2022-09-12 10:17:27
ᠮᠠᠯᠳᠠᠵᠤ ᠬᠤᠷᠢᠶᠠᠬᠤ ᠮᠠᠱᠢᠨ ᠨᠠᠭᠠᠰᠢ ᠴᠠᠭᠠᠰᠢ ᠰᠦᠯᠵᠢᠯᠳᠦᠨ ᠠᠵᠢᠯᠯᠠᠬᠤ᠎ᠶ᠋ᠢ ᠳᠠᠭᠠᠯᠳᠤᠨ᠂ ᠭᠥᠯᠢᠭᠡᠷ ᠰᠠᠢᠬᠠᠨ ᠲᠤᠮᠤ ᠲᠥᠮᠥᠰᠥ᠍ ᠬᠣᠢᠨ᠎ᠠ ᠬᠣᠢᠨ᠎ᠠ᠎ᠡᠴᠡ᠎ᠪᠠᠨ《ᠬᠦᠷᠦᠰᠦᠨ᠎ᠡᠴᠡ ᠰᠤᠭᠤᠷᠠᠨ》 ᠭᠠᠷᠴᠤ᠌ ᠢᠷᠡᠯ᠎ᠡ᠃ 20 ᠭᠠᠷᠤᠶ ᠠᠵᠢᠯᠴᠢᠨ ᠪᠤᠰᠢᠭᠤ ᠱᠠᠯᠠᠮᠠᠭᠠᠢ᠎ᠪᠡᠷ ᠲᠥᠮᠥᠰᠥ᠎ᠶ᠋ᠢ ᠲᠡᠭᠦᠵᠤ ᠰᠠᠭᠤᠯᠠᠭ᠎ᠠ᠎ᠳᠤ ᠬᠢᠵᠦ᠍᠂ ᠤᠭᠤᠲᠠᠨ᠎ᠳᠤ ᠰᠠᠪᠠᠯᠠᠵᠤ ᠠᠮᠵᠢᠨ᠎ᠠ᠃ ᠪᠠᠴᠢᠮ ᠶᠠᠭᠠᠷᠠᠯᠳᠠᠢ ᠬᠥᠳᠡᠯᠮᠦᠷᠢᠯᠡᠵᠦ ᠪᠠᠢᠭ᠎ᠠ ᠬᠦᠮᠦᠰ᠎ᠤᠨ ᠴᠢᠷᠠᠢ ᠳ᠋ᠤ ᠡᠯᠪᠡᠭ ᠬᠤᠷᠢᠶᠠᠯᠲᠠ᠎ᠶ᠋ᠢᠨ ᠪᠠᠶᠠᠷ ᠪᠠᠶᠠᠰᠤᠯ ᠲᠤᠳᠤᠷᠠᠨ᠎ᠠ ᠃
《ᠡᠨᠡ ᠬᠡᠰᠡᠭ ᠲᠥᠮᠥᠰᠥ᠎ᠶ᠋ᠢᠨ ᠲᠠᠷᠢᠶ᠎ᠠ ᠨᠡᠢ᠌ᠲᠡ 50 ᠮᠦ᠍᠂ ᠮᠦ᠍ ᠪᠦᠷᠢ᠎ᠶ᠋ᠢᠨ ᠤᠨᠠᠯᠲᠠ ᠲᠤᠯᠤᠭ᠎ᠠ ᠨᠠᠢ᠍ᠮᠠᠨ ᠮᠢᠩᠭᠠᠨ ᠵᠢᠩ᠂ ᠨᠢᠭᠡ ᠵᠢᠩ ᠳ᠋ᠡᠭᠡᠨᠨᠢᠭᠡ ᠲᠥᠭᠥᠷᠢᠭ᠎ᠢᠶᠡᠷ ᠪᠤᠳᠤᠪᠠᠯ᠂ ᠮᠦ᠍ ᠪᠦᠷᠢ᠎ᠶ᠋ᠢᠨ ᠣᠷᠣᠯᠭ᠎ᠠ ᠲᠤᠯᠤᠭ᠎ᠠ ᠨᠠᠢ᠍ᠮᠠᠨ ᠮᠢᠩᠭᠠᠨ ᠲᠥᠭᠥᠷᠢᠭ ᠲᠤ᠌ ᠬᠦᠷᠦᠨ᠎ᠡ᠃ ᠲᠦᠮᠦᠰᠦ ᠪᠠᠨ ᠬᠤᠷᠢᠶᠠᠵᠤ ᠪᠠᠷᠠᠬᠰᠠᠨ᠎ᠤ ᠲᠠᠷᠠᠭ᠎ᠠ ᠴᠠᠭᠠᠨ ᠨᠣᠭᠣᠭ᠎ᠠ ᠲᠠᠷᠢᠪᠠᠯ ᠨᠢᠭᠡ ᠮᠦ᠍ ᠭᠠᠵᠠᠷ᠎ᠡᠴᠡ 10000 ᠵᠢᠩ ᠬᠤᠷᠢᠶᠠᠨ᠎ᠠ᠂ ᠵᠢᠩ ᠪᠦᠷᠢ᠎ᠳᠡᠭᠡᠨ 20 ᠮᠥᠩᠭᠥ᠌ ᠂ ᠮᠦ᠍ ᠪᠦᠷᠢ᠎ᠶ᠋ᠢᠨ ᠣᠷᠣᠯᠭ᠎ᠠ 2000 ᠲᠥᠭᠥᠷᠢᠭ ᠬᠦᠷᠦᠨ᠎ᠡ᠃ ᠬᠥᠮᠦᠨ᠎ᠦ ᠬᠦᠴᠦ᠍ ᠂ ᠪᠣᠷᠳᠣᠭᠤᠷ ᠤᠷᠤᠭᠤᠯᠬᠤ ᠵᠡᠷᠭᠡ ᠪᠡᠯᠡ ᠣᠷᠣᠭᠤᠯᠤᠯᠲᠠ᠎ᠶ᠋ᠢ ᠭᠠᠷᠭᠠᠪᠠᠯ᠂ ᠬᠣᠶᠠᠷ ᠤᠳᠠᠭ᠎ᠠ ᠲᠠᠷᠢᠭ᠍ᠰᠠᠨ ᠮᠦ᠍ ᠪᠦᠷᠢ᠎ᠶ᠋ᠢᠨ ᠴᠡᠪᠡᠷ ᠣᠷᠣᠯᠭ᠎ᠠ ᠠᠳᠠᠭ᠎ᠲᠠᠭᠠᠨ 5000 ᠲᠥᠭᠥᠷᠢᠭ ᠲᠸ᠋ ᠬᠦᠷᠦᠨ᠎ᠠ 》 ᠭᠡᠵᠦ᠍ ᠺᠠᠢᠯᠦ᠍ ᠱᠢᠶᠠᠨ᠎ᠤ ᠶᠡᠬᠡᠲᠠᠯ᠎ᠠ ᠪᠠᠯᠭᠠᠰᠤ᠎ᠶ᠋ᠢᠨ ᠶᠦᠩ ᠵᠢᠨ ᠲᠣᠰᠭᠣᠨ᠎ᠤ ᠰᠦᠨ ᠱᠢᠶᠠᠨ ᠯᠢᠶᠠᠩ ᠪᠠᠶᠠᠷ ᠲᠠᠢ ᠶᠠᠷᠢᠵᠤ ᠪᠠᠢᠯ᠎ᠠ᠃
ᠲᠤᠬᠠᠢ᠎ᠶ᠋ᠢᠨ ᠲᠠᠯᠠᠪᠠᠢ᠎ᠳᠤ᠂ ᠱᠠᠨᠳᠦ᠋ᠩ᠎ᠡᠴᠡ ᠢᠷᠡᠭ᠌ᠰᠡᠨ ᠲᠤᠮᠦᠰᠦ ᠬᠤᠳᠠᠯᠳᠤᠨ ᠠᠪᠬᠤ ᠬᠤᠳᠠᠯᠳᠤᠭᠠᠴᠢᠨ ᠯᠢᠦ ᠾᠧ ᠬᠣᠩ ᠠᠵᠢᠯᠴᠢᠳ᠎ᠢ ᠵᠢᠯᠣᠭᠣᠳᠤᠨ ᠲᠤᠮᠦᠰᠦ ᠵᠢ ᠲᠡᠰ ᠬᠤᠪᠢᠶᠠᠨ ᠲᠡᠭᠦᠵᠦ ᠰᠠᠪᠠᠯᠠᠵᠤ ᠪᠠᠢᠯ᠎ᠠ᠃ ᠶᠡᠬᠡᠲᠠᠯ᠎ᠠ ᠪᠠᠯᠭᠠᠰᠤᠨ᠎ᠤ ᠲᠥᠮᠥᠰᠥᠨ᠎ᠦ ᠶᠠᠰᠤ ᠴᠢᠨᠠᠷ᠂ ᠲᠠᠷᠠᠭᠠᠴᠢ᠎ᠶ᠋ᠢᠨ ᠠᠯᠬᠤᠮ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠵᠢᠨ ᠲᠤᠬᠠᠢ ᠶᠠᠷᠢᠬᠤ᠎ᠳᠠᠭᠠᠨ ᠲᠡᠷᠡ ᠄ 《 ᠡᠨᠳᠡᠬᠢ ᠬᠥᠷᠥᠰᠥ᠍ ᠱᠢᠷᠣᠶ ᠲᠥᠮᠥᠰᠥ᠍ ᠳᠠᠷᠢᠬᠤ᠎ᠳᠤ ᠨᠡᠯᠢᠶᠡᠳ ᠲᠣᠬᠢᠷᠠᠮᠵᠢᠲᠠᠶ᠂ ᠲᠥᠮᠥᠰᠥᠨ᠎ᠦ ᠶᠠᠰᠤ ᠴᠢᠨᠠᠷ᠎ᠨᠢ ᠴᠦ᠍ ᠮᠠᠰᠢ ᠰᠠᠢᠨ᠃ ᠳᠠᠷᠠᠭ᠎ᠠ ᠵᠢᠯ ᠪᠢ ᠡᠨᠳᠡ 3000 ᠮᠤ᠌᠎ᠡᠴᠡ ᠳᠡᠭᠡᠭ᠌ᠰᠢ ᠲᠦᠮᠦᠰᠦ ᠲᠠᠷᠢᠬᠤ ᠰᠠᠭᠤᠷᠢᠨ᠎ᠢ ᠬᠥᠭ᠌ᠵᠢᠭᠦᠯᠬᠦ᠌ ᠰᠠᠨᠠᠭ᠎ᠠ᠎ᠲᠠᠶ ᠂ ᠪᠢᠳᠡ ᠲᠥᠮᠥᠰᠥ᠍ ᠳᠠᠷᠢᠬᠤ ᠦᠶ᠋ᠯᠡᠴᠢᠯᠡᠭᠡ ᠬᠠᠩᠭᠠᠵᠤ᠂ ᠦᠨ᠎ᠡ ᠲᠥᠯᠥᠪᠦᠷᠢ ᠥᠬᠡᠶ᠎ᠪᠡᠷ ᠮᠡᠷᠭᠡᠵᠢᠯ ᠬᠠᠩᠭᠠᠵᠤ ᠂ ᠵᠠᠬᠢᠶᠠᠯᠠᠭ᠎ᠠ ᠵᠢᠨ ᠬᠡᠯᠪᠡᠷᠢ ᠪᠡᠷ ᠲᠦᠮᠦᠰᠦᠬᠣᠳᠠᠯᠳᠤᠨ ᠠᠪᠴᠤ᠌᠂ ᠲᠠᠷᠢᠮᠠᠯ᠎ᠤᠨ ᠡᠷᠦᠬᠡ᠎ᠶ᠋ᠢᠨ ᠰᠠᠨᠠᠭᠠᠱᠢᠷᠠᠵᠤ ᠪᠠᠢᠭ᠎ᠠ ᠠᠰᠠᠭᠤᠳᠠᠯ᠎ᠢ ᠱᠢᠶ᠋ᠳᠪᠦᠷᠢᠯᠡᠨ᠎ᠡ》 ᠭᠡᠪᠡ᠃
ᠶᠦᠩ ᠵᠢᠨ ᠲᠣᠰᠭᠣᠨ᠎ᠤ ᠲᠥᠮᠥᠰᠥ᠍ ᠡᠯᠪᠡᠭ ᠬᠤᠷᠢᠶᠠᠯᠲᠠ ᠣᠯᠤᠬᠰᠠᠨ ᠬᠡᠬᠦ ᠳ᠋ᠤ ᠫᠢᠩ ᠠᠨ ᠲᠣᠰᠭᠣᠨ᠎ᠤ ᠥᠯᠵᠡᠢᠲᠦ ᠤᠳᠪᠠᠯᠠ ᠴᠤ᠌ ᠡᠯᠪᠡᠭ ᠬᠤᠷᠢᠶᠠᠯᠲᠠ ᠤᠯᠤᠬᠰᠠᠨ ᠶᠤᠮ᠃
ᠫᠢᠩ ᠠᠨ ᠲᠣᠰᠭᠣᠨ᠎ᠳᠤ ᠬᠦᠷᠪᠡᠯ ᠂ ᠬᠦᠢᠰ ᠬᠥᠢᠰ ᠠᠯᠲᠠᠨ ᠱᠢᠷᠭᠠᠯ ᠥᠩᠭᠡᠲᠡᠶ ᠥᠯᠵᠡᠢᠲᠦ ᠤᠳᠪᠠᠯᠠ ᠬᠠᠷᠠᠭᠠᠨ᠎ᠳᠤ ᠲᠤᠳᠤᠷᠠᠵᠤ ᠂ ᠬᠠᠭᠠᠰ ᠪᠥᠮᠪᠥᠷᠴᠡᠭ ᠬᠡᠯᠪᠡᠷᠢᠲᠦ ᠴᠡᠴᠡᠭᠡᠰ ᠦᠩᠬᠡ ᠪᠤᠯᠢᠶᠠᠯᠳᠤᠨ ᠳᠡᠯᠭᠡᠷᠡᠵᠦ᠍ ᠂ ᠦᠵᠡᠭᠰᠡᠨ ᠪᠦᠬᠦᠨ᠎ᠤ ᠪᠠᠬᠠᠷᠬᠠᠯ᠎ᠢ ᠲᠠᠳᠠᠨ᠎ᠠ᠃ ᠲᠣᠰᠭᠣᠨ᠎ᠤ ᠠᠷᠠᠳ ᠴᠡᠴᠡᠭ᠎ᠦᠨ ᠲᠤᠮᠳᠠᠭᠤᠷ ᠰᠦᠯᠵᠢᠯᠳᠦᠨ ᠴᠡᠴᠡᠭ ᠲᠡᠭᠦᠵᠦ᠍᠂ ᠤᠭᠤᠲᠠᠯᠠᠨ ᠰᠠᠪᠠᠯᠠᠨ᠎ᠠ᠃ ᠲᠣᠰᠭᠣᠨ᠎ᠤ ᠠᠷᠠᠳ ᠭᠦᠸᠧ ᠸᠸᠨ ᠯᠦᠩ ᠰᠤᠷᠪᠤᠯᠵᠢᠯᠠᠭ᠍ᠴᠢ᠎ᠳᠤ᠂ ᠡᠨᠡ ᠵᠢᠯ ᠲᠣᠰᠭᠣᠨ᠎ᠡᠴᠡ ᠲᠤᠰᠬᠤᠨ᠎ᠤ ᠠᠷᠠᠳ᠎ᠢ ᠭᠡᠷ ᠪᠠᠢᠱᠢᠩ᠎ᠤᠨ᠎ᠢᠶᠠᠨ ᠠᠷᠤ ᠥᠪᠥᠷᠲᠡᠬᠢ ᠰᠤᠯᠠ ᠭᠠᠵᠠᠷ᠎ᠢ ᠠᠱᠢᠭ᠍ᠯᠠᠨ ᠦᠯᠵᠡᠢᠲᠦ ᠤᠳᠪᠠᠯᠠ ᠲᠠᠷᠢᠬᠤ᠎ᠵᠢ ᠵᠣᠷᠢᠭ᠍ᠵᠢᠭᠤᠯᠵᠤ᠂ ᠴᠡᠴᠡᠭ᠎ᠦᠨ ᠴᠢᠬᠢ᠂ ᠬᠢᠮᠢ᠎ᠶ᠋ᠢᠨ ᠪᠤᠷᠳᠤᠭᠤᠷ᠂ ᠲᠠᠷᠢᠶᠠᠨ ᠡᠮ᠂ ᠮᠡᠷᠭᠡᠵᠢᠯ᠂ ᠪᠣᠷᠣᠯᠠᠭᠤᠯᠭ᠎ᠠ ᠵᠡᠷᠭᠡ᠎ᠶ᠋ᠢ ᠲᠤᠰᠬᠤᠨ ᠡᠴᠡ ᠨᠢᠭᠡᠳᠦᠯᠲᠡᠢ ᠲᠤᠬᠢᠷᠠᠭᠤᠯᠵᠤ᠂ ᠲᠤᠰᠬᠤᠨ᠎ᠤ ᠠᠷᠠᠳ ᠵᠥᠪᠬᠡᠨ ᠤᠰᠤᠯᠠᠬᠤ᠂ ᠡᠪᠡᠰᠦ ᠠᠷᠢᠯᠭᠠᠬᠤ ᠵᠡᠷᠭᠡ ᠡᠳᠦᠷ ᠲᠤᠳᠤᠮ᠎ᠤᠨ ᠬᠠᠮᠢᠶᠠᠷᠤᠯᠲᠠ ᠬᠠᠮᠠᠭᠠᠯᠠᠯᠲᠠ᠎ᠶ᠋ᠢ ᠬᠠᠷᠢᠭᠤᠴᠠᠪᠠᠯ ᠪᠤᠯᠴᠢᠬᠠᠨ᠎ᠠ ᠭᠡᠪᠡ᠃ 《 7 ᠰᠠᠷ᠎ᠠ᠎ᠶ᠋ᠢᠨ 20᠎ᠤ᠋ ᠡᠳᠦᠷ ᠪᠤᠯ ᠮᠠᠨᠤᠰ᠎ᠤᠨ ᠥᠯᠵᠡᠢᠲᠦ ᠤᠳᠪᠠᠯᠠ ᠪᠠᠨ ᠲᠡᠭᠦᠵᠤ ᠬᠤᠷᠢᠶᠠᠭᠰᠠᠨ ᠠᠨᠭᠬᠠᠨ᠎ᠤ ᠡᠳᠦᠷ᠂ ᠲᠤᠰ ᠡᠳᠦᠷ 500 ᠲᠥᠭᠥᠷᠢᠭ ᠱᠢᠬᠠᠮ ᠬᠤᠳᠠᠯᠳᠤᠵᠠᠢ ᠂ ᠰᠡᠭᠦᠯᠡᠷ ᠨᠢ ᠨᠢᠭᠡ ᠭᠠᠷᠠᠭ ᠨᠢᠭᠡ ᠤᠳᠠᠭ᠎ᠠ ᠲᠡᠭᠦᠵᠦ᠍᠂ ᠬᠢᠷᠠᠭᠤ ᠪᠠᠭᠤᠳᠠᠯ᠎ᠠ ᠲᠡᠭᠦᠵᠦ᠍ ᠪᠤᠯᠤᠨ᠎ᠠ᠂ ᠬᠡᠬᠦ ᠳ᠋ᠡᠭᠡᠨ ᠬᠤᠷᠢᠶᠠᠯᠲᠠ ᠨᠢ ᠤᠳᠠᠭ᠎ᠠ ᠪᠤᠯᠭᠠᠨ ᠨᠡᠮᠡᠭᠳᠡᠵᠦ ᠪᠠᠢᠳᠠᠭ》 ᠭᠡᠵᠦ ᠭᠦᠸᠧ ᠸᠸᠨ ᠯᠦᠩ ᠲᠠᠨᠢᠯᠴᠠᠭᠤᠯᠤᠯ᠎ᠠ ᠂ ᠲᠡᠳᠡᠨᠡᠢᠬᠢᠨᠦ ᠨᠢᠭᠡ ᠮᠦ᠍ ᠭᠠᠷᠤᠢ ᠦᠯᠵᠡᠢᠲᠦ ᠤᠳᠪᠠᠯᠠ ᠡᠴᠡ ᠪᠠᠨ 5000 ᠭᠠᠷᠤᠢ ᠲᠥᠭᠥᠷᠢᠭ᠎ᠤᠨ ᠤᠷᠤᠯᠭ᠎ᠠ ᠤᠯᠳᠠᠭ ᠪᠠᠢᠵᠠᠢ᠃
ᠡᠨᠡ ᠵᠢᠯ᠎ᠡᠴᠡ ᠨᠠᠭᠠᠰᠢ᠂ ᠫᠢᠩ ᠠᠨ ᠲᠣᠰᠭᠣᠨ 《 ᠨᠢᠭᠡ ᠲᠣᠰᠭᠣᠨ ᠨᠢᠭᠡ ᠲᠦᠷᠦᠯ ᠲᠡᠮᠳᠡᠭ ᠢ ᠡᠬᠦᠳᠬᠦ》 ᠬᠥᠭ᠌ᠵᠢᠯᠲᠡ᠎ᠶ᠋ᠢᠨ ᠰᠡᠳᠭᠢᠮᠵᠢ᠎ᠪᠡᠷ ᠂ ᠦᠵᠡᠰᠭᠦᠯᠡᠩᠲᠦ ᠰᠠᠢᠬᠠᠨ ᠬᠥᠳᠡᠭᠡ ᠲᠣᠰᠭᠣᠨ᠎ᠢ ᠪᠦᠳᠦᠭᠡᠨ ᠪᠠᠢᠭᠤᠯᠬᠤ ᠪᠠ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠣᠷᠭᠠᠨᠢᠭ᠎ᠢᠶᠠᠷ ᠤᠶᠠᠯᠳᠤᠭᠤᠯᠵᠤ ᠂ ᠢᠳᠡᠪᠬᠢᠲᠡᠢ᠎ᠪᠡᠷ ᠲᠥᠯᠥᠪᠵᠢᠭᠦᠯᠦᠨ ᠪᠠᠢᠷᠢᠯᠠᠭᠤᠯᠵᠤ᠂ ᠲᠣᠰᠭᠣᠨ᠎ᠤ ᠳᠣᠲᠣᠷᠠᠬᠢ 25 ᠮᠦ᠍ ᠵᠡᠭᠡᠯᠢ ᠭᠤᠳᠤᠮᠵᠢ᠎ᠶ᠋ᠢᠨ ᠬᠣᠶᠠᠷ ᠲᠠᠯ᠎ᠠ ᠵᠢᠨ ᠰᠤᠯᠠ ᠭᠠᠵᠠᠷ᠎ᠤᠨ ᠡᠬᠢ ᠪᠠᠶᠠᠯᠢᠭ᠎ᠢ ᠭᠦᠢᠴᠡᠳ ᠠᠱᠢᠭ᠍ᠯᠠᠵᠤ᠂ ᠵᠠᠬᠢᠶᠠᠯᠠᠭ᠎ᠠ᠎ᠶ᠋ᠢᠨ ᠲᠠᠷᠢᠶᠠᠯᠠᠩ᠎ᠤᠨ ᠬᠡᠯᠪᠡᠷᠢ᠎ᠪᠡᠷ ᠴᠢᠨᠠᠷ ᠰᠠᠢᠲᠠᠢ ᠥᠯᠵᠡᠢᠲᠦ ᠤᠳᠪᠠᠯᠠ᠎ᠶ᠋ᠢᠨ ᠴᠢᠬᠢ᠎ᠶ᠋ᠢ ᠣᠷᠣᠭᠤᠯᠤᠨ ᠲᠠᠷᠢᠵᠦ᠍ ᠂ 《ᠪᠠᠭ᠎ᠠ ᠬᠥᠳᠡᠯᠮᠦᠷᠢ ᠬᠦᠴᠦ᠍ ᠵᠠᠷᠤᠴᠠᠭᠤᠯᠵᠤ ᠂ ᠥᠨᠳᠥᠷ ᠤᠨᠠᠯᠲᠠ ᠤᠯᠬᠤ 》 ᠥᠯᠵᠡᠢᠲᠦ ᠤᠳᠪᠠᠯᠠ᠎ᠶ᠋ᠢ ᠫᠢᠩ ᠠᠨ ᠲᠣᠰᠭᠣᠨ᠎ᠳᠤ ᠨᠤᠳᠤᠬᠰᠢᠭᠤᠯᠵᠠᠢ᠃
ᠫᠢᠩ ᠠᠨ ᠲᠣᠰᠭᠣᠨ᠎ᠤ ᠨᠠᠮ᠎ᠤᠨ ᠡᠭᠦᠷ᠎ᠦᠨ ᠱᠦᠵᠢ ᠂ ᠲᠣᠰᠭᠣᠨ᠎ᠤ ᠠᠷᠠᠳ᠎ᠤᠨ ᠵᠥᠪᠯᠡᠯ᠎ᠦᠨ ᠡᠷᠬᠢᠯᠡᠭ᠌ᠴᠢ ᠸᠠᠩ ᠯᠢ ᠳ᠋ᠦᠩ᠎ᠦᠨ ᠲᠠᠨᠢᠯᠴᠠᠭᠤᠯᠤᠭ᠍ᠰᠠᠨ᠎ᠢᠶᠠᠷ ᠂ ᠲᠣᠰᠭᠣᠨ᠎ᠤ ᠠᠷᠠᠳ ᠦᠯᠵᠡᠢᠲᠦ ᠤᠳᠪᠠᠯᠠ ᠳᠠᠷᠢᠪᠠᠯ ᠪᠠᠯᠠ ᠣᠷᠣᠭᠤᠯᠤᠯᠲᠠ ᠥᠬᠡᠶ ᠂ ᠥᠨᠳᠥᠷ ᠠᠱᠢᠭ ᠣᠷᠣᠯᠭ᠎ᠠ᠎ᠲᠠᠶ ᠪᠥᠭᠡᠳ ᠪᠣᠷᠣᠯᠠᠭᠤᠯᠬᠤ ᠳ᠋ᠤ ᠴᠦ᠍ ᠰᠠᠨᠠᠭ᠎ᠠ ᠵᠤᠪᠠᠬᠤ ᠦᠬᠡᠢ᠃ ᠸᠠᠩ ᠯᠢ ᠳ᠋ᠦᠩ᠄《 ᠪᠢᠳᠡ ᠺᠣᠮᠫᠠᠨᠢ᠎ᠲᠠᠶ ᠦᠯᠵᠡᠢᠲᠦ ᠤᠳᠪᠠᠯᠠ ᠵᠢ ᠵᠢᠩ ᠪᠦᠷᠢ᠎ᠳᠡᠭᠡᠨ 6 ᠮᠥᠩᠭᠥ᠎ᠪᠡᠷ ᠵᠠᠬᠢᠶᠠᠯᠠᠨ ᠬᠤᠳᠠᠯᠳᠤᠨ ᠠᠪᠬᠤ ᠭᠡᠷ᠎ᠡ ᠲᠣᠭ᠍ᠲᠠᠪᠠ᠃ ᠣᠳᠣ ᠨᠢᠭᠡᠨᠲᠡ 4 ᠤᠳᠠᠭ᠎ᠠ ᠲᠡᠭᠦᠵᠦ᠍᠂ ᠠᠱᠢᠭ ᠣᠷᠣᠯᠭ᠎ᠠ ᠨᠢ ᠨᠡᠯᠢᠶᠡᠳ ᠰᠠᠢᠨ᠂ ᠪᠦᠬᠦ᠌ ᠲᠣᠰᠭᠣᠨ᠎ᠤ 25 ᠮᠦ᠍ ᠭᠠᠵᠠᠷ᠎ᠡᠴᠡ ᠤᠯᠤᠬᠰᠠᠨ ᠣᠷᠣᠯᠭ᠎ᠠ 9 ᠲᠦᠮᠡ᠎ᠡᠴᠡ 10 ᠲᠦᠮᠡᠨ ᠲᠥᠭᠥᠷᠢᠭ ᠲᠸ᠋ ᠬᠦᠷᠴᠤ᠂ ᠡᠷᠦᠬᠡ ᠪᠦᠷᠢ᠎ᠶ᠋ᠢᠨ ᠳᠤᠮᠳᠠᠴᠢ ᠣᠷᠣᠯᠭ᠎ᠠ ᠵᠢ1500 —1800 ᠲᠥᠭᠥᠷᠢᠭ ᠨᠡᠮᠡᠭᠳᠡᠬᠦᠯᠵᠠᠢ》 ᠭᠡᠵᠡᠢ᠃
ᠣᠢᠯᠠᠭᠠᠭ᠍ᠰᠠᠨ᠎ᠢᠶᠠᠷ᠂ ᠡᠨᠡ ᠵᠢᠯ ᠺᠠᠢᠯᠦ᠍ ᠱᠢᠶᠠᠨ᠎ᠤ ᠶᠡᠬᠡᠲᠠᠯ᠎ᠠ ᠪᠠᠯᠭᠠᠰᠤ ᠠᠷᠠᠳ ᠤᠯᠠᠨ᠎ᠢ ᠢᠳᠡᠪᠬᠢᠲᠡᠶ ᠬᠥᠲᠥᠯᠦᠨ ᠵᠢᠯᠣᠭᠣᠳᠴᠤ᠌ ᠲᠠᠷᠢᠮᠠᠯ᠎ᠤᠨ ᠪᠦᠲᠦᠴᠡᠳ᠋ᠡᠭᠡᠨ ᠲᠣᠬᠢᠷᠠᠭᠤᠯᠤᠯᠲᠠ ᠬᠢᠵᠦ᠍᠂ ᠬᠥᠭ᠌ᠵᠢᠯᠲᠡ᠎ᠶ᠋ᠢᠨ ᠰᠡᠳᠭᠢᠮᠵᠢ᠎ᠪᠡᠨ ᠬᠤᠪᠢᠷᠠᠭᠤᠯᠤᠨ᠂ ᠤᠨᠴᠠᠯᠢᠬ᠍ᠳᠤ ᠲᠠᠷᠢᠮᠠᠯ᠎ᠢ ᠶᠡᠬᠡᠪᠡᠷ ᠬᠥᠭ᠌ᠵᠢᠭᠦᠯᠵᠦ᠍᠂ ᠲᠥᠮᠥᠰᠥ᠍᠂ ᠥᠯᠵᠡᠢᠲᠦ ᠤᠳᠪᠠᠯᠠ᠂ ᠪᠥᠭᠡᠷᠡᠩᠬᠡᠶ ᠰᠣᠩᠭᠢᠨ᠎ᠠ᠂ ᠪᠣᠯᠣᠳ ᠰᠣᠩᠭᠢᠨ᠎ᠠ ᠵᠡᠷᠭᠡ ᠤᠨᠴᠠᠯᠢᠬ᠍ᠳᠤ ᠠᠵᠤ ᠠᠬᠤᠶ᠎ᠶ᠋ᠢᠨ ᠲᠠᠷᠢᠮᠠᠯ᠎ᠢ ᠨᠡᠢᠲᠡ 3 ᠲᠦᠮᠡᠨ ᠮᠥ᠍ ᠳᠠᠷᠢᠵᠤ᠂ ᠤᠨᠴᠠᠯᠢᠬ᠍ᠳᠤ ᠲᠠᠷᠢᠮᠠᠯ ᠨᠢ ᠠᠷᠠᠳ ᠤᠯᠠᠨ᠎ᠤ ᠣᠷᠣᠯᠭ᠎ᠠ᠎ᠪᠠᠨ ᠨᠡᠮᠡᠭ᠌ᠳᠡᠭᠦᠯᠬᠦ᠌ ᠱᠢᠨ᠎ᠡ ᠬᠦᠰᠡᠯ᠎ᠢ ᠬᠦᠪᠦᠷᠡᠬᠦᠯᠦᠭᠰᠡᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃