2022-09-18 20:08:50
— ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢᠬᠢ ᠦᠪᠦᠷ ᠮᠤᠨᠭᠭᠤᠯ ᠤ᠋ᠨ ᠰᠤᠶᠤᠯ ᠤ᠋ᠨ ᠦᠢᠯᠡᠰ ᠤ᠋ᠨ ᠬᠦᠭᠵᠢᠯᠳᠡ ᠵᠢᠨ ᠲᠤᠬᠠᠢ ᠬᠦᠤᠷᠨᠢᠯ
ᠤᠳᠤᠬᠠᠨ ᠪᠤᠯᠳᠠᠯ᠎ᠠ ᠲᠤᠮᠳᠠᠳᠤ ᠤᠯᠤᠰ·ᠦᠪᠤᠷ ᠮᠤᠩᠭᠤᠯ ᠤ᠋ᠨ ᠲᠠᠯ᠎ᠠ ᠨᠤᠳᠤᠭ ᠤ᠋ᠨ ᠰᠤᠶᠤᠯ ᠤ᠋ᠨ ᠨᠠᠢᠷ ᠨᠢᠬᠡᠨᠳᠡ 19 ᠬᠤᠭᠤᠴᠠᠭ᠎ᠠ ᠶᠠᠪᠤᠭᠳᠠᠵᠤ ᠂ ᠨᠠᠷᠠ ᠨᠢᠳᠡᠷ ᠲᠠᠬᠡᠨ ᠨᠡᠢᠴᠡᠭᠰᠡᠨ 《ᠤᠷᠠᠯᠢᠭ ᠤ᠋ᠨ ᠦᠪᠡᠳᠡᠭ᠌ᠰᠢ ᠴᠤᠭ᠍ᠯᠠᠭᠠᠨ ᠠᠷᠠᠳ ᠲᠦᠮᠡᠨ ᠤ᠋ ᠨᠢᠵᠢᠬᠢᠷ ᠪᠠᠶᠠᠷ》ᠪᠤᠯᠪᠠ; ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠤᠯᠠᠭᠠᠨᠮᠥ᠋ᠴᠢᠷ ᠤ᠋ᠨ ᠤᠷᠠᠯᠢᠭ ᠤ᠋ᠨ ᠨᠠᠢᠷ ᠨᠢᠬᠡᠨᠳᠡ 9 ᠬᠤᠭᠤᠴᠠᠭ᠎ᠠ ᠶᠠᠪᠤᠭᠳᠠᠵᠤ ᠂ ᠨᠡᠢᠭᠡᠮ ᠵᠢᠷᠤᠮ ᠤ᠋ᠨ ᠰᠣᠶᠣᠯ ᠤ᠋ᠨ ᠬᠥᠭ᠌ᠵᠢᠯ ᠴᠡᠴᠡᠭ᠌ᠯᠡᠯ ᠢ᠋ ᠠᠬᠢᠭᠤᠯᠬᠤ ᠂ ᠦᠨᠳᠦᠰᠦᠲᠡᠨ ᠨᠤᠭᠦᠳ ᠤ᠋ᠨ ᠬᠠᠮᠲᠤ ᠶ᠋ᠢᠨ ᠤᠶᠤᠨ ᠰᠠᠨᠠᠭᠠᠨ ᠤ᠋ ᠭᠡᠷ ᠣᠷᠣᠨ ᠤ᠋ ᠪᠠᠢᠭᠤᠯᠤᠯᠲᠠ ᠶ᠋ᠢ ᠠᠬᠢᠭᠤᠯᠬᠤ ᠳ᠋ᠤ ᠣᠷᠣᠯᠠᠭᠤᠯᠵᠤ ᠪᠣᠯᠤᠰᠢ ᠦᠭᠡᠢ ᠬᠤᠪᠢ ᠨᠡᠮᠡᠷᠢ ᠦᠵᠡᠭᠦᠯᠪᠠ; ᠬᠤᠩᠱᠠᠨ ᠰᠤᠶᠤᠯ ᠵᠢᠭᠤᠯᠴᠢᠯᠠᠯ ᠤ᠋ᠨ ᠨᠠᠢᠷ ᠂ ᠪᠤᠷᠤᠳᠤᠬᠤᠢ ᠰᠤᠶᠤᠯ ᠤᠷᠠᠯᠢᠭ ᠤ᠋ᠨ ᠨᠠᠢᠷ ᠵᠡᠷᠬᠡ ᠪᠠᠶᠠᠯᠢᠭ ᠠᠭᠤᠯᠭ᠎ᠠ ᠲᠠᠢ ᠤᠷᠤᠨ ᠨᠤᠳᠤᠭ ᠤ᠋ᠨ ᠰᠤᠶᠤᠯ ᠵᠢᠭᠤᠯᠴᠢᠯᠠᠯ ᠪᠤᠶᠤ ᠰᠤᠶᠤᠯ ᠤᠷᠠᠯᠢᠭ ᠤ᠋ᠨ ᠨᠠᠢᠷ ᠬᠤᠭᠤᠴᠠᠭ᠎ᠠ ᠲᠠᠷᠠᠭᠠᠯᠠᠨ ᠶᠠᠪᠤᠭᠳᠠᠵᠤ ᠂ ᠦᠪᠤᠷ ᠮᠤᠩᠭᠤᠯ ᠴᠢᠨᠠᠭᠰᠢᠯᠠᠪᠠᠯ ᠪᠦᠬᠦ ᠤᠯᠤᠰ ᠤ᠋ᠨ ᠤᠯᠠᠨ ᠲᠦᠮᠡᠨ ᠳ᠋ᠤ ᠰᠤᠶᠤᠯ ᠤ᠋ᠨ ᠲᠠᠩᠰᠤᠭ ᠲᠠᠢᠯᠠᠯᠭᠠ ᠵᠢ ᠡᠷᠬᠦᠨ ᠲᠠᠪᠰᠢᠬᠦᠯᠪᠠ ᠁
ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ ᠂ ᠮᠠᠨ ᠤ᠋ ᠤᠷᠤᠨ ᠳᠤᠮᠳᠠᠳᠤ ᠶ᠋ᠢᠨ ᠱᠢᠯᠢᠳᠡᠭ ᠤᠯᠠᠮᠵᠢᠯᠠᠯᠲᠤ ᠰᠣᠶᠣᠯ ᠢ᠋ ᠤᠯᠠᠮᠵᠢᠯᠠᠨ ᠪᠠᠳᠠᠷᠠᠭᠤᠯᠵᠤ ᠂ ᠤᠯᠠᠨ ᠨᠡᠢᠳᠡ ᠵᠢᠨ ᠰᠤᠶᠤᠯ ᠤ᠋ᠨ ᠦᠢᠯᠡᠴᠢᠯᠡᠬᠡ ᠵᠢ ᠪᠠᠷᠢᠮᠵᠢᠶᠠᠵᠢᠭᠤᠯᠬᠤ ᠂ ᠲᠠᠩᠴᠡᠬᠦᠷᠢᠰᠢᠬᠦᠯᠬᠦ ᠪᠡᠷ ᠭᠤᠤᠯᠳᠠᠯᠭ᠎ᠠ ᠪᠤᠯᠭᠠᠨ ᠂ ᠤᠯᠠᠨ ᠨᠡᠢᠳᠡ ᠵᠢᠨ ᠰᠤᠶᠤᠯ ᠤ᠋ᠨ ᠲᠦᠬᠦᠬᠡᠷᠦᠮᠵᠢ ᠵᠢᠨ ᠪᠦᠳᠦᠬᠡᠨ ᠪᠠᠢᠭᠤᠯᠤᠯᠳᠠ ᠵᠢ ᠴᠢᠩᠭᠠᠳᠬᠠᠵᠤ ᠂ ᠤᠯᠠᠨ ᠨᠡᠢᠳᠡ ᠵᠢᠨ ᠰᠤᠶᠤᠯ ᠤ᠋ᠨ ᠦᠢᠯᠡᠴᠢᠯᠡᠬᠡᠨ ᠤ᠋ ᠬᠠᠩᠭᠠᠯᠭ᠎ᠠ ᠪᠠ ᠲᠦᠪᠰᠢᠨ ᠢ᠋ ᠲᠠᠬᠡᠭᠰᠢᠯᠡᠬᠦᠯᠵᠤ ᠂ ᠦᠷᠭᠡᠨ ᠤᠯᠠᠨ ᠳ᠋ᠤ ᠤᠶᠤᠨ ᠤ᠋ ᠰᠢᠮ᠎ᠡ ᠬᠦᠷᠳᠡᠭᠡᠨ ᠰᠤᠶᠤᠯ ᠤ᠋ᠨ ᠠᠮᠢᠳᠤᠷᠠᠯ ᠢ᠋ ᠨᠢ ᠪᠠᠶᠠᠯᠢᠭᠵᠢᠭᠤᠯᠵᠦ ᠂ ᠤᠯᠠᠨ ᠲᠦᠮᠡᠨ ᠤ᠋ ᠰᠤᠶᠤᠯ ᠤ᠋ᠨ ᠬᠦᠷᠳᠡᠮᠵᠢ ᠵᠢᠨ ᠲᠦᠷᠦᠭᠳᠡᠯ ᠪᠠ ᠵᠢᠷᠭᠠᠯᠳᠤ ᠲᠦᠷᠦᠭᠳᠡᠯ ᠢ᠋ ᠲᠠᠰᠤᠷᠠᠯᠳᠠ ᠦᠬᠡᠢ ᠨᠡᠮᠡᠭᠳᠡᠬᠦᠯᠦᠭᠰᠡᠨ ᠪᠠᠢᠨ᠎ᠠ ᠃
7000 ᠭᠠᠷᠤᠢ ᠳᠠᠯᠠᠪᠠᠢ — ᠪᠦᠬᠦ ᠤᠷᠤᠨ ᠤ᠋ ᠤᠯᠠᠭᠠᠨᠮᠦ᠋ᠴᠢᠷ ᠤ᠋ᠨ ᠵᠢᠯ ᠪᠦᠷᠢ ᠵᠢᠨ ᠭᠠᠷᠭᠠᠭᠰᠠᠨ ᠤᠷᠠᠨ ᠰᠠᠢᠬᠠᠨ ᠤ᠋ ᠲᠤᠭᠯᠠᠯᠳᠠ
3000 ᠭᠠᠷᠤᠢ ᠤᠳᠠᠭ᠎ᠠ — ᠪᠦᠬᠦ ᠤᠷᠤᠨ ᠤ᠋ ᠤᠯᠠᠭᠠᠨᠮᠦ᠋ᠴᠢᠷ ᠤ᠋ᠨ ᠵᠢᠯ ᠪᠦᠷᠢ ᠵᠢᠨ ᠬᠢᠭᠰᠡᠨ ᠲᠦᠷᠦ ᠶ᠋ᠢᠨ ᠪᠤᠳᠤᠯᠭ᠎ᠠ ᠶ᠋ᠢᠨ ᠳᠠᠢᠯᠤᠮᠵᠢ
ᠬᠤᠩᠭᠤᠷ ᠰᠠᠯᠬᠢ ᠬᠠᠴᠠᠷ ᠢ᠋ ᠢᠯᠪᠢᠭᠰᠡᠨ ᠨᠠᠢ᠍ᠮᠠᠨ ᠰᠠᠷ᠎ᠠ ᠶ᠋ᠢᠨ ᠬᠦᠬᠡᠬᠤᠳᠠ ᠪᠠᠶᠠᠷ ᠤ᠋ᠨ ᠠᠭᠤᠷ ᠠᠮᠢᠰᠬᠤᠯ ᠵᠢᠡᠷ ᠪᠢᠯᠬᠠᠨ᠎ᠠ ᠃ 8 ᠰᠠᠷ᠎ᠠ ᠶ᠋ᠢᠨ 26 ᠤ᠋ ᠦᠳᠡ ᠵᠢᠨ ᠡᠮᠤᠨ᠎ᠠ ᠂ ᠠᠷᠪᠠ ᠶᠢᠰᠦᠳᠦᠭᠡᠷ ᠬᠤᠭᠤᠴᠠᠭᠠᠨ ᠤ᠋ ᠲᠤᠮᠳᠠᠳᠤ ᠤᠯᠤᠰ·ᠦᠪᠤᠷ ᠮᠤᠩᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠲᠤᠰᠬᠠᠢ ᠳᠠᠯᠠᠪᠠᠢ ᠦᠳᠡᠰᠢᠯᠡᠭᠡ ᠭᠠᠷᠭᠠᠬᠤ ᠪᠡᠷ ᠬᠦᠷᠤᠯᠴᠡᠨ ᠢᠷᠡᠭᠰᠡᠨ ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠬᠢᠨ ᠰᠤᠷᠢᠯᠳᠠ ᠲᠤᠭᠯᠠᠯᠳᠠ ᠪᠠᠨ ᠬᠢᠵᠦ ᠶᠠᠭᠠᠷᠠᠯᠳᠤᠨ᠎ᠠ ᠃ ᠪᠦᠯᠬᠦᠮ ᠤ᠋ᠨ ᠳᠠᠷᠤᠭ᠎ᠠ ᠳᠠᠯᠠᠨᠳᠠᠢ ᠨᠢᠭᠡ ᠳᠠᠯ᠎ᠠ ᠪᠡᠷ ᠲᠤᠭᠯᠠᠯᠳᠠ ᠶ᠋ᠢᠨ ᠡᠯ᠎ᠡ ᠵᠤᠢᠯ ᠤ᠋ᠨ ᠠᠵᠢᠯ ᠢ᠋ ᠵᠤᠬᠢᠴᠠᠭᠤᠯᠵᠦ ᠂ ᠨᠦᠬᠦᠬᠡ ᠳᠠᠯ᠎ᠠ ᠪᠡᠷ ᠦᠪᠡᠷ ᠤ᠋ᠨ ᠵᠤᠬᠢᠶᠠᠨ ᠪᠦᠳᠦᠭᠡᠭᠰᠡᠨ ᠬᠤᠱᠤᠩ ᠱᠤᠭ ᠵᠢᠡᠨ ᠲᠤᠭᠯᠠᠵᠦ ᠪᠤᠯᠪᠠᠰᠤᠷᠠᠨ᠎ᠠ ᠃
ᠠᠵᠢᠯ ᠳ᠋ᠤᠨᠢ ᠰᠠᠭᠠᠳ ᠪᠤᠯᠬᠤ ᠡᠴᠡ ᠬᠢᠴᠢᠶᠡᠵᠦ ᠦᠳᠡ ᠶ᠋ᠢᠨ ᠬᠤᠢᠨ᠎ᠠ ᠨᠢ ᠤᠳᠠᠰᠤ ᠪᠡᠷ ᠶᠠᠷᠢᠯᠴᠠᠪᠠ ᠃ ᠨᠤᠲᠤᠭ ᠤ᠋ᠨ ᠬᠦᠮᠦᠨ ᠤ᠋ ᠵᠤᠴᠢᠨᠰᠠᠭ ᠵᠠᠩ ᠂ ᠬᠠᠯᠠᠭᠤᠮᠰᠤᠭ ᠦᠬᠡ ᠶᠠᠷᠢᠶ᠎ᠠ ᠲᠠᠢ ᠳᠠᠯᠠᠨᠳᠠᠢ ᠄《ᠪᠢᠳᠡ ᠰᠠᠶᠢᠬᠠᠨ ᠶᠠᠪᠤᠭᠳᠠᠭᠰᠠᠨ ᠶᠢᠰᠦᠳᠦᠭᠡᠷ ᠬᠤᠭᠤᠴᠠᠭᠠᠨ ᠤ᠋ ᠦᠪᠡᠷᠳᠡᠭᠡᠨ ᠵᠠᠰᠠᠬᠤ ᠤᠷᠤᠨ ᠤ᠋ ᠤᠯᠠᠭᠠᠨᠮᠦ᠋ᠴᠢᠷ ᠤ᠋ᠨ ᠨᠠᠢᠷ ᠲᠦ᠍ ᠠᠯᠳᠠᠨ ᠱᠠᠩᠨᠠᠯ ᠲᠤᠰᠴᠠᠢ ᠃ ᠡᠨᠡ ᠤᠳᠠᠭ᠎ᠠ ᠶ᠋ᠢᠨ ᠠᠯᠳᠠᠨ ᠱᠠᠩᠨᠠᠯ ᠢ᠋ ᠭᠠᠷᠭᠠᠪᠠᠯ ᠤᠢᠷ᠎ᠠ ᠵᠢᠨ 10 ᠵᠢᠯ ᠳ᠋ᠤ ᠬᠤᠶᠠᠷ ᠠᠯᠳᠠᠨ ᠱᠠᠩᠨᠠᠯ ᠂ ᠨᠢᠭᠡ ᠮᠦᠩᠬᠦᠨ ᠱᠠᠩᠨᠠᠯ ᠲᠤᠰᠤᠭᠰᠠᠨ ᠰᠢᠤ 》 ᠭᠡᠵᠤ ᠵᠤᠭᠤᠭᠢᠶᠡᠨ ᠦᠷᠬᠦᠯᠵᠢᠯᠡᠭᠦᠯᠦᠯᠡ ᠃ 《ᠡᠳᠡᠭᠡᠷ ᠠᠮᠵᠢᠯᠳᠠ ᠶᠢ ᠤᠯᠤᠭᠰᠠᠨ ᠨᠢ ᠡᠯ᠎ᠠ ᠱᠠᠳᠤᠨ ᠤ᠋ ᠳᠡᠮᠵᠢᠯᠭᠡ ᠡᠴᠡ ᠰᠠᠯᠵᠦ ᠴᠢᠳᠠᠬᠤ ᠦᠬᠡᠢ ᠶᠤᠮ ᠃ 10 ᠵᠢᠯ ᠤ᠋ᠨ ᠡᠮᠦᠨ᠎ᠡ ᠪᠢᠳᠡ ᠴᠢᠨᠢ ᠦᠪᠡᠷ ᠤ᠋ᠨ ᠬᠡᠬᠦ ᠠᠯᠪᠠᠨ ᠤ᠋ ᠠᠰᠠᠷ ᠂ ᠦᠪᠡᠷ ᠤ᠋ᠨ ᠬᠡᠬᠦ ᠲᠡᠷᠭᠡ ᠤᠨᠤᠭ᠎ᠠ ᠪᠦᠷ ᠪᠠᠢᠭᠰᠠᠨ ᠦᠬᠡᠢ ᠃ ᠲᠡᠷᠡ ᠦᠶ᠎ᠡ ᠶ᠋ᠢᠨ ᠲᠤᠨᠤᠭ ᠲᠦᠬᠦᠭᠡᠷᠦᠮᠵᠢ ᠴᠦ᠍ ᠠᠨᠠᠢ ᠂ ᠳᠠᠢᠰᠠᠨ ᠤ᠋ ᠬᠦᠰᠢᠭᠡ ᠪᠠᠨ ᠬᠦᠷᠳᠡᠯ᠎ᠡ ᠭᠠᠷ ᠵᠢᠡᠷ ᠵᠢᠡᠨ ᠡᠷᠬᠢᠬᠦᠯᠳᠡᠭ ᠪᠠᠢᠭᠰᠠᠨ 》 ᠬᠡᠵᠤ ᠶᠠᠷᠢᠨ᠎ᠠ ᠃ ᠲᠡᠬᠦᠨ ᠤ᠋ ᠬᠡᠯᠡᠬᠦ ᠪᠡᠷ ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢᠬᠢ 10 ᠵᠢᠯ ᠳ᠋ᠤ ᠡᠯ᠎ᠠ ᠱᠠᠳᠤᠨ ᠤ᠋ ᠤᠯᠠᠭᠠᠨᠮᠦ᠋ᠴᠢᠷ ᠲᠦ᠍ ᠴᠦᠮ ᠲᠡᠭᠷᠢ ᠭᠠᠵᠠᠷ ᠢ᠋ ᠲᠤᠩᠰᠤᠯᠭᠠᠮ᠎ᠠ ᠬᠤᠪᠢᠷᠠᠯᠳᠠ ᠭᠠᠷᠴᠠᠢ ᠃ ᠤᠳᠤ ᠲᠡᠳᠡᠨ ᠤ᠋ ᠤᠯᠠᠭᠠᠨᠮᠦ᠋ᠴᠢᠷ ᠲᠦ᠍ ᠠᠶᠠᠨᠴᠢᠨ ᠤ᠋ ᠲᠤᠮᠤ ᠮᠠᠰᠢᠨ ᠂ ᠲᠤᠭᠯᠠᠯᠳᠠ ᠭᠠᠷᠭᠠᠳᠠᠭ ᠳᠠᠢᠰᠠᠨ ᠤ᠋ ᠮᠠᠰᠢᠨ ᠂ ᠲᠤᠮᠳᠠ ᠬᠡᠯᠪᠡᠷᠢ ᠶ᠋ᠢᠨ ᠠᠶᠠᠨᠴᠢᠨ ᠤ᠋ ᠮᠠᠰᠢᠨ ᠲᠠᠢ ᠪᠤᠯᠵᠤ ᠂ ᠦᠪᠡᠷᠳᠡᠭᠡᠨ ᠵᠠᠰᠠᠬᠤ ᠤᠷᠤᠨ ᠪᠤᠯᠤᠨ ᠡᠵᠡᠨ᠎ᠡ ᠬᠤᠰᠢᠭᠤ ᠡᠴᠡ ᠪᠠᠰᠠ ᠪᠡᠯᠡ ᠮᠦᠩᠬᠦ ᠭᠠᠷᠭᠠᠵᠦ ᠪᠠᠢᠭᠠᠳ 500 ᠲᠡᠭᠰᠢ ᠲᠦᠷᠪᠡᠯᠵᠢᠨ ᠮᠧᠲ᠋ᠷ ᠤ᠋ᠨ ᠪᠤᠯᠪᠠᠰᠤᠷᠠᠯ ᠤ᠋ᠨ ᠲᠢᠩᠬᠢᠮ ᠪᠤᠯᠤᠨ 2055 ᠲᠡᠭᠰᠢ ᠲᠦᠷᠪᠡᠯᠵᠢᠨ ᠮᠧᠲ᠋ᠷ ᠤ᠋ᠨ 3 ᠳᠠᠪᠬᠤᠷ ᠠᠯᠪᠠᠯᠠᠬᠤ ᠠᠰᠠᠷ ᠪᠠᠢᠭᠤᠯᠵᠦ ᠦᠭᠬᠦᠭᠰᠡᠨ ᠠᠵᠢ ᠃
ᠤᠷᠤᠢ ᠨᠢ ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠲᠤᠰᠬᠠᠢ ᠲᠠᠯᠠᠪᠠᠢ ᠦᠳᠡᠰᠢᠯᠡᠬᠡ ᠨᠢᠵᠢᠬᠢᠷ ᠰᠠᠢᠬᠠᠨ ᠶᠠᠪᠤᠭᠳᠠᠪᠠ ᠃ ᠭᠤᠴᠤᠯᠠᠯ ᠳᠠᠭᠤᠤ ᠂ ᠬᠤᠤᠰᠯᠠᠯ ᠳᠠᠭᠤᠤ ᠂ ᠲᠦᠷᠪᠡᠯᠡᠯ ᠳᠠᠭᠤᠤ ᠂ ᠪᠦᠵᠢᠭ ᠂ ᠬᠦᠭᠵᠢᠮ ᠤ᠋ᠨ ᠨᠠᠢᠷᠠᠯ ᠂ ᠡᠯᠧᠺᠲ᠋ᠷᠤᠨ ᠬᠦᠭᠵᠢᠮ ᠤ᠋ᠨ ᠪᠦᠯᠬᠦᠮ ᠤ᠋ᠨ ᠲᠤᠭᠯᠠᠯᠳᠠ ᠂ ᠬᠤᠱᠤᠩ ᠱᠤᠭ ᠂ ᠨᠠᠢᠷᠠᠯ ᠳᠠᠭᠤᠤ ᠂ ᠳᠠᠭᠤᠤ ᠪᠦᠵᠢᠭ ᠵᠡᠷᠭᠡ ᠤᠯᠠᠨ ᠬᠡᠯᠪᠡᠷᠢ ᠶ᠋ᠢᠨ ᠲᠤᠭᠯᠠᠯᠳᠠ ᠨᠢ ᠲᠤᠮᠳᠠᠳᠦ ᠶ᠋ᠢᠨ ᠦᠨᠳᠦᠰᠦᠳᠡᠨ ᠤ᠋ ᠬᠠᠮᠳᠦ ᠶ᠋ᠢᠨ ᠴᠤᠭᠴᠠ ᠶ᠋ᠢᠨ ᠤᠬᠠᠮᠰᠠᠷ ᠢ᠋ ᠪᠠᠳᠤ ᠴᠤᠭᠴᠠᠯᠠᠬᠤ ᠪᠤᠯᠤᠨ 《ᠬᠤᠶᠠᠷ ᠢ᠋ ᠴᠤᠭᠴᠠᠯᠠᠬᠤ》 ᠭᠤᠤᠯ ᠰᠡᠳᠦᠪ ᠢ᠋ ᠲᠤᠪᠤᠢᠯᠭᠠᠵᠦ ᠴᠢᠳᠠᠭᠰᠠᠨ ᠮᠦᠷᠳᠡᠭᠡᠨ ᠤᠷᠤᠨ ᠨᠤᠲᠤᠭ ᠤ᠋ᠨ ᠰᠤᠶᠤᠯ ᠤᠷᠠᠯᠢᠭ ᠵᠠᠩ ᠵᠠᠩᠰᠢᠯ ᠢ᠋ ᠲᠤᠭᠯᠠᠯᠳᠠ ᠳ᠋ᠠᠭᠠᠨ ᠠᠭᠤᠰᠬᠠᠭᠰᠠᠨ ᠡᠴᠡ ᠦᠵᠡᠭᠴᠢ ᠤᠯᠠᠨ ᠤ᠋ ᠪᠠᠬᠠᠷᠬᠠᠯ ᠰᠠᠢᠰᠢᠶᠠᠯ ᠢ᠋ ᠤᠯᠤᠯ᠎ᠠ ᠃ ᠡᠵᠡᠨ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠬᠢᠨ ᠵᠢᠯ ᠪᠤᠯᠭᠠᠨ ᠦᠪᠡᠷᠳᠡᠭᠡᠨ ᠵᠠᠰᠠᠬᠤ ᠤᠷᠤᠨ ᠤ᠋ ᠨᠡᠷᠡᠳᠦ ᠲᠤᠭᠯᠠᠭᠴᠢ ᠤᠳᠤᠷᠢᠳᠤᠭᠠᠴᠢ ᠵᠢ ᠤᠷᠢᠵᠤ ᠪᠤᠯᠪᠠᠰᠤᠷᠠᠯ ᠤ᠋ᠨ ᠠᠩᠬᠢ ᠡᠷᠬᠢᠯᠡᠨ ᠂ ᠲᠤᠭᠯᠠᠭᠴᠢᠳ ᠤ᠋ᠨ ᠵᠢᠡᠨ ᠪᠦᠬᠦ ᠳᠠᠯ᠎ᠠ ᠶ᠋ᠢᠨ ᠮᠡᠷᠭᠡᠵᠢᠯ ᠪᠤᠯᠪᠠᠰᠤᠷᠠᠯ ᠢ᠋ ᠳᠡᠭᠡᠭᠰᠢᠯᠡᠬᠦᠯᠳᠡᠭ ᠮᠦᠷᠳᠡᠭᠡᠨ ᠵᠢᠯ ᠪᠤᠯᠭᠠᠨ ᠬᠠᠪᠤᠷ ᠤ᠋ᠨ ᠲᠡᠮᠡᠭᠡ ᠨᠤᠤᠰᠤᠯᠠᠬᠤ ᠂ ᠢᠮᠠᠭ᠎ᠠ ᠰᠠᠮᠨᠠᠬᠤ ᠪᠠ ᠨᠠᠮᠤᠷ ᠤ᠋ᠨ ᠠᠵᠢᠯ ᠪᠤᠯᠬᠤ ᠳ᠋ᠤ ᠤᠯᠠᠭᠠᠨᠮᠦ᠋ᠴᠢᠷ ᠤ᠋ᠨ ᠬᠡᠰᠢᠬᠦᠳ ᠠᠳᠠᠭ ᠲᠠᠭᠠᠨ ᠬᠠᠭᠠᠰ ᠰᠠᠷ᠎ᠠ ᠬᠦᠳᠡᠭᠡ ᠨᠤᠳᠤᠭ ᠮᠠᠯᠴᠢᠳ ᠤ᠋ᠨ ᠭᠡᠷ ᠲᠦ᠍ ᠬᠦᠷᠴᠦ ᠂ ᠨᠢᠬᠡ ᠲᠠᠯ᠎ᠠ ᠪᠡᠷ ᠠᠵᠢᠯ ᠳ᠋ᠤᠨᠢ ᠬᠠᠮᠵᠢᠨ ᠬᠠᠮᠢᠶ᠎ᠠ ᠪᠦᠬᠦᠢ ᠲᠦᠷᠦ ᠵᠢᠨ ᠪᠤᠳᠤᠯᠭ᠎ᠠ ᠵᠢ ᠲᠠᠢᠯᠪᠤᠷᠢᠯᠡᠵᠤ ᠂ ᠨᠦᠬᠦᠬᠡ ᠲᠠᠯ᠎ᠠ ᠪᠡᠷ ᠦᠪᠡᠷᠰᠡᠳ ᠤ᠋ᠨ ᠵᠢᠡᠨ ᠵᠤᠬᠢᠶᠠᠨ ᠪᠦᠳᠦᠭᠡᠯᠭᠡ ᠳ᠋ᠡᠭᠡᠨ ᠪᠢᠯᠢᠭ ᠬᠤᠷᠴᠠᠯᠠᠨ ᠠᠪᠢᠶᠠᠰ ᠰᠤᠷᠢᠳᠠᠭ ᠶᠤᠮ ᠃
ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ ᠂ ᠦᠪᠡᠷᠳᠡᠬᠡᠨ ᠵᠠᠰᠠᠬᠤ ᠤᠷᠤᠨ ᠡᠴᠡ ᠪᠦᠬᠦ ᠤᠷᠤᠨ ᠤ᠋ 75 ᠤᠯᠠᠭᠠᠨᠮᠦ᠋ᠴᠢᠷ ᠲᠦ᠍ ᠴᠦᠮ ᠲᠤᠮᠤ ᠬᠡᠯᠪᠡᠷᠢ ᠶ᠋ᠢᠨ ᠠᠶᠠᠨᠴᠢᠨ ᠤ᠋ ᠮᠠᠰᠢᠨ ᠲᠠᠷᠬᠡ ᠲᠤᠬᠢᠷᠠᠭᠤᠯᠤᠨ ᠦᠭᠴᠦ ᠂ 25 ᠤᠯᠠᠭᠠᠨᠮᠦ᠋ᠴᠢᠷ ᠤ᠋ᠨ ᠪᠤᠯᠪᠠᠰᠤᠷᠠᠯ ᠤ᠋ᠨ ᠲᠢᠩᠬᠢᠮ ᠪᠠ ᠤᠯᠠᠭᠠᠨᠮᠦ᠋ᠴᠢᠷ ᠤ᠋ᠨ ᠤᠷᠳᠤᠨ ᠪᠠᠢᠭᠤᠯᠬᠤ ᠵᠢ ᠳᠡᠮᠵᠢᠵᠦ ᠂ ᠪᠠᠰᠠ《ᠤᠯᠠᠭᠠᠨᠮᠦ᠋ᠴᠢᠷ ᠤ᠋ᠨ ᠦᠢᠯᠡᠰ ᠤ᠋ᠨ ᠲᠤᠮᠳᠠ ᠤᠷᠲᠦ ᠬᠤᠭᠤᠴᠠᠭᠠᠨ ᠤ᠋ ᠬᠦᠭᠵᠢᠯᠳᠡ ᠶ᠋ᠢᠨ ᠲᠦᠯᠦᠪᠯᠡᠭᠡ (2021— 2030 ᠤᠨ)》 ᠵᠢ ᠲᠤᠭᠳᠠᠭᠠᠪᠠ ᠃
《ᠠᠷᠪᠠᠨ ᠭᠤᠷᠪᠠᠳᠤᠭᠠᠷ ᠲᠠᠪᠤᠨ ᠵᠢᠯ》 ᠡᠴᠡ ᠨᠠᠭᠠᠰᠢ ᠂ ᠪᠦᠬᠦ ᠤᠷᠤᠨ ᠤ᠋ ᠤᠯᠠᠭᠠᠨᠮᠦ᠋ᠴᠢᠷ ᠵᠢᠯ ᠪᠤᠯᠭᠠᠨ ᠲᠤᠮᠳᠠᠴᠢ ᠪᠡᠷ 7000 ᠭᠠᠷᠤᠢ ᠳᠠᠯᠠᠪᠠᠢ ᠲᠤᠭᠯᠠᠯᠳᠠ ᠭᠠᠷᠭᠠᠨ ᠂ 《ᠰᠦᠯᠵᠢᠶᠡᠨ ᠳᠡᠭᠡᠷᠡᠬᠢ ᠤᠯᠠᠭᠠᠨᠮᠦ᠋ᠴᠢᠷ》 ᠤᠳᠬ᠎ᠠ ᠤᠷᠠᠯᠢᠭ ᠤ᠋ᠨ ᠰᠦᠯᠵᠢᠶᠡᠨ ᠤ᠋ ᠰᠢᠭᠤᠳ ᠨᠡᠪᠳᠡᠷᠡᠬᠦᠯᠭᠡ ᠵᠢ 7000 ᠭᠠᠷᠤᠢ ᠤᠳᠠᠭ᠎ᠠ ᠬᠢᠵᠦ ᠂ 3000 ᠭᠠᠷᠤᠢ ᠤᠳᠠᠭ᠎ᠠ ᠲᠦᠷᠦ ᠶ᠋ᠢᠨ ᠪᠤᠳᠤᠯᠭ᠎ᠠ ᠶ᠋ᠢᠨ ᠳᠠᠢᠯᠤᠮᠵᠢ ᠬᠢᠵᠡᠢ ᠃
118 — ᠪᠦᠬᠦ ᠤᠷᠤᠨ ᠤ᠋ ᠤᠯᠠᠨ ᠨᠡᠢᠳᠡ ᠵᠢᠨ ᠮᠦᠽᠧᠶ ᠶ᠋ᠢᠨ ᠨᠡᠮᠡᠭᠳᠡᠯ
12522 — ᠭᠠᠴᠠᠭ᠎ᠠ ᠲᠤᠰᠬᠤᠨ ᠤ᠋ ᠰᠤᠶᠤᠯ ᠤ᠋ᠨ ᠠᠵᠢᠯᠯᠠᠭᠠᠨ ᠤ᠋ ᠲᠦᠪ
ᠦᠷᠯᠦᠭᠡ ᠶ᠋ᠢᠨ ᠨᠠᠷᠠ ᠡᠬᠡ ᠳᠡᠯᠡᠬᠡᠢ ᠵᠢ ᠬᠡᠢᠬᠦᠯᠵᠦ ᠡᠬᠢᠯᠡᠬᠦ ᠳ᠋ᠤ ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮ ᠡᠮᠨᠡᠯᠭᠡ ᠶ᠋ᠢᠨ ᠮᠦᠽᠧᠶ ᠶ᠋ᠢᠨ ᠳᠡᠳ᠋ ᠰᠤᠳᠤᠯᠤᠭᠴᠢ ᠰᠠᠩᠴᠢ ᠪᠡᠷ ᠠᠵᠢᠯᠯᠠᠳᠠᠭ ᠵᠤᠤ ᠰᠢᠦ ᠶᠢᠩ ᠪᠠᠢᠭᠤᠯᠭ᠎ᠠ ᠵᠦᠭ ᠵᠢᠡᠨ ᠶᠠᠭᠠᠷᠠᠪᠴᠢᠯᠠᠨ ᠠᠯᠬᠤᠨ᠎ᠠ ᠃ ᠢᠩᠬᠢᠵᠦ ᠯᠡ ᠶᠠᠪᠤᠭᠰᠠᠭᠠᠷ ᠪᠠᠢᠵᠦ ᠨᠢᠬᠡ ᠮᠡᠳᠡᠬᠦ ᠳ᠋ᠤ ᠠᠵᠢᠯ ᠤ᠋ᠨ ᠭᠠᠷᠤᠭ᠎ᠠ ᠪᠠᠨ ᠠᠪᠤᠭᠠᠳ 10 ᠵᠢᠯ ᠪᠤᠯᠴᠢᠬᠠᠵᠠᠢ ᠃
《ᠮᠢᠨᠤ ᠨᠢᠭᠡ ᠡᠳᠦᠷ ᠤ᠋ᠨ ᠠᠵᠢᠯ ᠢᠩᠬᠢᠵᠦ ᠯᠡ ᠡᠬᠢᠯᠡᠳᠡᠭ ᠶᠤᠮ》 ᠬᠡᠵᠤ ᠵᠤᠤ ᠰᠢᠦ ᠶᠢᠩ ᠵᠦᠯᠬᠦᠬᠦᠷ ᠪᠠᠨ ᠤᠬᠢᠶᠠᠵᠦ ᠂ ᠳᠡᠯᠭᠡᠨ ᠦᠵᠡᠬᠦᠯᠭᠡ ᠶ᠋ᠢᠨ ᠲᠤᠭᠤᠷᠢᠭ ᠤ᠋ᠨ ᠵᠢᠡᠨ ᠬᠦᠷᠦᠭ ᠵᠢᠷᠤᠭ ᠂ ᠱᠤᠭᠤᠮᠠᠯ ᠂ ᠡᠮ ᠡᠮᠨᠡᠯᠭᠡ ᠶ᠋ᠢᠨ ᠪᠠᠭᠠᠵᠢ ᠬᠡᠷᠡᠭᠰᠡᠯ ᠵᠢᠡᠨ ᠨᠢᠮᠪᠠᠢ ᠠᠷᠴᠢᠵᠦ ᠶᠠᠭᠤ ᠨᠢᠭᠡ ᠨᠢ ᠳᠤᠳᠠᠵᠦ ᠡᠪᠳᠡᠷᠡᠭᠰᠡᠨ ᠡᠰᠡᠬᠦ ᠵᠢ ᠬᠢᠨᠠᠮᠠᠭᠠᠢ ᠪᠠᠢᠴᠠᠭᠠᠵᠦ ᠭᠠᠷᠤᠯ᠎ᠠ ᠃ ᠦᠷᠯᠦᠬᠡ ᠶ᠋ᠢᠨ 8 ᠴᠠᠭ ᠲᠦ᠍ ᠡᠮᠨᠡᠯᠭᠡ ᠶ᠋ᠢᠨ ᠬᠤᠷᠢᠶ᠎ᠠ ᠡᠬᠢᠯᠡᠵᠦ ᠠᠵᠢᠯᠯᠠᠳᠠᠭ ᠪᠤᠯᠬᠤᠷ ᠬᠦᠮᠦᠨ ᠬᠠᠷ᠎ᠠ ᠤᠯᠠᠰᠢᠷᠠᠬᠤ ᠡᠴᠡ ᠮᠦᠽᠧᠶ ᠶ᠋ᠢᠨ ᠳᠡᠯᠭᠡᠨ ᠦᠵᠡᠬᠦᠯᠭᠡ ᠶ᠋ᠢᠨ ᠲᠢᠩᠬᠢᠮ ᠵᠢᠡᠨ ᠴᠡᠪᠡᠷᠯᠡᠵᠦ ᠪᠠᠢᠴᠠᠭᠠᠵᠦ ᠳᠠᠭᠤᠰᠭᠠᠭᠠᠳ ᠭᠠᠷ ᠲᠡᠬᠢ ᠰᠤᠳᠤᠯᠭᠠᠨ ᠤ᠋ ᠰᠡᠳᠦᠪ 《ᠲᠤᠮᠳᠠᠳᠦ ᠤᠯᠤᠰ ᠤ᠋ᠨ ᠡᠮ ᠡᠮᠨᠡᠯᠭᠡ ᠶ᠋ᠢᠨ ᠵᠦᠪᠯᠡᠯ ᠤ᠋ᠨ ᠰᠤᠳᠤᠯᠭᠠᠨ ᠤ᠋ ᠰᠡᠳᠦᠪ — ᠮᠤᠨᠭᠭᠤᠯ ᠡᠮ ᠡᠮᠨᠡᠯᠭᠡ ᠶ᠋ᠢᠨ ᠡᠷᠳᠡᠨ ᠤ᠋ ᠰᠤᠷᠪᠤᠯᠵᠢ ᠪᠢᠴᠢᠭ ᠢ᠋ ᠠᠭᠤᠳᠠᠯᠤᠨ ᠡᠮᠬᠢᠳᠬᠡᠬᠦ ᠰᠤᠳᠤᠯᠭᠠᠨ》 ᠢ᠋ᠶ᠋ᠡᠨ ᠬᠢᠵᠤ ᠰᠠᠭᠤᠯ᠎ᠠ ᠃
ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮ ᠡᠮᠨᠡᠯᠭᠡ ᠶ᠋ᠢᠨ ᠮᠦᠽᠧᠶ ᠶ᠋ᠢ 2012 ᠣᠨ ᠤ᠋ 11 ᠰᠠᠷ᠎ᠠ ᠳ᠋ᠤ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠲᠢᠩᠬᠢᠮ(ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠲᠣᠪᠴᠢᠶ᠎ᠠ)ᠡᠴᠡ ᠵᠥᠪᠱᠢᠶᠡᠷᠡᠬᠦᠯᠵᠤ ᠪᠠᠢᠭᠤᠯᠤᠭᠰᠠᠨ ᠶᠤᠮ ᠂ ᠤᠳᠤ ᠶᠠᠭ ᠰᠠᠶᠢᠬᠠᠨ 10 ᠵᠢᠯ ᠤ᠋ᠨ ᠨᠢᠭᠤᠷ ᠦᠵᠡᠵᠦ ᠪᠠᠢᠨ᠎ᠠ ᠃《ᠮᠠᠨ ᠤ᠋ ᠮᠦᠽᠧᠶ ᠶ᠋ᠢᠨ ᠦᠵᠡᠭᠦᠯᠭᠡ ᠶ᠋ᠢᠨ ᠲᠣᠭᠣᠷᠢᠭ ᠢ᠋ ᠡᠮᠨᠡᠯᠭᠡ ᠶ᠋ᠢᠨ ᠬᠣᠷᠢᠶᠠᠨ ᠤ᠋ ᠡᠭᠦᠳᠡᠨ ᠡᠮᠨᠡᠯᠭᠡ ᠶ᠋ᠢᠨ ᠲᠢᠩᠬᠢᠮ ᠳ᠋ᠤ ᠪᠠᠢᠷᠢᠯᠠᠭᠤᠯᠵᠤ ᠂ ᠥᠷᠭᠡᠨ ᠣᠯᠠᠨ ᠲᠦᠮᠡᠨ ᠳ᠋ᠤ ᠬᠠᠨᠳᠤᠭᠤᠯᠤᠭ᠍ᠰᠠᠨ ᠨᠡᠭᠡᠭᠡᠯᠲᠡᠲᠦ ᠦᠵᠡᠬᠦᠯᠬᠡ ᠬᠢᠵᠤ ᠪᠠᠢᠨ᠎ᠠ ᠃ ᠡᠪᠡᠳᠴᠢᠲᠡᠨ ᠪᠠ ᠡᠪᠡᠳᠴᠢᠲᠡᠨ ᠤ᠋ ᠬᠡᠷ ᠪᠦᠯᠢ ᠶ᠋ᠢᠨ ᠬᠢᠨ ᠡᠮᠨᠡᠭᠦᠯᠬᠦ᠌ ᠪᠡᠷ ᠬᠦᠯᠢᠶᠡᠵᠦ᠍ ᠪᠠᠢᠭ᠎ᠠ ᠦᠶ᠎ᠡ ᠪᠤᠶᠤ ᠰᠤᠯᠠ ᠰᠡᠯᠡᠭᠦᠦ ᠴᠠᠭ ᠵᠢᠡᠷ ᠵᠢᠡᠨ ᠲᠣᠭᠣᠷᠢᠨ ᠦᠵᠡᠵᠦ᠍ ᠂ ᠮᠤᠨᠭᠭᠤᠯ ᠡᠮ ᠡᠮᠨᠡᠯᠭᠡ ᠶ᠋ᠢᠨ ᠲᠤᠬᠠᠢ ᠨᠡᠩ ᠰᠠᠢᠨ ᠤᠢᠯᠠᠭᠠᠵᠦ ᠪᠤᠯᠤᠨ᠎ᠠ》 ᠬᠡᠵᠤ ᠵᠤᠤ ᠰᠢᠦ ᠶᠢᠩ ᠶᠠᠷᠢᠨ᠎ᠠ ᠃
《ᠲᠤᠰ ᠮᠦᠽᠧᠶ ᠵᠢ ᠪᠠᠢᠭᠤᠯᠤᠭᠰᠠᠨ ᠡᠴᠡ ᠨᠠᠭᠠᠰᠢ ᠂ ᠪᠢᠳᠡ ᠳᠡᠯᠭᠡᠨ ᠦᠵᠡᠬᠦᠯᠭᠡ ᠬᠢᠬᠦ ᠂ ᠬᠤᠷᠠᠯ ᠦᠵᠡᠰᠬᠦᠯᠡᠩ ᠳ᠋ᠤ ᠤᠷᠤᠯᠴᠠᠬᠤ ᠡᠴᠡ ᠭᠠᠳᠠᠨ᠎ᠠ ᠰᠤᠳᠤᠯᠭᠠᠨ ᠤ᠋ ᠳᠦᠰᠦᠯ ᠡᠷᠡᠮᠡᠯᠵᠡᠯᠡᠨ ᠨᠢᠭᠡ ᠪᠦᠯᠦᠭ ᠪᠦᠳᠦᠭᠡᠯ ᠭᠠᠷᠭᠠᠯ᠎ᠠ ᠃ ᠡᠬᠦᠨ ᠳ᠋ᠤ〈ᠮᠤᠨᠭᠭᠤᠯ ᠠᠨᠠᠭᠠᠬᠤ ᠤᠬᠠᠭᠠᠨ ᠤ᠋ ᠰᠤᠳᠤᠷ ᠪᠢᠴᠢᠭ ᠤ᠋ᠨ ᠴᠢᠭᠤᠯᠭᠠᠨ〉 ᠂〈ᠪᠤᠤ ᠵᠢᠩ ᠷᠦᠩ ᠤ᠋ᠨ ᠬᠡᠷᠡᠭᠯᠡᠭᠰᠡᠨ ᠮᠤᠨᠭᠭᠤᠯ ᠡᠮ ᠤ᠋ᠨ ᠵᠤᠷ〉 ᠵᠡᠷᠭᠡ ᠨᠤᠮ ᠢ᠋ ᠨᠠᠢᠷᠠᠭᠤᠯᠤᠨ ᠬᠡᠪᠯᠡᠬᠦᠯᠵᠦ ᠂ 〈ᠠᠨᠠᠭᠠᠬᠤ ᠤᠬᠠᠭᠠᠨ ᠤ᠋ ᠲᠦᠷᠪᠡᠨ ᠦᠨᠳᠦᠰᠦ〉 ᠂ ᠪᠡᠭᠡᠵᠢᠩ ᠪᠠᠷ ᠤ᠋ᠨ ᠪᠤᠯᠤᠨ ᠬᠠᠯᠬ᠎ᠠ ᠪᠠᠷ ᠤ᠋ᠨ〈ᠯᠾᠠᠨᠲ᠋ᠠᠪ〉 ᠵᠡᠷᠭᠡ ᠰᠤᠳᠤᠷ ᠢ᠋ ᠰᠡᠬᠦᠳᠡᠷᠯᠡᠨ ᠬᠡᠪᠯᠡᠬᠦᠯᠵᠤ ᠂ ᠪᠠᠰᠠ ᠰᠤᠳᠤᠯᠭᠠᠨ ᠤ᠋ ᠴᠢᠨᠠᠷᠲᠠᠢ ᠦᠬᠦᠯᠡᠯ ᠂ ᠤᠷᠴᠢᠭᠤᠯᠭ᠎ᠠ ᠵᠡᠷᠭᠡ ᠠᠵᠢᠯ ᠢ᠋ ᠬᠢᠭᠰᠡᠨ ᠶᠤᠮ》 ᠬᠡᠵᠦ ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮᠨᠡᠯᠭᠡ ᠶ᠋ᠢᠨ ᠬᠤᠷᠢᠶᠠᠨ ᠤ᠋ ᠳᠠᠷᠤᠭ᠎ᠠ ᠴᠧᠨ ᠰᠠᠷᠠᠨ᠎ᠠ ᠳᠠᠨᠢᠯᠴᠠᠭᠤᠯᠤᠨ᠎ᠠ ᠃ ᠨᠠᠮ ᠵᠠᠰᠠᠭ ᠤ᠋ᠨ ᠤᠳᠤᠷᠢᠳᠤᠯᠭ᠎ᠠ ᠪᠠ ᠳᠡᠮᠵᠢᠯᠭᠡ ᠲᠤᠤᠷ᠎ᠠ ᠲᠤᠰ ᠮᠦᠽᠧᠢ ᠦᠳᠳᠦᠷ ᠲᠦᠷᠭᠡᠨ ᠬᠦᠭᠵᠢᠨ ᠪᠤᠵᠠᠭᠠᠢᠷᠠᠵᠦ ᠂ ᠦᠪᠡᠷᠮᠢᠴᠠ ᠤᠨᠴᠠᠯᠢᠭ ᠵᠢᠡᠷ ᠵᠢᠡᠨ ᠤᠯᠠᠨ ᠳ᠋ᠤ ᠳᠠᠨᠢᠭᠳᠠᠯᠠ ᠃ 10 ᠵᠢᠯ ᠤ᠋ᠨ ᠲᠤᠷᠰᠢ ᠂ ᠤᠷᠢᠳ ᠬᠤᠵᠢᠳ ᠹᠷᠠᠨᠼᠢ ᠳ᠋ᠤ ᠪᠤᠯᠤᠭᠰᠠᠨ 《ᠲᠤᠮᠳᠠᠳᠦ ᠤᠯᠤᠰ ᠤ᠋ᠨ ᠦᠪᠦᠷ ᠮᠤᠨᠭᠭᠤᠯ ᠤ᠋ᠨ ᠰᠤᠶᠤᠯ ᠤ᠋ᠨ ᠭᠠᠷᠠᠭ ᠤ᠋ᠨ ᠠᠵᠢᠯᠯᠠᠭ᠎ᠠ》 ᠂ 《ᠨᠢᠭᠡ ᠪᠦᠰᠡ ᠨᠢᠭᠡ ᠵᠠᠮ》ᠤᠯᠠᠨ ᠤᠯᠤᠰ ᠤ᠋ᠨ ᠡᠷᠡᠬᠦᠯ ᠮᠡᠨᠳᠦ ᠶ᠋ᠢᠨ ᠠᠵᠤ ᠦᠢᠯᠡᠰ ᠤ᠋ᠨ ᠳᠡᠭᠡᠳᠦ ᠳᠡᠰ ᠤ᠋ᠨ ᠶᠠᠷᠢᠶᠠᠨ ᠤ᠋ ᠳᠠᠪᠴᠠᠩ ᠵᠡᠷᠬᠡ ᠤᠯᠠᠨ ᠠᠷᠪᠢᠨ ᠬᠤᠷᠠᠯ ᠦᠵᠡᠰᠬᠦᠯᠡᠩ ᠳ᠋ᠤ ᠤᠷᠤᠯᠴᠠᠵᠦ ᠂《ᠪᠦᠬᠦ ᠤᠯᠤᠰ ᠤ᠋ᠨ ᠬᠢᠳᠠᠳ ᠡᠮ ᠡᠮᠨᠡᠯᠭᠡᠶᠢᠨ ᠰᠤᠶᠤᠯ ᠤ᠋ᠨ ᠰᠤᠷᠳᠠᠯᠴᠢᠯᠠᠭᠠᠨᠤ ᠰᠠᠭᠤᠷᠢᠨ》 ᠂ 《ᠦᠪᠦᠷ ᠮᠤᠨᠭᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠰᠢᠨᠵᠢᠯᠡᠬᠦ ᠤᠬᠠᠭᠠᠨ ᠢ᠋ ᠲᠦᠭᠡᠮᠡᠯᠵᠢᠬᠦᠯᠬᠦ ᠵᠢᠱ᠌ᠢᠶᠡᠴᠢ ᠰᠠᠭᠤᠷᠢᠨ》 ᠵᠡᠷᠬᠡ ᠪᠡᠷ ᠦᠨᠡᠯᠡᠭᠳᠡᠪᠡ ᠃ ᠤᠳᠤ ᠲᠤᠰ ᠮᠦᠽᠧᠶ ᠨᠢᠬᠡᠨᠳᠡ《ᠰᠦᠯᠵᠢᠶᠡᠴᠢᠯᠡᠭᠰᠡᠨ ᠮᠦᠽᠧᠢ》 ᠪᠤᠯᠵᠤ ᠬᠦᠭᠵᠢᠨ ᠂ ᠰᠢᠨᠵᠢᠯᠡᠬᠦ ᠤᠬᠠᠭᠠᠨ ᠢ᠋ ᠲᠦᠬᠡᠮᠡᠯᠵᠢᠬᠦᠯᠬᠦ ᠂ ᠲᠡᠦᠬᠡ ᠶ᠋ᠢᠨ ᠳᠤᠷᠠᠰᠭᠠᠯᠲᠤ ᠵᠦᠢᠯ ᠢ᠋ ᠬᠤᠷᠢᠶᠠᠨ ᠬᠠᠳᠠᠭᠠᠯᠠᠵᠤ ᠬᠠᠮᠠᠭᠠᠯᠠᠬᠤ ᠂ ᠰᠤᠷᠪᠤᠯᠵᠢ ᠪᠢᠴᠢᠭ ᠢ᠋ ᠤᠯᠠᠮᠵᠢᠯᠠᠨ ᠪᠠᠳᠠᠷᠠᠭᠤᠯᠵᠤ ᠠᠭᠤᠳᠠᠯᠬᠤ ᠪᠠ ᠡᠮᠬᠢᠳᠭᠡᠬᠦ᠌ ᠵᠡᠷᠭᠡ ᠲᠠᠯ᠎ᠠ ᠶ᠋ᠢᠨ ᠡᠬᠦᠷᠭᠡ ᠴᠢᠳᠠᠪᠬᠢ ᠪᠠᠨ ᠪᠠᠳᠠᠷᠠᠭᠤᠯᠵᠦ ᠶᠠᠪᠤᠨ᠎ᠠ ᠃
ᠮᠦᠽᠧᠢ ᠪᠤᠯ ᠬᠦᠮᠦᠨ ᠲᠦᠷᠦᠯᠬᠢᠳᠡᠨ ᠤ᠋ ᠪᠤᠯᠪᠠᠰᠤᠨ ᠢ᠋ ᠬᠠᠮᠠᠭᠠᠯᠠᠵᠤ ᠤᠯᠠᠮᠵᠢᠯᠠᠬᠤ ᠤᠷᠳᠤᠨ ᠪᠠᠢᠵᠤ ᠂ ᠦᠩᠬᠡᠷᠡᠭᠰᠡᠨ ᠤᠳᠤ ᠢᠷᠡᠬᠡᠳᠤᠢ ᠵᠢ ᠬᠤᠯᠪᠤᠭᠰᠠᠨ ᠮᠦᠩᠬᠡ ᠵᠢᠨ ᠬᠦᠬᠦᠷᠬᠡ ᠮᠦᠨ ᠂ ᠪᠠᠰᠠ ᠴᠦ᠍ ᠤᠯᠠᠨ ᠨᠡᠢᠳᠡ ᠵᠢᠨ ᠰᠤᠶᠤᠯ ᠤ᠋ᠨ ᠲᠤᠳᠠᠭᠳᠠᠵᠤ ᠪᠤᠯᠤᠰᠢ ᠦᠬᠡᠢ ᠴᠢᠬᠤᠯᠠ ᠲᠦᠬᠦᠬᠡᠷᠦᠮᠵᠢ ᠪᠤᠯᠬᠤ ᠶᠤᠮ ᠃ ᠤᠳᠤ ᠮᠠᠨ ᠤ᠋ ᠤᠷᠤᠨ ᠳ᠋ᠤ ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮ ᠡᠮᠨᠡᠯᠭᠡ ᠶ᠋ᠢᠨ ᠮᠦᠽᠧᠶ ᠵᠢ ᠪᠠᠭᠳᠠᠭᠠᠭᠰᠠᠨ 185 ᠮᠦᠽᠧᠢ ᠲᠠᠢ ᠪᠠᠢᠵᠤ ᠂ ᠪᠠᠰᠠ 117 ᠨᠤᠮ ᠤ᠋ᠨ ᠰᠠᠩ ᠂ 120 ᠰᠤᠶᠤᠯ ᠤ᠋ᠨ ᠤᠷᠳᠤᠨ ᠂ 1086 ᠰᠤᠮᠤ ᠰᠢᠶᠠᠩ ᠪᠠᠯᠭᠠᠰᠤ ᠵᠢᠨ ᠶᠡᠷᠦᠩᠬᠡᠢᠯᠡᠭᠰᠡᠨ ᠰᠤᠶᠤᠯ ᠤ᠋ᠨ ᠦᠷᠳᠡᠬᠡ ᠪᠠ 12522 ᠭᠠᠴᠠᠭ᠎ᠠ ᠲᠤᠰᠬᠤᠨ ᠤ᠋ ᠶᠡᠷᠦᠩᠬᠡᠢᠯᠡᠭᠰᠡᠨ ᠴᠢᠨᠠᠷᠳᠠᠢ ᠰᠤᠶᠤᠯ ᠤ᠋ᠨ ᠠᠵᠢᠯᠯᠠᠭᠠᠨ ᠤ᠋ ᠲᠦᠪ ᠲᠠᠢ ᠪᠤᠯᠵᠤ ᠂ ᠬᠤᠳᠠ ᠬᠦᠳᠡᠬᠡ ᠳ᠋ᠤ ᠲᠦᠬᠡᠵᠤ ᠪᠦᠬᠦ ᠤᠷᠤᠨ ᠢ᠋ ᠪᠦᠷᠬᠦᠭᠰᠡᠨ ᠤᠯᠠᠨ ᠨᠡᠢᠳᠡ ᠵᠢᠨ ᠰᠤᠶᠤᠯ ᠤ᠋ᠨ ᠲᠦᠬᠦᠬᠡᠷᠦᠮᠵᠢ ᠵᠢᠨ ᠲᠤᠤᠷ ᠢ᠋ ᠦᠨᠳᠤᠰᠤᠨ ᠳ᠋ᠡᠬᠡᠨ ᠪᠦᠷᠢᠯᠳᠤᠬᠦᠯᠪᠡ ᠃ ᠡᠬᠦᠨ ᠳ᠋ᠤ ᠂ ᠮᠦᠽᠧᠢ ᠵᠢᠨ ᠲᠤᠭ᠎ᠠ 2012 ᠤᠨ ᠤ᠋ ᠬᠢ ᠡᠴᠡ 118 ᠨᠡᠮᠡᠭᠳᠡᠵᠤ ᠂ ᠰᠤᠶᠤᠯ ᠤ᠋ᠨ ᠤᠷᠳᠤᠨ 7 ᠨᠡᠮᠡᠭᠳᠡᠭᠰᠡᠨ ᠪᠠᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃