳᠤ ᠨᠡᠭᠡᠭᠡᠬᠦ ᠵᠢᠨ ᠠᠷᠭ᠎ᠠ ᠥᠭᠡᠢ ᠪᠤᠯᠴᠢᠬᠠᠳᠠᠭ ᠂ ᠤᠳᠤ ᠬᠠᠷᠢᠨ ᠥᠵᠡᠮᠵᠢ ᠵᠢᠨ ᠤᠷᠤᠨ ᠪᠤᠯᠴᠢᠬᠠᠯ᠎ᠠ》ᠭᠡᠵᠤ ᠬᠤᠷᠴᠢᠨ ᠵᠡᠭᠥᠨ ᠭᠠᠷᠤᠨ ᠬᠤᠢᠳᠤ ᠬᠤᠰᠢᠭᠤᠨ ᠤ᠋ ᠤᠢ ᠰᠢᠭᠤᠢ ᠵᠢᠨ ᠠᠵᠢᠯᠯᠠᠬᠤ ᠥᠷᠳᠡᠭᠡ ᠵᠢᠨ ᠳᠠᠷᠤᠭ᠎ᠠ ᠴᠤᠬᠳᠤ ᠶᠠᠷᠢᠨ᠎ᠠ ᠃ ᠴᠤᠭᠲᠤ ᠭᠤᠸᠠᠢ ᠲᠤᠬᠠᠢ ᠵᠢᠨ ᠦᠶ᠎ᠡ ᠳ᠋ᠤ ᠨᠤᠲᠤᠭ ᠤ᠋ᠨ ᠤᠯᠠᠨ ᠲᠥᠮᠡᠨ ᠲᠠᠢ ᠪᠠᠨ ᠬᠠᠮᠳᠤ 7000 ᠮᠸ᠋ ᠤᠯᠢᠶᠠᠰᠤ ᠲᠠᠷᠢᠭᠰᠠᠨ ᠪᠦᠭᠡᠳ ᠵᠢᠯ ᠵᠢᠯ ᠦᠷᠭᠡᠳᠭᠡᠵᠤ ᠂ ᠠᠵᠢᠯ ᠤ᠋ᠨ ᠲᠤᠷᠰᠢᠯᠭ᠎ᠠ ᠪᠠᠨ ᠳ᠋ᠥᠩᠨᠡᠵᠤ ᠂ ᠤᠳᠤ ᠪᠤᠯᠬᠤ ᠳ᠋ᠤ ᠨᠢᠭᠡᠨᠳᠡ ᠲᠤᠰᠬᠠᠢ ᠥᠢᠵᠢᠭᠤᠯᠤᠯᠲᠠ ᠵᠢᠨ ᠡᠩᠨᠡᠭᠡ ᠲᠠᠢ ᠪᠤᠯᠵᠤ ᠂ ᠥᠢᠵᠢᠭᠤᠯᠤᠯᠲᠠ ᠨᠢ ᠨᠡᠩ ᠰᠢᠨᠵᠢᠯᠡᠬᠥ ᠤᠬᠠᠭᠠᠨᠴᠢ ᠪᠤᠯᠵᠠᠢ ᠃
ᠲᠦᠩᠯᠢᠶᠣᠤ ᠬᠣᠲᠠ 2014 ᠣᠨ ᠳ᠋ᠤ ᠬᠣᠷᠴᠢᠨ ᠤ᠋ ᠡᠯᠡᠰᠦᠷᠬᠡᠭ ᠭᠠᠵᠠᠷ ᠤ᠋ᠨ《ᠬᠣᠣᠰ ᠮᠢᠩᠭᠠᠨ ᠲᠦᠮᠡᠨ ᠮᠥ᠍》 ᠵᠢᠨ ᠶᠡᠷᠦᠩᠬᠡᠢᠯᠡᠨ ᠵᠠᠰᠠᠬᠤ ᠢᠨᠵᠧᠨᠧᠷᠢᠩ ᠢ᠋ ᠡᠬᠢᠯᠡᠬᠦᠯᠵᠤ ᠂ ᠡᠯᠡᠰᠦᠷᠬᠡᠭ᠌ᠵᠢᠯ ᠵᠢᠡᠷ ᠨᠡᠯᠢᠶᠡᠳ ᠬᠦᠨᠳᠦ ᠨᠤᠴᠢᠳᠠᠢ ᠵᠢᠷᠭᠤᠭᠠᠨ ᠶᠡᠬᠡ ᠣᠷᠣᠨ ᠪᠦᠰᠡ ᠵᠢᠨ ᠶᠡᠷᠦᠩᠬᠡᠢ ᠵᠠᠰᠠᠯᠲᠠ ᠂ ᠬᠣᠲᠠ ᠪᠠᠯᠭᠠᠰᠤ ᠭᠠᠴᠠᠭ᠎ᠠ ᠲᠣᠰᠭᠣᠨ ᠤ᠋ ᠡᠷᠬᠢᠨ ᠲᠣᠭᠣᠷᠢᠨ ᠤ᠋ ᠬᠠᠯᠬᠠᠪᠴᠢ ᠣᠶ ᠂ ᠠᠮᠢ ᠠᠬᠤᠶ ᠵᠢᠨ ᠬᠣᠩᠭᠢᠯ ᠂ 《ᠵᠠᠭᠤᠨ ᠲᠦᠮᠡᠨ ᠮᠥ᠍》 ᠶ᠋ᠢᠨ ᠠᠵᠤ ᠠᠬᠤᠶ ᠵᠢᠨ ᠣᠶ ᠵᠢᠨ ᠰᠠᠭᠤᠷᠢᠨ ᠂ ᠲᠠᠷᠢᠶᠠᠯᠠᠬᠤ ᠶ᠋ᠢ ᠵᠣᠭ᠍ᠰᠣᠭᠠᠨ ᠮᠤᠳᠤ ᠲᠠᠷᠢᠵᠤ ᠤᠢᠵᠢᠭᠤᠯᠬᠤ ᠲᠠᠪᠤᠨ ᠶᠡᠬᠡ ᠣᠶ ᠱᠢᠭᠤᠶ ᠵᠢᠨ ᠠᠮᠢ ᠠᠬᠤᠶ ᠵᠢᠨ ᠪᠥᠲᠥᠭᠡᠨ ᠪᠠᠢᠭᠤᠯᠤᠯᠲᠠ ᠵᠢᠨ ᠢᠨᠵᠧᠨᠧᠷᠢᠩ ᠢ᠋ ᠭᠣᠸ᠋ᠯᠳᠠᠯᠭᠠ ᠲᠠᠶ ᠬᠡᠷᠡᠭ᠌ᠵᠢᠭᠦᠯᠪᠡ ᠃ ᠲᠠᠬᠡᠬᠡᠳ ᠬᠣᠷᠴᠢᠨ ᠵᠡᠭᠦᠨ ᠭᠠᠷᠤᠨ ᠬᠣᠢᠲᠤ ᠬᠣᠱᠢᠭᠤ ᠂ ᠨᠠᠶ᠋ᠮᠠᠨ ᠬᠣᠱᠢᠭᠤ ᠂ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ ᠤ᠋ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠤ ᠵᠢ ᠵᠠᠰᠠᠬᠤ ᠭᠣᠸ᠋ᠯᠳᠠᠯᠭᠠ ᠲᠠᠶ ᠣᠷᠣᠨ ᠪᠦᠰᠡ ᠵᠢᠨ ᠲᠣᠭᠣᠷᠢᠨ ᠳ᠋ᠤ ᠂ ᠭᠤᠷᠪᠠᠨ ᠵᠠᠭᠤᠨ ᠲᠦᠮᠡᠨ ᠮᠥ᠍ ᠵᠢᠨ ᠬᠥᠮᠦᠨ ᠤ᠋ ᠬᠦᠴᠦ᠍ ᠪᠡᠷ ᠤᠢᠵᠢᠭᠤᠯᠵᠤ ᠬᠠᠮᠠᠭᠠᠯᠠᠬᠤ ᠣᠶ ᠰᠢᠭᠤᠢ ᠵᠢᠨ ᠰᠠᠭᠤᠷᠢᠨ ᠢ᠋ ᠲᠥᠪᠯᠡᠷᠡᠭᠦᠯᠦᠨ ᠪᠠᠢᠭᠤᠯᠤᠭᠰᠠᠨ ᠠᠵᠢ ᠃
ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢᠬᠢ ᠠᠷᠪᠠᠨ ᠵᠢᠯ ᠤ᠋ᠨ ᠲᠤᠷᠰᠢ ᠂ ᠮᠠᠨ ᠤ᠋ ᠤᠷᠤᠨ ᠨᠡᠢᠲᠡ 1.22 ᠳ᠋ᠦᠩᠱᠢᠭᠤᠷ ᠮᠥ᠍ ᠭᠠᠵᠠᠷ ᠢ᠋ ᠣᠢᠵᠢᠭᠤᠯᠤᠨ 2.86 ᠳ᠋ᠦᠩᠱᠢᠭᠤᠷ ᠮᠥ᠍ ᠡᠪᠡᠰᠦ ᠳᠠᠷᠢᠵᠤ ᠂ ᠵᠢᠯ ᠳᠤᠮᠳᠠᠴᠢ ᠵᠢᠨ ᠡᠯᠡᠰᠦᠷᠭᠡᠭᠵᠢᠯ ᠢ᠋ ᠰᠡᠷᠭᠡᠢᠯᠡᠨ ᠡᠯᠡᠰᠤ ᠵᠢ ᠵᠠᠰᠠᠭᠰᠠᠨ ᠲᠠᠯᠠᠪᠠᠢ 1200 ᠲᠦᠮᠡᠨ ᠮᠦ᠍ ᠵᠢ ᠲᠠᠪᠠᠵᠤ ᠂ ᠬᠡᠪᠴᠢᠶ᠎ᠡ ᠪᠡᠷ ᠴᠥᠮ ᠪᠥᠬᠥ᠌ ᠤᠯᠤᠰ ᠲᠦ᠍ ᠲᠦᠷᠦᠬᠦᠯᠡᠪᠡ ; ᠪᠥᠬᠥ᠌ ᠣᠷᠣᠨ ᠤ᠋ ᠣᠶ ᠱᠢᠭᠤᠶ ᠵᠢᠨ ᠪᠦᠷᠬᠦᠴᠡ ᠵᠢᠨ ᠨᠣᠷᠮ᠎ᠠ 20.8% ᠪᠠᠢᠭᠰᠠᠨ ᠡᠴᠡ ᠲᠠᠬᠡᠭᠰᠢᠯᠡᠬᠡᠳ 23% ᠪᠤᠯᠵᠤ ᠂ ᠵᠠᠭᠤᠨ ᠤ᠋ ᠬᠠᠷᠢᠴᠠᠯ ᠵᠢᠡᠷ 2.2 ᠬᠤᠪᠢ ᠲᠠᠬᠡᠭᠰᠢᠯᠡᠪᠡ ; ᠡᠯᠡᠰᠦᠨ ᠰᠢᠭᠤᠷᠭ᠎ᠠ ᠲᠠᠢ ᠡᠳᠦᠷ ᠤ᠋ᠨ ᠲᠤᠭ᠎ᠠ ᠵᠢᠯ ᠪᠦᠷᠢ ᠵᠢᠨ 4.9 ᠡᠳᠦᠷ ᠪᠠᠢᠬᠰᠠᠨ ᠡᠴᠡ 0.6 ᠡᠳᠦᠷ ᠪᠤᠯᠵᠤ ᠴᠦᠬᠡᠷᠡᠭᠰᠡᠨ ᠪᠠᠢᠨ᠎ᠠ ᠃
ᠥᠨᠥᠳᠦᠷ ᠪᠤᠯᠬᠤ ᠳ᠋ᠤ ᠂ ᠮᠠᠨ ᠤ᠋ ᠤᠷᠤᠨ ᠡᠬᠡ ᠤᠯᠤᠰ ᠤ᠋ᠨ ᠵᠢᠡᠨ ᠤᠮᠠᠷᠠᠲᠤ ᠵᠢᠨ ᠭᠠᠵᠠᠷ ᠣᠷᠣᠨ ᠳ᠋ᠤ ᠰᠠᠯᠬᠢ ᠡᠯᠡᠰᠦᠨ ᠤ᠋ 《ᠬᠠᠮᠠᠭᠠᠯᠠᠯᠲᠠ ᠵᠢᠨ ᠬᠤᠪᠴᠠᠰᠤ》 ᠨᠥᠮᠥᠷᠦᠭᠦᠯᠦᠭ᠌ᠰᠡᠨ ᠵᠢᠡᠷ ᠪᠠᠷᠠᠬᠤ ᠦᠭᠡᠢ ᠪᠦᠬᠦ᠌ ᠤᠯᠤᠰ ᠤ᠋ᠨ ᠠᠷᠠᠳ ᠲᠦᠮᠡᠨ ᠳ᠋ᠤ ᠲᠡᠰ ᠡᠴᠠ ᠳᠠᠪᠠᠭ᠍ᠰᠠᠨ《ᠨᠡᠭᠦᠷᠡᠰᠦᠲᠥ᠋ᠷᠥᠭ᠌ᠴᠢ ᠵᠢᠨ ᠬᠥᠮᠥᠷᠭᠡ》 ᠪᠣᠯᠤᠨ ᠠᠷᠢᠭᠤᠨ ᠴᠡᠪᠡᠷ 《ᠬᠦᠴᠢᠯᠲᠥ᠋ᠷᠥᠭ᠌ᠴᠢ ᠵᠢᠨ ᠪᠠᠭᠠᠷ》 ᠢ᠋ ᠪᠠᠢᠭᠤᠯᠤᠨ ᠦᠭᠴᠦ ᠂ ᠪᠡᠭᠡᠵᠢᠩ ᠲᠢᠶᠠᠨᠵᠢᠨ ᠤ᠋ ᠡᠷᠬᠢᠨ ᠲᠤᠭᠤᠷᠢᠨ ᠤ᠋ 《ᠰᠠᠯᠬᠢ ᠡᠯᠡᠰᠦᠨ ᠤ᠋ ᠡᠬᠢ》 ᠪᠠᠢᠭᠰᠠᠨ ᠡᠴᠡ ᠪᠠᠨ ᠨᠡᠢᠰᠯᠡᠯ ᠤ᠋ᠨ 《ᠠᠷᠤ ᠵᠢᠨ ᠴᠡᠴᠡᠷᠯᠢᠭ》ᠪᠤᠯᠵᠤ ᠬᠤᠪᠢᠷᠠᠪᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃