2022-07-09 19:31:53
《ᠳᠤᠮᠳᠠᠳᠤ ᠤᠯᠤᠰ ᠤ᠋ᠨ ᠲᠥᠮᠥᠰᠥ ᠶ᠋ᠢᠨ ᠬᠤᠲᠠ》᠂ 《ᠳᠤᠮᠳᠠᠳᠤ ᠤᠯᠤᠰ ᠤ᠋ᠨ ᠨᠣᠬᠠᠢ ᠶ᠋ᠢᠨ ᠬᠣᠱᠢᠭᠤ ᠶ᠋ᠢᠨ ᠬᠤᠲᠠ》᠂《ᠳᠤᠮᠳᠠᠳᠤ ᠤᠯᠤᠰ ᠤ᠋ᠨ ᠡᠭᠡᠳᠡᠭᠰᠡᠨ ᠰᠦ ᠵᠢᠨ ᠬᠤᠳᠠ》 ᠁ ᠡᠳᠡᠬᠡᠷ ᠨᠡᠷ᠎ᠠ ᠠᠯᠳᠠᠷ ᠤᠯᠠᠭᠠᠨᠴᠠᠪ ᠤ᠋ᠨ ᠴᠢᠨᠠᠷ ᠰᠠᠢᠲᠠᠢ ᠬᠥᠭ᠌ᠵᠢᠯᠲᠡ ᠶ᠋ᠢᠨ ᠪᠣᠬᠢᠷᠲᠤᠯ ᠦᠭᠡᠢ ᠠᠮᠢ ᠠᠬᠤᠢ ᠶ᠋ᠢᠨ ᠠᠵᠤ ᠦᠢᠯᠡᠰ ᠤ᠋ᠨ ᠬᠡᠯᠬᠢᠶ᠎ᠡ ᠶ᠋ᠢ ᠵᠢᠷᠤᠭ᠍ᠯᠠᠵᠤ᠂ 《ᠤᠯᠠᠭᠠᠨᠴᠠᠪ ᠤ᠋ᠨ ᠦᠨᠦᠷ ᠠᠮᠲᠠ》 ᠵᠢᠨ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠳᠡᠭ ᠤ᠋ᠨ ᠨᠦᠯᠦᠬᠡᠯᠡᠬᠦ ᠬᠦᠴᠦᠨ ᠤᠯᠤᠰ ᠲᠠᠶᠠᠭᠠᠷ ᠲᠦ᠍ ᠲᠦᠬᠡᠵᠤ ᠡᠬᠢᠯᠡᠯ᠎ᠠ᠃
ᠤᠯᠠᠭᠠᠨᠴᠠᠪ ᠤ᠋ᠨ ᠨᠤᠬᠠᠢ ᠵᠢᠨ ᠬᠤᠰᠢᠭᠤ — ᠮᠤᠨᠢ ᠠᠭᠤᠯᠠ ᠶ᠋ᠢᠨ ᠬᠤᠷᠮᠤᠢ ᠳ᠋ᠡᠬᠢ ᠰᠢᠮᠡᠳᠤ ᠠᠮᠤ
ᠤᠯᠠᠭᠠᠨᠴᠠᠪ ᠳᠡᠯᠡᠬᠡᠢ ᠳ᠋ᠠᠬᠢᠨ ᠳ᠋ᠦ ᠮᠡᠳᠡᠷᠡᠭ᠌ᠳᠡᠭ᠌ᠰᠡᠨ ᠨᠣᠬᠠᠢ ᠶ᠋ᠢᠨ ᠬᠣᠱᠢᠭᠤ ᠶ᠋ᠢᠨ ᠱᠢᠵᠢᠷ ᠠᠯᠳᠠᠨ ᠥᠷᠭᠡᠷᠢᠭ ᠤ᠋ᠨ ᠭᠠᠷᠤᠯᠲᠠ ᠶ᠋ᠢᠨ ᠣᠷᠣᠨ ᠳ᠋ᠤ ᠤᠷᠤᠰᠢᠵᠤ ᠂ 《ᠳᠤᠮᠳᠠᠳᠤ ᠤᠯᠤᠰ ᠤ᠋ᠨ ᠨᠣᠬᠠᠢ ᠶ᠋ᠢᠨ ᠬᠣᠱᠢᠭᠤ ᠶ᠋ᠢᠨ ᠲᠦᠪ》 ᠬᠡᠮᠡᠨ ᠠᠯᠳᠠᠷᠰᠢᠭᠰᠠᠨ ᠶᠤᠮ᠃
《ᠤᠯᠠᠭᠠᠨᠴᠠᠪ ᠤ᠋ᠨ ᠨᠣᠬᠠᠶ ᠶ᠋ᠢᠨ ᠬᠣᠱᠢᠭᠤ ᠵᠢ ᠲᠠᠷᠢᠵᠤ ᠠᠷᠠᠴᠢᠯᠠᠬᠤ ᠶᠠᠪᠤᠴᠠ ᠳ᠋ᠦ ᠪᠣᠷᠲᠣᠭᠣᠷ ᠣᠷᠣᠭᠤᠯᠬᠤ ᠥᠬᠡᠶ᠂ ᠲᠠᠷᠢᠶᠠᠨ ᠡᠮ ᠬᠡᠷᠡᠭ᠌ᠯᠡᠬᠦ᠌ ᠥᠬᠡᠢ᠂ ᠪᠦᠷᠢᠮᠦᠰᠦᠨ ᠪᠠᠢᠭᠠᠯᠢᠯᠢᠭ ᠵᠢᠡᠷ ᠤᠷᠭᠤᠭᠤᠯᠵᠤ ᠂ ᠱᠢᠮ᠎ᠡ ᠲᠡᠵᠢᠭᠡᠯ ᠤ᠋ᠨ ᠪᠦᠷᠢᠯᠳᠦᠬᠦᠨ᠂ ᠠᠮᠲᠠ ᠰᠢᠮᠳᠠ᠂ ᠱᠢᠨ᠎ᠡ ᠰᠣᠷᠭᠣᠭ ᠤ᠋ᠨ ᠬᠡᠮᠵᠢᠶ᠎ᠡ ᠵᠡᠷᠭᠡ ᠲᠠᠯ᠎ᠠ ᠪᠠᠷ ᠭᠠᠳᠠᠭᠠᠳᠤ ᠵᠢᠨ ᠬᠢ ᠡᠴᠡ ᠢᠯᠡᠳᠲᠡ ᠳᠠᠪᠠᠭᠤᠯᠢᠭ ᠲᠠᠢ ᠶᠤᠮ᠃ ᠣᠳᠣ ᠨᠣᠬᠠᠶ ᠶ᠋ᠢᠨ ᠬᠣᠱᠢᠭᠤ ᠨᠢ ᠨᠢᠭᠡᠨᠲᠡ ᠬᠥᠮᠦᠰ ᠤ᠋ᠨ ᠬᠥᠭᠡᠭᠡᠴᠡᠯᠳᠦᠳᠡᠭ ᠣᠷᠭᠠᠨᠢᠭ ᠪᠣᠬᠢᠷᠲᠤᠯ ᠦᠭᠡᠢ ᠢᠳᠡᠭᠡᠨ ᠪᠣᠯᠵᠠᠶ》 ᠬᠡᠵᠤ ᠮᠤᠨᠢ ᠠᠭᠤᠯᠠ ᠶᠤᠤᠮᠠᠢ ᠵᠢᠨ ᠢᠳᠡᠭᠡᠨ ᠤ᠋ ᠬᠢᠵᠠᠭᠠᠷᠲᠤ ᠺᠣᠮᠫᠠᠨᠢ ᠶ᠋ᠢᠨ ᠬᠡᠷᠡᠭ ᠮᠡᠳᠡᠭ᠌ᠴᠢᠳ ᠤ᠋ᠨ ᠳᠠᠷᠤᠭ᠎ᠠ ᠯᠦ᠍ ᠸᠸᠨ ᠪᠢᠩ ᠤᠷᠮᠠᠳᠠᠢ ᠲᠠᠨᠢᠯᠴᠠᠭᠤᠯᠤᠨ᠎ᠠ ᠃
《ᠴᠠᠢᠯᠭᠠᠵᠤ ᠲᠠᠯᠬᠠᠳᠠᠭᠰᠠᠨ ᠨᠣᠬᠠᠶ ᠶ᠋ᠢᠨ ᠬᠣᠱᠢᠭᠤ ᠵᠢ ᠶᠤᠸ᠋ᠮᠠᠶ ᠬᠡᠳᠡᠭ ᠃ ᠥᠩᠭᠡᠷᠡᠭ᠌ᠰᠡᠨ ᠳ᠋ᠤ ᠨᠣᠬᠠᠢ ᠶ᠋ᠢᠨ ᠬᠣᠱᠢᠭᠤ ᠪᠡᠷ ᠬᠡᠳᠡᠰᠦ ᠪᠠᠨ ᠲᠦᠭᠦᠷᠭᠡᠵᠦ ᠪᠠᠢᠵᠠᠢ᠂ ᠤᠳᠤ ᠨᠣᠬᠠᠢ ᠶ᠋ᠢᠨ ᠬᠣᠱᠢᠭᠤ ᠲᠠᠷᠢᠵᠤ ᠴᠢᠨᠡᠬᠡᠯᠢᠭᠵᠢᠯ ᠤ᠋ᠨ ᠵᠠᠮ ᠵᠢᠡᠷ ᠵᠠᠮᠨᠠᠵᠤ ᠪᠠᠢᠨ᠎ᠠ》ᠬᠡᠵᠦ ᠴᠠᠬᠠᠷ ᠪᠠᠷᠠᠭᠤᠨ ᠭᠠᠷᠤᠨ ᠬᠣᠢᠲᠤ ᠬᠣᠱᠢᠭᠤᠨ ᠤ᠋ ᠪᠠ ᠬᠤᠤ ᠳ᠋ᠢ ᠱᠢᠶᠠᠩ ᠤ᠋ᠨ ᠨᠣᠬᠠᠶ ᠶ᠋ᠢᠨ ᠬᠣᠱᠢᠭᠤ ᠲᠠᠷᠢᠬᠤ ᠲᠣᠮᠣ ᠡᠷᠦᠬᠡ ᠵᠢᠨ ᠡᠵᠡᠨ ᠵᠠᠩ ᠬᠦᠶ ᠪᠠᠶᠠᠷᠳᠠᠢᠬᠠᠨ ᠶᠠᠷᠢᠨ᠎ᠠ᠃ ᠪᠦᠷᠢᠳᠭᠡᠯ ᠢ᠋ ᠦᠨᠳᠦᠰᠦᠯᠡᠪᠡᠯ ᠂ ᠤᠯᠠᠭᠠᠨᠴᠠᠪ ᠬᠣᠲᠠ ᠶ᠋ᠢᠨ 3 ᠲᠦᠮᠡ ᠭᠠᠷᠤᠶ ᠲᠠᠷᠢᠶᠠᠯᠠᠬᠤ ᠡᠷᠦᠬᠡ ᠨᠣᠬᠠᠶ ᠶ᠋ᠢᠨ ᠬᠣᠱᠢᠭᠤ ᠳᠠᠷᠢᠵᠦ ᠂ ᠨᠣᠬᠠᠶ ᠶ᠋ᠢᠨ ᠬᠣᠱᠢᠭᠤ ᠨᠢ ᠨᠢᠭᠡᠨᠲᠡ ᠲᠤᠬᠠᠶ ᠶ᠋ᠢᠨ ᠭᠠᠵᠠᠷ ᠤ᠋ᠨ ᠲᠠᠷᠢᠶᠠᠴᠢᠳ ᠤ᠋ᠨ ᠣᠷᠣᠯᠭ᠎ᠠ ᠪᠠᠨ ᠨᠡᠮᠡᠭ᠌ᠳᠡᠭᠦᠯᠬᠦ᠌ 《ᠡᠷᠳᠡᠨᠢ》 ᠪᠣᠯᠵᠠᠶ ᠃
ᠡᠷᠡᠭᠦᠯ ᠮᠡᠨᠳᠦ᠍ ᠶ᠋ᠢᠨ ᠢᠳᠡᠬᠡᠨ ᠬᠡᠮᠡᠬᠦ ᠱᠣᠱᠢᠭ᠎ᠠ ᠲᠠᠢ ᠨᠣᠬᠠᠶ ᠶ᠋ᠢᠨ ᠬᠣᠱᠢᠭᠤ ᠤᠯᠠᠮ ᠡᠴᠡ ᠤᠯᠠᠮ ᠣᠯᠠᠨ ᠬᠥᠮᠦᠨ ᠤ᠋ ᠲᠠᠭᠠᠱᠢᠶᠠᠯ ᠢ᠋ ᠣᠯᠵᠤ ᠪᠠᠢᠨ᠎ᠠ ᠃ ᠲᠠᠨᠢᠯᠴᠠᠭᠤᠯᠤᠭ᠍ᠰᠠᠨ ᠵᠢᠡᠷ᠂ ᠤᠯᠠᠭᠠᠨᠴᠠᠪ ᠬᠣᠲᠠ ᠶ᠋ᠢᠨ ᠨᠣᠬᠠᠶ ᠶ᠋ᠢᠨ ᠬᠣᠱᠢᠭᠤ ᠳᠠᠷᠢᠬᠤ ᠲᠠᠯᠠᠪᠠᠶ 150 ᠲᠦᠮᠡᠨ ᠮᠥ᠍ ᠣᠷᠴᠢᠮ ᠳ᠋ᠦ ᠲᠣᠭ᠍ᠲᠠᠪᠤᠷᠢᠵᠢᠵᠤ᠂ ᠨᠤᠬᠠᠢ ᠵᠢᠨ ᠬᠤᠰᠢᠭᠤ ᠲᠠᠷᠢᠬᠤ ᠲᠠᠯᠠᠪᠠᠶ ᠪᠠ ᠭᠠᠷᠤᠯᠲᠠ ᠪᠡᠷ ᠴᠦᠮ ᠪᠥᠬᠥ᠌ ᠤᠯᠤᠰ ᠤ᠋ᠨ ᠲᠤᠰᠬᠠᠢ ᠤᠷᠤᠨ ᠤ᠋ ᠲᠠᠰ ᠤ᠋ᠨ ᠬᠣᠲᠠ ᠶ᠋ᠢᠨ ᠲᠤᠳᠤᠷ᠎ᠠ ᠲᠦᠷᠤᠬᠦᠯᠡᠵᠤ ᠪᠤᠢ᠃ ᠤᠳᠤ ᠤᠯᠠᠭᠠᠨᠴᠠᠪ ᠬᠤᠳᠠ ᠳ᠋ᠤ ᠪᠦᠬᠦ᠌ ᠠᠵᠤ ᠦᠢᠯᠡᠰ ᠤ᠋ᠨ ᠬᠡᠯᠬᠢᠶ᠎ᠡ ᠲᠡᠶ ᠨᠣᠬᠠᠢ ᠶ᠋ᠢᠨ ᠬᠣᠱᠢᠭᠤ ᠶ᠋ᠢᠨ ᠠᠵᠤ ᠠᠬᠤᠢᠯᠠᠯ 6᠂ ᠡᠳ᠋ᠱᠢᠭᠦᠯᠦᠨ ᠪᠣᠷᠣᠯᠠᠭᠤᠯᠬᠤ ᠳᠤᠮᠳᠠ ᠪᠠᠭ᠎ᠠ ᠠᠵᠤ ᠠᠬᠤᠢᠯᠠᠯ 200 ᠭᠠᠷᠤᠢ ᠪᠠᠢᠵᠤ᠂ ᠨᠢᠬᠡᠨᠳᠡ ᠪᠦᠬᠦ᠌ ᠠᠵᠤ ᠦᠢᠯᠡᠰ ᠤ᠋ᠨ ᠬᠡᠯᠬᠢᠶ᠎ᠡ ᠶ᠋ᠢᠨ ᠪᠠᠢᠷᠢᠱᠢᠯ ᠢ᠋ ᠪᠦᠷᠢᠯᠳᠦᠭᠦᠯᠪᠠ ᠃
ᠤᠯᠠᠭᠠᠨᠴᠠᠪ ᠤ᠋ᠨ ᠲᠦᠮᠦᠰᠤ — ᠠᠯᠮᠤᠷᠠᠳ ᠤ᠋ᠨ ᠦᠨ᠎ᠠ ᠳ᠋ᠤ ᠬᠦᠷᠦᠭᠰᠡᠨ ᠤᠬᠢ ᠪᠦᠳᠦᠬᠡᠭᠳᠡᠬᠦᠨ
ᠤᠯᠠᠭᠠᠨᠴᠠᠪ ᠤ᠋ᠨ ᠰᠡᠷᠢᠭᠦᠨ ᠲᠠᠭᠠᠯᠠᠮᠵᠢᠳᠠᠢ ᠠᠭᠤᠷ ᠠᠮᠢᠰᠭᠤᠯ ᠪᠠ ᠡᠯᠡᠰᠦᠷᠬᠡᠭ ᠬᠦᠷᠦᠰᠦ ᠰᠢᠷᠤᠢ ᠨᠢ ᠤᠯᠠᠨ ᠡᠴᠡ ᠤᠨᠴᠠᠯᠠᠭᠳᠠᠬᠤ ᠤᠯᠠᠭᠠᠨᠴᠠᠪ ᠤ᠋ᠨ ᠲᠥᠮᠥᠰᠥ ᠵᠢᠨ ᠶᠠᠰᠤ ᠴᠢᠨᠠᠷ ᠢ᠋ ᠪᠦᠷᠢᠳᠦᠬᠦᠯᠪᠡ᠃ ᠡᠭᠦᠨ ᠳ᠋ᠤ 《ᠬᠣᠢᠲᠤ ᠬᠣᠱᠢᠭᠤᠨ ᠤ᠋ ᠤᠯᠠᠭᠠᠨ ᠲᠥᠮᠥᠰᠥ᠍》 ᠨᠢ ᠤᠷᠢᠳ ᠬᠣᠵᠢᠳ ᠪᠣᠬᠢᠷᠲᠤᠯ ᠥᠬᠡᠶ ᠢᠳᠡᠱᠢᠨ ᠨᠣᠭᠣᠭ᠎ᠠ ᠂ ᠪᠣᠬᠢᠷᠲᠤᠯ ᠥᠬᠡᠶ ᠢᠳᠡᠭᠡᠨ᠂ ᠭᠠᠵᠠᠷ ᠵᠦᠶ ᠶ᠋ᠢᠨ ᠢᠯᠡᠷᠬᠡᠢᠯᠡᠯᠳᠤ ᠪᠦᠲᠦᠭᠡᠭ᠌ᠳᠡᠬᠦᠨ᠂ ᠣᠷᠭᠠᠨᠢᠭ ᠪᠦᠲᠦᠭᠡᠭ᠌ᠳᠡᠬᠦᠨ ᠤ᠋ ᠭᠡᠷᠡᠴᠢᠯᠡᠯ ᠢ᠋ ᠣᠯᠵᠤ᠂ ᠰᠦᠯᠵᠢᠶᠡᠨ ᠤ᠋ ᠨᠡᠷᠡᠳᠦ《ᠲᠦᠮᠦᠰᠦ》 ᠪᠤᠯᠤᠭᠠᠳ ᠠᠯᠮᠤᠷᠠᠳ ᠤ᠋ᠨ ᠦᠨ᠎ᠠ ᠳ᠋ᠤ ᠬᠦᠷᠴᠦ ᠪᠤᠢ ᠃
ᠰᠠᠢᠨ ᠦᠷ᠎ᠡ ᠡᠴᠡ ᠰᠠᠢᠨ ᠲᠥᠮᠥᠰᠥ᠍ ᠤᠷᠭᠤᠳᠠᠭ᠃ ᠥᠪᠥᠷ ᠮᠣᠩᠭᠣᠯ ᠤ᠋ᠨ ᠵᠥᠩ ᠵᠢᠶᠠ ᠲᠠᠷᠢᠶᠠᠯᠠᠩ ᠤ᠋ᠨ ᠠᠮᠢᠳᠤ ᠪᠣᠳᠠᠰ ᠤ᠋ᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠶ᠋ᠢᠨ ᠲᠠᠷᠢᠵᠤ ᠤᠷᠭᠤᠭᠤᠯᠬᠤ ᠲᠥᠪ ᠲᠦ᠍᠂ ᠬᠦᠷᠦᠰᠤ ᠦᠬᠡᠢ ᠰᠢᠮᠡᠳᠤ ᠰᠢᠩᠬᠡᠨ ᠤ᠋ ᠲᠤᠳᠤᠷ᠎ᠠ ᠲᠦᠮᠦᠰᠤ ᠵᠢᠨ ᠴᠢᠬᠢ ᠨᠤᠬᠦᠳ ᠴᠡᠯᠬᠡᠷᠡᠨ ᠤᠷᠭᠤᠵᠤ᠂ ᠦᠨᠳᠦᠰᠦᠨ ᠳ᠋ᠤᠨᠢ《ᠵᠢᠵᠢᠭ ᠲᠥᠮᠥᠰᠥ᠍》 ᠨᠤᠬᠦᠳ ᠪᠠᠭᠰᠢᠷᠠᠯᠳᠤᠨᠠ ᠃
《ᠡᠨᠡ ᠪᠣᠯ ᠬᠠᠮᠤᠭᠤᠨ ᠠᠩᠬᠠᠨ ᠤ᠋ ᠦᠷ᠎ᠠ ᠵᠢᠨ ᠲᠥᠮᠥᠰᠥ ᠮᠥᠨ》 ᠭᠡᠵᠦ ᠺᠤᠮᠫᠠᠨᠢ ᠵᠢᠨ ᠳᠡᠳ᠋ ᠶᠡᠷᠦᠩᠬᠡᠶ ᠳᠠᠭᠠᠭᠠᠮᠠᠯ ᠯᠢᠦ ᠭᠤᠸᠠᠩ ᠵᠢᠩ 《ᠵᠢᠵᠢᠭ ᠲᠥᠮᠥᠰᠥ᠍》 ᠵᠢ ᠵᠢᠭᠠᠵᠤ ᠲᠠᠨᠢᠯᠴᠠᠭᠤᠯᠤᠨ᠎ᠠ᠃ ᠤᠳᠤ ᠤᠯᠠᠭᠠᠨᠴᠠᠪ ᠬᠣᠲᠠ ᠶ᠋ᠢᠨ ᠵᠢᠯ ᠤ᠋ᠨ ᠲᠥᠮᠥᠰᠥ᠍ ᠳᠠᠷᠢᠬᠤ ᠲᠠᠯᠠᠪᠠᠶ 305 ᠲᠦᠮᠡᠨ ᠮᠥ᠍ ᠳ᠋ᠤ ᠬᠦᠷᠴᠦ᠂ ᠡᠭᠦᠨ ᠳ᠋ᠤ ᠳᠥᠷᠪᠡᠳ ᠬᠣᠱᠢᠭᠤ 52 ᠲᠦᠮᠡᠨ ᠮᠥ᠍ ᠲᠦᠮᠦᠰᠤ ᠲᠠᠷᠢᠵᠦ ᠪᠥᠬᠥ᠌ ᠬᠣᠲᠠ ᠶ᠋ᠢᠨ ᠵᠢᠡᠨ ᠲᠡᠷᠢᠭᠦᠨ ᠳ᠋ᠤ ᠣᠷᠣᠵᠤ᠂ ᠬᠣᠶᠠᠳᠤᠭᠠᠷ ᠪᠦᠯᠦᠭ ᠤ᠋ᠨ ᠤᠯᠤᠰ ᠤ᠋ᠨ ᠰᠠᠢᠨ ᠡᠬᠦᠯᠳᠡᠷ ᠤ᠋ᠨ ᠦᠷ᠎ᠠ ᠵᠢᠨ ᠲᠥᠮᠥᠰᠥ ᠪᠣᠢᠵᠢᠭᠤᠯᠬᠤ ᠰᠠᠭᠤᠷᠢᠨ ᠤ᠋ ᠨᠢᠭᠡ ᠪᠡᠷ ᠦᠨᠡᠯᠡᠭ᠌ᠳᠡᠪᠡ᠃ ᠡᠨᠡ ᠪᠣᠯ ᠤᠯᠠᠭᠠᠨᠴᠠᠪ ᠬᠤᠳᠠ ᠵᠢᠨ ᠤᠯᠤᠰ ᠤ᠋ᠨ ᠠᠮᠤ ᠪᠤᠳᠠᠭᠠᠨ ᠤ᠋ ᠠᠮᠤᠷ ᠲᠦᠪᠱᠢᠨ ᠤ᠋ ᠪᠠᠢᠯᠳᠤᠬᠤ ᠪᠣᠳᠣᠯᠭ᠎ᠠ ᠵᠢ ᠨᠠᠢᠳᠠᠪᠤᠷᠢᠵᠢᠭᠤᠯᠵᠤ᠂ ᠦᠷ᠎ᠡ ᠶ᠋ᠢᠨ ᠢᠨᠵᠧᠨᠧᠷᠢᠩ ᠢ᠋ ᠪᠥᠬᠥ᠌ ᠲᠠᠯ᠎ᠠ ᠪᠠᠷ ᠠᠬᠢᠭᠤᠯᠵᠤ ᠪᠠᠢᠭ᠎ᠠ ᠪᠤᠳᠠᠳᠠᠢ ᠠᠷᠭ᠎ᠠ ᠬᠡᠮᠵᠢᠶ᠎ᠡ ᠪᠤᠯᠬᠤ ᠶᠤᠮ ᠃
ᠤᠯᠠᠭᠠᠨᠴᠠᠪ ᠬᠣᠲᠠ ᠤᠢᠷ᠎ᠠ ᠵᠢᠨ ᠵᠢᠯ ᠳ᠋ᠤ ᠲᠥᠮᠥᠰᠥᠨ ᠤ᠋ ᠠᠵᠤ ᠦᠶ᠋ᠯᠡᠰ ᠤ᠋ᠨ ᠬᠡᠯᠬᠢᠶ᠎ᠡ ᠵᠢ ᠬᠦᠴᠦᠯᠡᠨ ᠤᠷᠲᠤᠳᠭᠠᠵᠤ᠂ ᠲᠥᠮᠥᠰᠥ ᠵᠢ ᠭᠤᠯᠢᠷ᠂ ᠰᠤᠯᠠ ᠢᠳᠡᠬᠡᠨ᠂ ᠹᠸᠨᠲ᠋ᠢᠶᠤᠤᠷ ᠪᠤᠯᠭᠠᠨ ᠪᠤᠯᠪᠠᠰᠤᠷᠠᠭᠤᠯᠵᠤ ᠪᠠᠢᠬᠤ ᠪᠡᠷ ᠪᠠᠷᠠᠬᠤ ᠥᠬᠡᠶ ᠂ ᠪᠠᠰᠠ ᠨᠠᠷᠢᠯᠢᠭ ᠡᠳ᠋ᠰᠢᠬᠦᠯᠬᠦ ᠪᠡᠷ ᠲᠠᠮᠵᠢᠨ ᠡᠲ᠋ᠢᠯ ᠠᠯᠺᠦᠤᠯ᠂ ᠰᠦᠨ ᠬᠦᠴᠢᠯ ᠤ᠋ᠨ ᠢᠰᠭᠡᠯᠲᠡ ᠪᠠ ᠱᠢᠮ᠎ᠡ ᠲᠡᠵᠢᠭᠡᠯ ᠤ᠋ᠨ ᠨᠡᠮᠡᠯᠲᠡ ᠡᠳ᠋ ᠵᠡᠷᠭᠡ ᠦᠶ ᠣᠯᠠᠨ ᠠᠵᠤ ᠦᠶ᠋ᠯᠡᠳᠪᠦᠷᠢ ᠶ᠋ᠢᠨ ᠦᠶ᠋ᠯᠡᠳᠬᠦᠨ ᠪᠤᠯᠭᠠᠵᠤ᠂ ᠡᠲᠡᠭᠡᠷ ᠨᠠᠷᠢᠯᠢᠭ ᠡᠳ᠋ᠱᠢᠭᠦᠯᠦᠭ᠌ᠰᠡᠨ ᠦᠶ᠋ᠯᠡᠳᠬᠦᠨ ᠵᠢᠡᠨ ᠠᠷᠪᠠᠨ ᠬᠡᠳᠦᠨ ᠤᠯᠤᠰ ᠲᠦ᠍ ᠪᠣᠷᠣᠯᠠᠭᠤᠯᠵᠤ ᠪᠠᠢᠨ᠎ᠠ᠃
ᠤᠯᠠᠭᠠᠨᠴᠠᠪ ᠤ᠋ᠨ ᠡᠭᠡᠳᠡᠭᠰᠡᠨ ᠰᠦ — ᠲᠠᠯ᠎ᠠ ᠨᠤᠲᠤᠭ ᠤ᠋ᠨ ᠠᠮᠳᠠᠳᠦ ᠤᠮᠳᠠᠭᠠᠨ
《ᠤᠯᠠᠭᠠᠨᠴᠠᠪ ᠤ᠋ᠨ ᠡᠭᠡᠳᠡᠭᠰᠡᠨ ᠰᠦ ᠵᠢᠨ ᠬᠠᠮᠤᠭ ᠤ᠋ᠨ ᠶᠡᠬᠡ ᠣᠨᠴᠠᠯᠢᠭ ᠪᠣᠯ ᠪᠤᠯᠪᠠᠰᠤᠷᠠᠭᠤᠯᠤᠯᠳᠠ ᠵᠢᠨ ᠤᠷ᠎ᠠ ᠮᠡᠷᠬᠡᠵᠢᠯ ᠪᠣᠯᠤᠨ᠎ᠠ ᠃ ᠪᠢ ᠪᠤᠯ ᠤᠯᠠᠭᠠᠨᠴᠠᠪ ᠤ᠋ᠨ ᠡᠭᠡᠳᠡᠭᠰᠡᠨ ᠰᠦ ᠪᠤᠯᠪᠠᠰᠤᠷᠠᠭᠤᠯᠬᠤ ᠤᠷ᠎ᠠ ᠮᠡᠷᠭᠡᠵᠢᠯ ᠤ᠋ᠨ ᠳᠥᠷᠪᠡᠳᠦᠭᠡᠷ ᠦᠶ᠎ᠡ ᠵᠢᠨ ᠤᠯᠠᠮᠵᠢᠯᠠᠭᠴᠢ ᠮᠦᠨ᠂ ᠪᠢᠳᠡ ᠡᠪᠦᠭᠡ ᠳᠡᠭᠡᠳᠦᠰ ᠤ᠋ᠨ ᠵᠢᠡᠨ ᠤᠷ᠎ᠠ ᠮᠡᠷᠭᠡᠵᠢᠯ ᠢ᠋ ᠤᠯᠠᠮᠵᠢᠯᠠᠨ ᠵᠠᠯᠭᠠᠮᠵᠢᠯᠠᠵᠦ 〈ᠲᠠᠯ᠎ᠠ ᠨᠤᠲᠤᠭ ᠤ᠋ᠨ ᠡᠵᠢ〉 ᠶ᠋ᠢᠨ ᠬᠢᠭᠰᠡᠨ ᠡᠬᠡᠳᠡᠭᠰᠡᠨ ᠰᠦ ᠵᠢᠨ ᠦᠨᠦᠷ ᠠᠮᠲᠠ ᠵᠢ ᠬᠠᠳᠠᠭᠠᠯᠠᠭ᠍ᠰᠠᠭᠠᠷ ᠢᠷᠡᠯ᠎ᠠ》 ᠭᠡᠵᠦ᠍ ᠥᠪᠥᠷ ᠮᠣᠩᠭᠣᠯ ᠤ᠋ᠨ ᠯᠠᠠ ᠭᠡ ᠭᠡ ᠰᠦ ᠵᠢᠨ ᠦᠶ᠋ᠯᠡᠰ ᠤ᠋ᠨ ᠬᠢᠵᠠᠭᠠᠷᠲᠤ ᠺᠣᠮᠫᠠᠨᠢ ᠶ᠋ᠢᠨ ᠬᠡᠷᠡᠭ ᠮᠡᠳᠡᠭ᠌ᠴᠢᠳ ᠤ᠋ᠨ ᠳᠠᠷᠤᠭ᠎ᠠ ᠼᠦᠢ ᠵᠢᠶ ᠫᠢᠩ ᠬᠡᠯᠡᠨ᠎ᠠ᠃
ᠤᠯᠠᠭᠠᠨᠴᠠᠪ ᠤ᠋ᠨ《ᠳᠤᠮᠳᠠᠳᠤ ᠤᠯᠤᠰ ᠤ᠋ᠨ ᠡᠭᠡᠳᠡᠭ᠌ᠰᠡᠨ ᠰᠦ ᠵᠢᠨ ᠬᠣᠲᠠ》 ᠬᠡᠮᠡᠬᠦ ᠠᠯᠳᠠᠷ ᠨᠠᠷᠠ ᠨᠢ ᠪᠠᠰᠠ ᠮᠠᠰᠢ ᠣᠯᠠᠨ ᠭᠠᠳᠠᠷ ᠣᠷᠣᠨ ᠤ᠋ ᠠᠷᠠᠯᠵᠢᠶᠡᠴᠢᠨ ᠢ᠋ ᠲᠡᠳᠡᠨ ᠠᠪᠴᠢᠷᠠᠵᠤ ᠨᠤᠳᠤᠬᠰᠢᠭᠤᠯᠪᠠ᠃ 《ᠤᠯᠠᠭᠠᠨᠴᠠᠪ ᠲᠦ᠍ ᠴᠢᠨᠠᠷ ᠰᠠᠢᠲᠠᠶ ᠰᠦ ᠶ᠋ᠢᠨ ᠢᠷᠡᠯᠲᠡ ᠪᠠᠢᠬᠤ ᠪᠠᠷ ᠪᠠᠷᠠᠬᠤ ᠥᠬᠡᠶ᠂ ᠵᠠᠮ ᠬᠠᠷᠢᠯᠴᠠᠭ᠎ᠠ ᠪᠠᠰᠠ ᠳᠥᠭᠥᠮ ᠳᠥᠲᠡ ᠪᠠᠢᠵᠤ᠂ ᠭᠠᠳᠠᠨ᠎ᠠ ᠡᠴᠡ ᠢᠷᠡᠭᠰᠡᠨ ᠠᠷᠠᠯᠵᠢᠶᠠᠴᠢᠳ ᠤ᠋ᠨ ᠲᠠᠭᠠᠰᠢᠶᠠᠯ ᠢ᠋ ᠤᠯᠵᠤ ᠪᠠᠢᠨ᠎ᠠ ᠃ ᠪᠢᠳᠡ ᠲᠣᠰ ᠭᠠᠵᠠᠷ ᠤ᠋ᠨ ᠳᠠᠪᠠᠭᠤᠯᠢᠭ ᠲᠠᠭᠠᠨ ᠲᠦᠱᠢᠭ᠌ᠯᠡᠨ ᠪᠡᠭᠡᠵᠢᠩ ᠲᠢᠶᠠᠨᠵᠢᠨ ᠾᠸᠪᠸᠢ ᠵᠢᠨ ᠲᠣᠮᠣ ᠵᠠᠬ᠎ᠠ ᠳᠡᠯᠭᠡᠭᠦᠷ ᠢ᠋ ᠥᠷᠭᠡᠳᠭᠡᠵᠦ᠍᠂ ᠤᠯᠠᠭᠠᠨᠴᠠᠪ ᠤ᠋ᠨ ᠡᠭᠡᠳᠡᠭ᠌ᠰᠡᠨ ᠰᠦ ᠶ᠋ᠢᠨ ᠦᠶ᠋ᠯᠡᠳᠬᠦᠨ ᠢ᠋ ᠯᠠᠪᠳᠠᠭᠤᠨ ᠪᠠᠲᠤᠲᠠᠶ ᠰᠠᠢᠲᠤᠷ ᠬᠢᠬᠦ᠌ ᠪᠡᠷ ᠵᠣᠷᠢᠭ ᠱᠢᠭᠤᠳᠴᠤ᠌ ᠪᠠᠢᠨ᠎ᠠ》 ᠭᠡᠵᠦ ᠪᠡᠭᠡᠵᠢᠩ ᠤ᠋ᠨ ᠵᠢᠨ ᠱ᠌ᠢ ᠳ᠋ᠠᠢ ᠰᠦ ᠵᠢᠨ ᠦᠢᠯᠡᠰ ᠤ᠋ᠨ ᠬᠢᠵᠠᠭᠠᠷᠲᠤ ᠺᠣᠮᠫᠠᠨᠢ ᠶ᠋ᠢᠨ ᠬᠡᠷᠡᠭ ᠮᠡᠳᠡᠭ᠌ᠴᠢᠳ ᠤ᠋ᠨ ᠳᠠᠷᠤᠭ᠎ᠠ ᠭᠤᠤ ᠵᠢᠶᠦ᠋ᠨ ᠬᠣᠩ ᠰᠤᠷᠪᠤᠯᠵᠢᠯᠠᠭ᠍ᠴᠢ ᠳ᠋ᠦ ᠶᠠᠷᠢᠨ᠎ᠠ ᠃
ᠤᠳᠤ ᠤᠯᠠᠭᠠᠨᠴᠠᠪ ᠤ᠋ᠨ ᠡᠭᠡᠳᠡᠭ᠌ᠰᠡᠨ ᠰᠦ ᠶ᠋ᠢᠨ ᠵᠢᠯ ᠤ᠋ᠨ ᠭᠠᠷᠤᠯᠲᠠ 8 ᠲᠦᠮᠡᠨ ᠲᠣᠨ ᠢ᠋ ᠲᠠᠪᠠᠵᠤ᠂ ᠡᠭᠡᠳᠡᠭ᠌ᠰᠡᠨ ᠰᠦ ᠶ᠋ᠢᠨ ᠤᠮᠳᠠᠭᠠᠨ᠂ ᠡᠭᠡᠳᠡᠭ᠌ᠰᠡᠨ ᠰᠦ ᠶ᠋ᠢᠨ ᠰᠤᠯᠠ ᠢᠳᠡᠭᠡᠨ᠂ ᠡᠭᠡᠳᠡᠭ᠌ᠰᠡᠨ ᠰᠦ ᠶ᠋ᠢᠨ ᠬᠠᠭ᠍ᠰᠠᠭᠠᠮᠠᠯ ᠵᠡᠷᠬᠡ ᠰᠢᠷᠢᠰ ᠦᠶ᠋ᠯᠡᠳᠬᠦᠨ ᠲᠠᠢ ᠪᠤᠯᠵᠠᠢ᠃ ᠤᠯᠠᠭᠠᠨᠴᠠᠪ ᠬᠤᠳᠠ ᠨᠡᠢᠰᠯᠡᠯ ᠪᠡᠭᠡᠵᠢᠩ ᠲᠡᠶ ᠬᠥᠷᠱᠢᠯᠡᠵᠦ᠍᠂ ᠤᠮᠠᠷᠠᠲᠤ ᠣᠷᠣᠨ᠂ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠵᠡᠷᠭᠡ ᠭᠤᠷᠪᠠᠨ ᠶᠡᠬᠡ ᠠᠵᠤ ᠠᠬᠤᠶ ᠶ᠋ᠢᠨ ᠣᠷᠣᠨ ᠢ᠋ ᠬᠣᠯᠪᠣᠭ᠍ᠰᠠᠨ ᠵᠠᠮ ᠬᠠᠷᠢᠯᠴᠠᠭᠠᠨ ᠤ᠋ ᠬᠦᠶ᠋ᠰᠦ ᠪᠤᠯᠬᠤ ᠶᠤᠮ᠃ ᠡᠢᠮᠦᠷᠬᠦᠦ ᠣᠷᠣᠨ ᠪᠠᠢᠷᠢ ᠶ᠋ᠢᠨ ᠳᠠᠪᠠᠭᠤᠯᠢᠭ ᠨᠢ ᠤᠯᠠᠭᠠᠨᠴᠠᠪ ᠤ᠋ᠨ ᠡᠭᠡᠳᠡᠭᠰᠡᠨ ᠰᠦ ᠵᠢᠨ ᠦᠢᠯᠡᠰ ᠤ᠋ᠨ ᠤᠯᠤᠰ ᠳᠠᠶᠠᠭᠠᠷ ᠲᠦ᠍ ᠦᠷᠭᠡᠵᠢᠨ ᠬᠦᠭᠵᠢᠬᠦ ᠳ᠋ᠦ ᠵᠢᠭᠦᠷ ᠤᠷᠭᠤᠭᠤᠯᠤᠭ᠍ᠰᠠᠨ ᠠᠵᠢ ᠃
ᠰᠤᠷᠪᠤᠯᠵᠢᠯᠠᠭ᠍ᠴᠢ ᠶ᠋ᠢᠨ ᠣᠢᠯᠠᠭᠠᠭ᠍ᠰᠠᠨ ᠵᠢᠡᠷ᠂ ᠡᠨᠡ ᠵᠢᠯ ᠤᠯᠠᠭᠠᠨᠴᠠᠪ ᠬᠣᠲᠠ《ᠪᠣᠭᠣᠳᠠᠶ᠂ ᠢᠳᠡᠰᠢᠨ ᠨᠣᠭᠣᠭ᠎ᠠ᠂ ᠲᠥᠮᠥᠰᠥ᠍᠂ ᠬᠣᠨᠢᠨ ᠮᠢᠬ᠎ᠠ᠂ ᠦᠬᠡᠷ ᠤ᠋ᠨ ᠮᠢᠬ᠎ᠠ᠂ ᠰᠦ》 ᠬᠡᠬᠦ ᠵᠢᠷᠭᠤᠭᠠᠨ ᠶᠡᠬᠡ ᠳᠠᠪᠠᠭᠤᠯᠢᠭ ᠠᠵᠤ ᠦᠶ᠋ᠯᠡᠰ ᠤ᠋ᠨ ᠵᠢᠡᠨ ᠲᠣᠭᠣᠷᠢᠨ ᠳ᠋ᠦ 《ᠤᠯᠠᠭᠠᠨᠴᠠᠪ ᠤ᠋ᠨ ᠦᠨᠦᠷ ᠠᠮᠲᠠ》 ᠪᠦᠬᠦᠢ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠳᠡᠭ᠌ ᠢ᠋ ᠬᠦᠴᠦᠯᠡᠨ ᠴᠤᠭᠴᠠᠯᠠᠵᠤ ᠡᠬᠢᠯᠡᠯ᠎ᠠ᠃ ᠣᠳᠣᠬᠠᠨ ᠳ᠋ᠦ᠂ ᠤᠯᠠᠭᠠᠨᠴᠠᠪ ᠬᠤᠳᠠ ᠨᠣᠬᠠᠶ ᠶ᠋ᠢᠨ ᠬᠣᠱᠢᠭᠤ᠂ ᠲᠥᠮᠥᠰᠥ᠍᠂ ᠡᠭᠡᠳᠡᠭ᠌ᠰᠡᠨ ᠰᠦ ᠪᠡᠷ ᠱᠢᠪᠲᠤᠯᠤᠯᠳᠠ ᠵᠢᠨ ᠴᠡᠭ ᠪᠣᠯᠭᠠᠨ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠳᠡᠭ ᠤ᠋ᠨ ᠪᠠᠢᠭᠤᠯᠤᠯᠲᠠ ᠵᠢ ᠠᠯᠬᠤᠮ ᠠᠯᠬᠤᠮ ᠵᠢᠡᠷ ᠠᠬᠢᠭᠤᠯᠵᠤ ᠂ 《ᠤᠯᠠᠭᠠᠨᠴᠠᠪ ᠤ᠋ᠨ ᠦᠨᠦᠷ ᠠᠮᠲᠠ》 ᠵᠢ ᠤᠯᠤᠰ ᠲᠠᠶᠠᠭᠠᠷ ᠲᠦ᠍ ᠬᠠᠩᠬᠤᠯᠤᠭᠤᠯᠬᠤ ᠪᠡᠷ ᠴᠢᠷᠮᠠᠢᠵᠤ ᠪᠠᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃