2022-04-02 10:00:15
[ᠰᠤᠨᠢᠨ ᠮᠡᠳᠡᠭᠡᠨᠤ ᠡᠷᠭᠢᠴᠡᠭᠦᠯᠦᠯ]
2014 ᠣᠨ ᠤ 1 ᠰᠠᠷᠠ ᠶ᠋ᠢᠨ 26 ᠤ᠋ ᠦᠳᠡ ᠶ᠋ᠢᠨ ᠡᠮᠦᠨᠡ ᠂ ᠰᠢ ᠵᠢᠨ ᠫᠢᠩ ᠲᠤᠰᠭᠠᠢᠯᠠᠨ ᠡᠭᠡ ᠤᠯᠤᠰ ᠤᠨ ᠬᠢᠯᠢ ᠬᠢᠵᠠᠭᠠᠷ ᠪᠤᠯᠬᠤ ᠥᠪᠥᠷ ᠮᠣᠩᠭᠣᠯ ᠤᠨ ᠷᠠᠱᠢᠶᠠᠨ ᠬᠤᠲᠠᠳᠤ ᠬᠦᠷᠴᠦ᠍ ᠂ ᠲᠡᠭᠡᠴᠡ ᠳᠣᠷᠣᠭ᠍ᠰᠢ 30 ᠭᠠᠷᠤᠢ ᠭᠷᠠᠳᠦ᠋ᠰ ᠦᠨ ᠬᠠᠬᠢᠷ ᠬᠦᠢᠳᠡᠨ ᠢ ᠬᠠᠢᠬᠤᠷᠤᠯ ᠦᠭᠡᠢᠪᠡᠷ ᠬᠢᠯᠢ ᠶ᠋ᠢᠨ ᠬᠠᠮᠠᠭᠠᠯᠠᠯᠲᠠ ᠶ᠋ᠢᠨ ᠱᠤᠭᠤᠮ ᠳᠡᠭᠡᠷᠡ ᠴᠠᠭ᠍ᠳᠠᠨ ᠲᠣᠭᠣᠷᠢᠵᠤ᠂ ᠵᠢᠵᠢᠭᠦᠷᠯᠡᠵᠦ᠍ ᠪᠠᠢᠭᠠ ᠳᠠᠷᠤᠭᠠ ᠪᠠᠢᠯᠳᠤᠭ᠍ᠴᠢᠳᠢ ᠲᠣᠬᠣᠨᠢᠭᠤᠯᠪᠠ᠃ ᠪᠠᠢᠯᠳᠤᠬᠴᠢᠳᠤᠨ ᠰᠤᠷᠮᠤᠤᠰᠦ ᠨᠢ ᠴᠠᠩᠳᠤᠬᠰᠠᠨᠢ ᠦᠵᠡᠭᠡᠳ᠂ ᠰᠢ ᠵᠢᠨ ᠫᠢᠩ᠂ ᠡᠳᠦᠷ ᠪᠦᠷᠢ ᠬᠡᠳᠦᠢ ᠤᠷᠲᠦ ᠬᠤᠭᠤᠴᠠᠭᠠ᠂ ᠬᠡᠲᠦᠢ ᠺᠢᠯᠦᠮᠸᠲᠷ ᠲᠤᠭᠤᠷᠢᠨ ᠴᠠᠬᠳᠠᠵᠦ ᠪᠠᠢᠬᠤ ᠪᠤᠢ? ᠭᠡᠵᠦ ᠬᠠᠯᠠᠮᠵᠢᠯᠠᠨ ᠠᠰᠠᠭᠤᠪᠠ᠃ ᠰᠢ ᠵᠢᠨ ᠫᠢᠩ᠂ ᠲᠠ ᠨᠠᠷ ᠮᠦᠰᠦ ᠴᠠᠰᠦᠨᠳᠤ ᠬᠡᠪᠳᠡᠵᠦ᠂ ᠡᠬᠡ ᠤᠯᠤᠰᠤᠨᠢᠶᠡᠨ ᠲᠦᠯᠦᠭᠡ ᠲᠤᠭᠤᠷᠢᠨ ᠴᠠᠬᠳᠠᠵᠦ ᠬᠠᠷᠠᠭᠤᠯ ᠵᠤᠬᠰᠤᠵᠦ᠂ ᠡᠬᠡ ᠤᠯᠤᠰ ᠪᠤᠯᠤᠨ ᠠᠷᠠᠳ ᠲᠦᠮᠡᠨ ᠲᠠ ᠨᠠᠷᠲᠠᠭᠠᠨ ᠲᠠᠯᠠᠷᠬᠠᠵᠦ ᠪᠠᠢᠨᠠ ᠭᠡᠪᠡ᠃
1 ᠰᠠᠷᠠ ᠶ᠋ᠢᠨ 26 ᠤ᠋ ᠦᠳᠡ ᠶ᠋ᠢᠨ ᠡᠮᠦᠨᠡ᠂ ᠰᠢ ᠵᠢᠨ ᠫᠢᠩ ᠥᠪᠥᠷ ᠮᠣᠩᠭᠣᠯᠤᠨ ᠬᠢᠯᠢ ᠶ᠋ᠢᠨ ᠬᠠᠮᠠᠭᠠᠯᠠᠯᠲᠠ ᠶ᠋ᠢᠨ ᠨᠢᠭᠡᠨ ᠬᠤᠷᠢᠶᠠᠨᠤ ᠰᠠᠨ ᠵᠢᠶᠤᠤ ᠱᠠᠨ ᠬᠠᠷᠠᠭᠤᠯᠤᠨ ᠭᠠᠵᠠᠷ ᠲᠤ ᠬᠦᠷᠴᠦ᠍᠂ 58 ᠲᠠᠰ ᠤᠨ ᠡᠭ᠌ᠴᠡ ᠳᠡᠭ᠌ᠲᠡᠷ ᠲᠦ ᠭᠠᠷᠴᠤ᠌᠂ ᠬᠠᠷᠠᠭᠤᠯᠤᠨ ᠭᠠᠵᠠᠷᠤᠨ ᠬᠣᠶᠠᠳᠤᠭᠠᠷ ᠳᠠᠪᠬᠤᠷᠭᠠ ᠶ᠋ᠢᠨ ᠠᠵᠢᠭ᠍ᠯᠠᠬᠤ ᠲᠠᠰᠤᠭ ᠲᠤ ᠣᠷᠣᠵᠤ᠂ ᠵᠢᠵᠢᠭᠦᠷᠯᠡᠵᠦ᠍ ᠪᠠᠢᠭᠠ ᠪᠠᠢᠯᠳᠤᠭ᠍ᠴᠢᠳᠢ ᠪᠣᠯᠭᠣᠭᠠᠨ ᠦᠵᠡᠪᠡ᠃ ᠰᠢ ᠵᠢᠨ ᠫᠢᠩ ᠵᠢᠵᠢᠬᠦᠷᠯᠡᠬᠦ ᠬᠠᠷᠠᠭᠤᠯ ᠤᠨ ᠴᠡᠷᠢᠭ ᠲᠠᠢ ᠨᠢᠭᠡᠳ ᠨᠢᠭᠡ ᠪᠡᠷ ᠭᠠᠷ ᠠᠳᠬᠤᠬᠰᠠᠨ ᠪᠦᠭᠡᠳ ᠪᠠᠢᠯᠳᠤᠬᠴᠢᠳᠲᠤ ᠄《ᠡᠨᠡ ᠡᠳᠦᠷ ᠪᠢ ᠲᠠ ᠨᠠᠷ ᠲᠠᠢ ᠬᠠᠮᠳᠦ ᠵᠢᠵᠢᠬᠦᠷᠯᠡᠵᠦ ᠬᠠᠷᠠᠭᠤᠯ ᠵᠤᠬᠰᠤᠨᠠ》 ᠬᠡᠵᠦ ᠰᠡᠳᠬᠢᠯ ᠲᠤᠬᠳᠤᠯᠤᠨ ᠬᠡᠯᠡᠪᠡ᠃
1 ᠰᠠᠷᠠ ᠶ᠋ᠢᠨ 26ᠤ᠋ ᠦᠳᠡᠳᠦ᠂ ᠰᠢ ᠵᠢᠨ ᠫᠢᠩ ᠰᠤᠮᠤᠨ ᠤ ᠬᠣᠭᠣᠯᠠᠨ ᠭᠡᠷᠲᠦ ᠬᠦᠷᠴᠦ᠍᠂ ᠤᠯᠠᠨᠲᠠᠶ ᠠᠳᠠᠯᠢᠪᠡᠷ ᠬᠣᠭᠣᠯᠠ ᠪᠤᠳᠠᠭᠠ ᠠᠪᠴᠦ ᠪᠠᠢᠯᠳᠤᠭ᠍ᠴᠢᠳᠲᠠᠶ ᠬᠠᠮᠲᠤ ᠬᠣᠭᠣᠯᠠᠯᠠᠪᠠ ᠃ ᠲᠡᠷᠡ ᠬᠤᠭᠤᠯᠠᠯᠠᠬᠤᠶ᠋ᠢᠨ ᠳᠠᠭᠠᠤ ᠤᠯᠠᠠᠲᠠᠶ ᠵᠣᠭᠣᠭ᠍ᠳᠠᠵᠤ ᠂ ᠭᠡᠷ ᠦᠨ ᠪᠠᠢᠳᠠᠯ ᠶᠠᠮᠠᠷ ᠪᠠᠢᠬᠤ ᠂ ᠰᠤᠮᠤᠨ ᠠᠩᠬᠢ ᠳ᠋ᠡᠬᠢ ᠪᠠᠶᠠᠷ ᠳᠤᠷᠠᠰᠭᠠᠯ ᠤᠨ ᠡᠳᠦᠷ ᠢᠶᠡᠨ ᠰᠠᠢᠬᠠᠨ ᠲᠥᠪᠬᠢᠨᠡᠭᠦᠯᠦᠭ᠌ᠰᠡᠨ ᠡᠰᠡᠬᠦ᠂ ᠭᠡᠷᠤᠨ ᠬᠦᠮᠦᠰᠤᠨ ᠠᠮᠤᠷ ᠮᠡᠨᠳᠦᠶᠢ ᠬᠠᠯᠠᠮᠵᠢᠯᠠᠨ ᠠᠰᠠᠭᠤᠵᠦ᠂ ᠲᠡᠷᠡ ᠰᠤᠮᠤᠨ ᠠᠩᠭᠢᠶ᠋ᠢᠨ ᠺᠠᠳ᠋ᠷ ᠲᠤ ᠪᠠᠶᠠᠷ ᠤᠨ ᠡᠳᠦᠷ ᠦᠨ ᠬᠤᠭᠤᠴᠠᠭᠠᠨ ᠤ ᠠᠮᠢᠳᠤᠷᠠᠯ ᠢᠶᠠᠨ ᠰᠠᠢᠲᠤᠷ ᠲᠣᠬᠢᠷᠠᠭᠤᠯᠵᠤ᠂ ᠪᠠᠢᠯᠳᠤᠭ᠍ᠴᠢᠳ ᠤᠨ ᠪᠠᠶᠠᠷ ᠬᠦᠷ ᠲᠠᠢ ᠦᠯᠵᠡᠢ ᠪᠡᠯᠭᠡ ᠲᠠᠢ ᠪᠡᠷ ᠰᠠᠷᠠ ᠱᠢᠨᠡ ᠪᠡᠨ ᠥᠩᠭᠡᠷᠡᠭᠦᠯᠬᠦ᠌ᠶ᠋ᠢ ᠵᠠᠬᠢᠪᠠ᠃

ᠰᠢᠨᠡ ᠴᠡᠷᠢᠭ ᠲᠠᠩᠭᠠᠷᠢᠭᠯᠠᠨᠠ᠃
ᠳᠡᠯᠭᠡᠷᠡᠬᠦ ᠰᠠᠢᠬᠠᠨ ᠳᠥᠷᠪᠡᠨ ᠰᠠᠷᠠᠳᠤ᠂ ᠶᠡᠬᠡᠩᠬᠢ ᠬᠡᠰᠡᠭ ᠭᠠᠵᠠᠷ ᠣᠷᠣᠨ ᠥᠩᠭᠡ ᠢᠯᠭᠠᠷᠠᠨ ᠰᠣᠯᠣᠩᠭᠠᠷᠠᠬᠰᠠᠨ ᠤᠷᠢᠬᠠᠨ ᠬᠠᠪᠤᠷ ᠵᠢᠡᠨ ᠤᠬᠳᠤᠨ ᠠᠪᠤᠬᠰᠠᠨ ᠪᠠᠢᠬᠤ ᠳᠤ᠂ ᠡᠬᠡ ᠤᠯᠤᠰ ᠤᠨ ᠤᠮᠠᠷᠠᠲᠤ ᠬᠢᠯᠢ ᠶ᠋ᠢᠨ ᠷᠠᠱᠢᠶᠠᠨ ᠬᠤᠲᠠᠳᠤ᠂ ᠮᠦᠩᠭᠦᠨ ᠴᠠᠭᠠᠨ ᠴᠠᠰᠤ ᠮᠥᠨ ᠯᠡ ᠠᠭᠤᠯᠠ ᠲᠠᠯᠠ ᠶ᠋ᠢ ᠪᠦᠷᠬᠦᠭᠰᠡᠭᠡᠷ᠃
ᠥᠷᠯᠥᠭᠡ ᠡᠷᠲᠡ ᠶ᠋ᠢᠨ ᠠᠩᠬᠠᠨ ᠤ ᠨᠡᠷᠡᠨ ᠦ ᠭᠡᠷᠡᠯ ᠴᠠᠰᠤᠲᠤ ᠣᠢ᠂ ᠬᠢᠯᠢ ᠶ᠋ᠢᠨ ᠬᠠᠭᠠᠯᠭᠠᠨ ᠤ ᠳᠡᠷᠭᠡᠳᠡᠬᠢ ᠬᠢᠯᠢ ᠶ᠋ᠢᠨ ᠬᠥᠱᠢᠶᠡᠨᠳᠤ ᠲᠤᠰᠴᠤ᠌᠂ ᠬᠡᠳᠦᠨ ᠬᠦᠮᠦᠨᠤ ᠪᠠᠷᠠ ᠬᠥᠷ ᠴᠠᠰᠤᠶ᠋ᠢ ᠭᠢᠰᠭᠢᠯᠡᠨ᠂ ᠬᠢᠯᠢ ᠶ᠋ᠢᠨ ᠱᠤᠭᠤᠮ ᠳᠡᠭᠡᠷᠡ ᠴᠠᠭ᠍ᠳᠠᠨ ᠲᠣᠭᠣᠷᠢᠵᠤ ᠡᠬᠢᠯᠡᠪᠡ᠂ ᠡᠨᠡ ᠪᠣᠯ ᠰᠠᠨ ᠵᠢᠶᠤᠤ ᠱᠠᠨ ᠠᠭᠤᠯᠠ ᠶ᠋ᠢᠨ ᠬᠢᠯᠢ ᠶ᠋ᠢᠨ ᠬᠠᠮᠠᠭᠠᠯᠠᠯᠲᠠ ᠶ᠋ᠢᠨ ᠰᠤᠮᠤᠨ ᠤ ᠳᠠᠷᠤᠭᠠ ᠪᠠᠢᠯᠳᠤᠭ᠍ᠴᠢᠳ ᠤᠨ ᠡᠳᠦᠷ ᠲᠤᠲᠤᠮᠤᠨ ᠠᠮᠢᠳᠤᠷᠠᠯ ᠪᠣᠯᠤᠨᠠ᠃

ᠤᠮᠠᠷᠠᠳᠤ ᠬᠢᠯᠢ ᠪᠠᠨ ᠲᠣᠭᠣᠷᠢᠨ ᠴᠠᠭ᠍ᠳᠠᠨᠠ᠃
ᠲᠡᠳᠡᠨ ᠦ ᠠᠷᠤ ᠶᠢᠨ ᠳᠡᠮᠡᠢ ᠬᠤᠯᠠ ᠦᠭᠡᠢ ᠭᠠᠵᠠᠷᠲᠤ᠂ ᠰᠠᠨ ᠵᠢᠶᠤᠤ ᠱᠠᠨ ᠠᠭᠤᠯᠠ ᠶ᠋ᠢᠨ ᠬᠠᠷᠠᠭᠤᠯ ᠤᠨ ᠭᠠᠵᠠᠷ ᠳᠡᠭᠡᠷᠡᠬᠢ ᠲᠠᠪᠤᠨ ᠣᠳᠣᠲᠤ ᠤᠯᠠᠭᠠᠨ ᠲᠤᠭ ᠰᠠᠯᠬᠢᠨ ᠤ ᠠᠶᠠ ᠪᠠᠷ ᠨᠠᠮᠢᠷᠠᠵᠤ᠂ ᠬᠠᠷᠠᠭᠤᠯ ᠤᠨ ᠭᠠᠵᠠᠷ ᠢ ᠨᠡᠩ ᠥᠨᠳᠥᠷ ᠰᠦᠷᠯᠢᠭ ᠪᠣᠯᠭᠠᠵᠠᠢ᠃ ᠵᠢᠵᠢᠭᠦᠷᠯᠡᠭ᠌ᠴᠢ ᠪᠠᠢᠯᠳᠤᠭ᠍ᠴᠢᠳ ᠬᠠᠷᠠᠭᠤᠯ ᠤᠨ ᠰᠤᠪᠤᠷᠭᠠᠠᠴᠠ ᠠᠯᠤᠰᠢ ᠪᠡᠷᠡᠯᠡᠵᠦ᠍᠂ ᠳᠤᠮᠳᠠᠳᠤ ᠮᠣᠩᠭᠣᠯ ᠤᠨ ᠬᠢᠯᠢᠳᠡᠬᠢ ᠠᠯᠢᠪᠠ ᠪᠦᠬᠦᠨᠢ ᠦᠯᠡᠳᠡᠭᠡᠯ ᠦᠭᠡᠢ ᠳᠤᠷᠠᠨᠲᠠᠨᠠ᠃
2014 ᠣᠨ ᠤ ᠴᠠᠭᠠᠨ ᠰᠠᠷᠠᠠᠴᠠ ᠡᠮᠦᠨᠡᠬᠡᠨ ᠥᠪᠥᠷ ᠮᠣᠩᠭᠣᠯ ᠤᠨ ᠴᠡᠷᠢᠭ ᠦᠨ ᠲᠣᠭᠣᠷᠢᠭᠤᠨ ᠬᠢᠯᠢᠶ᠋ᠢᠨ ᠬᠠᠮᠠᠭᠠᠯᠠᠯᠲᠠᠶ᠋ᠢᠨ ᠨᠢᠭᠡᠨ ᠴᠡᠷᠢᠭ ᠠᠩᠭᠢᠶ᠋ᠢ ᠲᠣᠬᠣᠨᠢᠭᠤᠯᠬᠤ ᠦᠶᠡᠳᠦ᠂ ᠰᠢ ᠵᠢᠨ ᠫᠢᠩ ᠲᠡᠭᠡᠴᠡ ᠳᠣᠷᠣᠭ᠍ᠰᠢ 30 ᠭᠠᠷᠤᠶ ᠭᠷᠠᠳᠦ᠋ᠰᠦᠨ ᠬᠠᠬᠢᠷ ᠬᠦᠶ᠋ᠲᠡᠨ ᠢ ᠬᠠᠢᠬᠤᠷᠤᠯ ᠥᠬᠡᠶᠪᠡᠷ 58 ᠲᠠᠰ ᠤᠨ ᠡᠭ᠌ᠴᠡ ᠳᠡᠭᠳᠡᠷ ᠢ ᠳᠠᠭᠠᠵᠤ᠂ ᠬᠠᠬᠢᠷ ᠬᠦᠶ᠋ᠲᠡᠨ ᠰᠠᠯᠬᠢ ᠶ᠋ᠢ ᠰᠥᠷᠴᠦ᠍᠂ ᠲᠡᠯᠡᠶ ᠶ᠋ᠢᠨ ᠲᠦᠪᠱᠢᠨᠡᠴᠡ ᠳᠡᠭᠡᠭ᠌ᠰᠢ 1000 ᠭᠠᠷᠤᠶ ᠮᠧᠲ᠋ᠷ ᠡᠷᠭᠦᠭ᠌ᠳᠡᠭ᠌ᠰᠡᠨ ᠰᠠᠨ ᠵᠢᠶᠤᠤ ᠱᠠᠨ ᠠᠭᠤᠯᠠ ᠶ᠋ᠢᠨ ᠠᠭᠤᠯᠠᠨ ᠣᠷᠣᠶᠳᠠᠬᠢ ᠬᠠᠷᠠᠭᠤᠯ ᠤᠨ ᠭᠠᠵᠠᠷ ᠲᠤ ᠠᠪᠠᠷᠢᠨ ᠭᠠᠷᠪᠠ᠃ ᠲᠡᠷᠡ ᠬᠠᠷᠠᠭᠤᠯ ᠤᠨ ᠭᠠᠵᠠᠷᠲᠤ ᠣᠷᠣᠵᠤ᠂ ᠡᠭᠦᠷᠭᠡ ᠭᠦᠶ᠋ᠴᠡᠳᠭᠡᠬᠦ᠌ ᠲᠥᠬᠥᠭᠡᠷᠦᠮᠵᠢ ᠪᠣᠯᠤᠨ ᠳᠣᠲᠣᠭᠠᠳᠤ ᠶᠠᠪᠤᠳᠠᠯ ᠤᠨ ᠲᠣᠬᠢᠷᠠᠭᠤᠯᠤᠯᠲᠠᠶ᠋ᠢ ᠨᠠᠷᠢᠨ ᠪᠠᠢᠴᠠᠭᠠᠨ ᠦᠵᠡᠵᠦ᠍᠂ ᠠᠵᠢᠭ᠍ᠯᠠᠯᠲᠠ ᠶ᠋ᠢᠨ ᠳᠡᠩᠰᠡ ᠳᠡᠪᠲᠡᠷ ᠳᠡᠭᠡᠷᠡ ᠭᠠᠷ ᠤᠨ ᠥᠰᠥᠭ ᠵᠢᠷᠤᠵᠤ᠂ ᠡᠭᠦᠷᠭᠡ ᠭᠦᠶ᠋ᠴᠡᠳᠭᠡᠬᠦ᠌ ᠬᠠᠷᠠᠭᠤᠯ ᠤᠨ ᠴᠡᠷᠢᠭᠲᠦ ᠄ 《ᠥᠨᠥᠳᠦᠷ ᠪᠢ ᠲᠠ ᠨᠠᠷᠲᠠᠶ ᠬᠠᠮᠲᠤ ᠡᠭᠦᠷᠭᠡ ᠭᠦᠶ᠋ᠴᠡᠳᠭᠡᠵᠦ᠍ ᠬᠠᠷᠠᠭᠤᠯ ᠵᠣᠭ᠍ᠰᠣᠨᠠ》 ᠬᠡᠪᠡ᠃

ᠤᠯᠤᠰᠤᠨ ᠡᠭᠦᠳᠡᠶ᠋ᠢ ᠰᠠᠬᠢᠨ ᠬᠠᠮᠠᠭᠠᠯᠠᠨᠠ᠃
ᠡᠭᠦᠨ ᠦ ᠬᠠᠮᠲᠤ᠂ ᠲᠡᠷᠡ ᠳᠠᠷᠤᠭᠠ ᠪᠠᠢᠯᠳᠤᠭ᠍ᠴᠢᠳ ᠢ 《ᠤᠮᠠᠷᠠᠲᠤ ᠬᠢᠯᠢ ᠶ᠋ᠢᠨ ᠰᠠᠬᠢᠨ ᠬᠠᠮᠠᠭᠠᠯᠠᠭ᠍ᠴᠢ》 ᠵᠢᠨ ᠵᠣᠷᠢᠭ ᠰᠠᠨᠠᠭᠠ ᠶ᠋ᠢ ᠪᠠᠳᠠᠷᠠᠭᠤᠯᠵᠤ᠂ ᠨᠠᠮ ᠤᠨ ᠦᠭᠡ ᠶ᠋ᠢ ᠡᠷᠡᠰ ᠰᠣᠨᠣᠰᠴᠤ᠌᠂ ᠨᠠᠮᠢᠶᠠᠨ ᠳᠠᠭᠠᠵᠤ᠂ ᠬᠢᠯᠢᠶ᠋ᠢᠨ ᠬᠠᠮᠠᠭᠠᠯᠠᠯᠲᠠᠳᠤ ᠦᠨᠳᠦᠰᠦᠯᠡᠵᠦ᠍᠂ ᠬᠢᠯᠢ ᠪᠠᠨ ᠰᠠᠬᠢᠨ ᠬᠠᠮᠠᠭᠠᠯᠠᠵᠤ᠂ ᠬᠢᠯᠢ ᠶ᠋ᠢᠨ ᠬᠠᠮᠠᠭᠠᠯᠠᠯᠲᠠ ᠳᠤ ᠭᠠᠪᠢᠶᠠ ᠪᠠᠢᠭᠤᠯᠬᠤ ᠶ᠋ᠢ ᠵᠣᠷᠢᠭ᠍ᠵᠢᠭᠤᠯᠪᠠ᠃ 2015 ᠣᠨ ᠤ 2 ᠰᠠᠷᠠ ᠶ᠋ᠢᠨ 16 ᠤ᠋ ᠡᠳᠦᠷ᠂ ᠲᠡᠷᠢᠭᠦᠯᠡᠭ᠌ᠴᠢ ᠰᠢ ᠵᠢᠨ ᠫᠢᠩ ᠬᠠᠷᠢᠭᠤ ᠵᠠᠬᠢᠳᠠᠯ ᠢᠯᠡᠭᠡᠵᠦ᠍ ᠳᠠᠷᠤᠭᠠ ᠪᠠᠢᠯᠳᠤᠭ᠍ᠴᠢᠳ ᠢ 《ᠡᠭᠡ ᠤᠯᠤᠰ ᠤᠨ ᠤᠮᠠᠷᠠᠲᠤ ᠶ᠋ᠢᠨ ᠠᠮᠤᠷ ᠲᠦᠪᠱᠢᠨ ᠲᠣᠭ᠍ᠲᠠᠭᠤᠨ ᠤ ᠬᠠᠯᠬᠠᠪᠴᠢ ᠶ᠋ᠢ ᠪᠠᠲᠤ ᠴᠣᠭ᠍ᠴᠠᠯᠠᠬᠤᠳᠤ ᠲᠠᠬᠢᠨ ᠱᠢᠨᠡ ᠭᠠᠪᠢᠶᠠ ᠪᠠᠢᠭᠤᠯᠤᠭᠠᠷᠠᠢ 》 ᠭᠡᠵᠦ᠍ ᠵᠣᠷᠢᠭ᠍ᠵᠢᠭᠤᠯᠪᠠ᠃
《ᠰᠤᠮᠤᠨ ᠠᠩᠬᠢ ᠳᠤ ᠪᠠᠢᠬᠤ ᠬᠤᠭᠤᠴᠠᠭᠠᠨ ᠳᠤ ᠲᠡᠷᠢᠭᠦᠯᠡᠭ᠌ᠴᠢ ᠵᠢᠨ ᠰᠤᠮᠤᠨ ᠠᠩᠬᠢ ᠳᠤ ᠢᠷᠡᠭ᠌ᠰᠡᠨ ᠢ ᠣᠯᠵᠤ ᠬᠠᠷᠠᠵᠦ᠂ ᠪᠠᠰᠠ ᠲᠡᠷᠢᠭᠦᠯᠡᠭ᠌ᠴᠢ ᠶ᠋ᠢᠨ ᠬᠠᠷᠢᠭᠤ ᠵᠠᠬᠢᠳᠠᠯ ᠢ ᠳᠤᠰᠤᠨ ᠤᠯᠪᠠ᠂ ᠪᠢ ᠲᠠᠢ᠌ᠴᠢᠨ ᠨᠥᠬᠥᠳᠲᠡᠶᠪᠡᠨ ᠪᠦᠷ ᠮᠠᠰᠢ ᠰᠡᠳᠭᠢᠯ ᠳᠣᠭ᠍ᠳᠣᠯᠤᠭᠰᠠᠨ ᠪᠢᠯᠡ᠂ ᠡᠨᠡ ᠨᠢ ᠮᠥᠨ ᠴᠦ᠍ ᠨᠠᠮᠠᠶ᠋ᠢ ᠱᠢᠨᠡ ᠶ᠋ᠢ ᠡᠭᠦᠳᠴᠦ᠍ ᠲᠠᠰᠤᠷᠠᠯᠳᠠ ᠦᠬᠡᠢ ᠲᠠᠪᠱᠢᠬᠤ ᠶ᠋ᠢ ᠱᠠᠭᠠᠷᠳᠠᠬᠤ ᠬᠥᠳᠡᠯᠭᠡᠬᠦ᠌ ᠬᠦᠴᠦᠨ ᠪᠣᠯᠪᠠ!》 ᠭᠡᠵᠦ ᠲᠡᠳᠡᠭᠡᠷ ᠮᠠᠷᠲᠠᠭ᠍ᠳᠠᠰᠢ ᠥᠬᠡᠶ ᠴᠠᠭ ᠮᠥᠴᠡ ᠶ᠋ᠢ ᠡᠷᠭᠢᠴᠡᠭᠦᠯᠬᠦ᠌ᠳᠦ᠂ ᠬᠠᠭᠤᠷᠠᠶ ᠵᠠᠮ ᠤᠨ ᠴᠡᠷᠢᠭ ᠦᠨ ᠨᠢᠭᠡᠨ ᠬᠢᠯᠢ ᠶ᠋ᠢᠨ ᠬᠠᠮᠠᠭᠠᠯᠠᠯᠲᠠ ᠶ᠋ᠢᠨ ᠪᠠᠷᠢᠭᠠᠳᠠ ᠶ᠋ᠢᠨ ᠰᠠᠨ ᠵᠢᠶᠤᠤ ᠱᠠᠨ ᠠᠭᠤᠯᠠ ᠶ᠋ᠢᠨ ᠬᠢᠯᠢ ᠶ᠋ᠢᠨ ᠬᠠᠮᠠᠭᠠᠯᠠᠯᠲᠠ ᠶ᠋ᠢᠨ ᠰᠤᠮᠤᠨ ᠠᠩᠭᠢᠶ᠋ᠢᠨ ᠳᠠᠷᠤᠭᠠ ᠸᠠᠩ ᠲᠢᠩ ᠣᠲᠣ ᠪᠣᠯᠲᠠᠯᠠ ᠮᠥᠨ ᠬᠦ᠌ ᠰᠡᠳᠭᠢᠯ ᠳᠣᠭ᠍ᠳᠣᠯᠤᠬᠰᠠᠭᠠᠷ᠃

ᠴᠠᠭ᠍ᠳᠠᠨ ᠲᠣᠭᠣᠷᠢᠵᠦ ᠪᠠᠢᠭᠠ ᠪᠠᠢᠯᠳᠤᠭ᠍ᠴᠢ᠃
ᠸᠠᠩ ᠲᠢᠩ ᠲᠤᠰᠭᠠᠢ ᠮᠡᠷᠭᠡᠵᠢᠯ ᠢᠶᠡᠨ ᠱᠢᠷᠭᠠᠭᠤ ᠰᠤᠳᠤᠯᠤᠭ᠍ᠰᠠᠨᠢᠶᠠᠷ ᠪᠠᠷᠠᠬᠤ ᠦᠭᠡᠢ᠂ ᠪᠠᠰᠠ ᠡᠳᠦᠷ ᠪᠦᠷᠢ ᠰᠠᠨᠠᠭᠠᠴᠢᠯᠠᠭᠠᠠᠴᠠᠪᠠᠨ ᠪᠡᠶᠡ ᠵᠢᠨ ᠪᠣᠯᠪᠠᠰᠤᠷᠠᠯ ᠵᠢᠡᠨ ᠴᠢᠩᠭᠠᠳᠬᠠᠪᠠ᠃ 8 ᠵᠢᠯ ᠦᠨ ᠲᠤᠷᠰᠢ᠂ ᠡᠯᠡ ᠲᠠᠯᠠ ᠶ᠋ᠢᠨ ᠬᠢᠷᠢ ᠪᠦᠲᠦᠮᠵᠢ ᠲᠤᠪᠤᠢ᠌ᠮᠠᠠᠴᠠ ᠪᠤᠯᠵᠤ᠂ ᠲᠡᠷᠡ ᠨᠢᠭᠡᠨ ᠳᠡᠭᠡᠳᠦ ᠵᠡᠷᠭᠡᠶ᠋ᠢᠨ ᠴᠡᠷᠢᠭᠡᠴᠡ ᠪᠠᠨ ᠠᠬᠠᠯᠠᠬᠤ ᠲᠦᠷᠦᠭᠦᠴᠢ᠂ ᠲᠠᠰᠤᠭ ᠤᠨ ᠳᠠᠷᠤᠭᠠ ᠪᠤᠯᠵᠤ᠂ ᠵᠠᠯᠭᠠᠭᠠᠪᠠᠷ 4 ᠤᠳᠠᠭᠠ ᠪᠦᠬᠦ᠌ ᠪᠠᠷᠢᠭᠠᠳᠠ ᠶ᠋ᠢᠨ ᠵᠡᠪᠰᠡᠭ ᠦᠨ ᠮᠥᠷᠥᠢᠴᠡᠭᠡᠨ ᠳᠦ ᠣᠷᠣᠯᠴᠠᠵᠤ᠂ ᠪᠠᠰᠠ 《ᠱᠢᠯᠢᠳᠡᠭ ᠪᠠᠷᠢᠭᠠᠳᠠ ᠶ᠋ᠢᠨ ᠬᠣᠱᠢᠭᠤᠴᠢ ᠴᠡᠷᠢᠭ 》 ᠵᠢᠡᠷ ᠦᠨᠡᠯᠡᠭ᠌ᠳᠡᠪᠡ᠃《ᠲᠡᠷᠢᠭᠦᠯᠡᠭ᠌ᠴᠢ ᠰᠢ ᠵᠢᠨ ᠫᠢᠩ ᠪᠢᠳᠡᠨ ᠢ 〈ᠬᠢᠯᠢ ᠶ᠋ᠢ ᠬᠠᠮᠢᠶᠠᠷᠴᠤ᠌ ᠬᠢᠯᠢ ᠶ᠋ᠢ ᠡᠵᠡᠮᠳᠡᠬᠦ᠌ ᠴᠢᠳᠠᠪᠤᠷᠢᠪᠠᠨ ᠳᠡᠭᠡᠭ᠌ᠰᠢᠯᠡᠭᠦᠯᠵᠦ᠍᠂ ᠤᠯᠤᠰ ᠢᠶᠠᠨ ᠬᠠᠮᠠᠭᠠᠯᠠᠵᠤ ᠬᠢᠯᠢ ᠶ᠋ᠢ ᠰᠠᠬᠢᠬᠤ ᠡᠭᠦᠷᠭᠡ ᠬᠠᠷᠢᠭᠤᠴᠠᠯᠭᠠᠪᠠᠨ ᠪᠦᠲᠦᠮᠵᠢᠲᠡᠢ ᠭᠦᠢᠴᠡᠳᠭᠡᠬᠦ᠌ ᠬᠡᠷᠡᠭ᠌ᠲᠡᠢ〉 ᠭᠡᠵᠦ᠍ ᠱᠠᠭᠠᠷᠳᠠᠪᠠ᠂ ᠪᠢ ᠪᠣᠳᠠᠲᠤ ᠦᠢᠯᠡ ᠠᠵᠢᠯᠯᠠᠭᠠᠪᠠᠷ ᠢᠶᠠᠨ ᠲᠡᠷᠢᠭᠦᠯᠡᠭ᠌ᠴᠢ ᠰᠢ ᠵᠢᠨ ᠫᠢᠩ ᠳᠦ ᠬᠠᠷᠢᠭᠤ ᠮᠡᠳᠡᠭᠦᠯᠵᠦ᠍᠂ ᠲᠡᠷᠢᠭᠦᠯᠡᠭ᠌ᠴᠢ ᠰᠢ ᠵᠢᠨ ᠫᠢᠩ ᠢ ᠰᠠᠨᠠᠭᠠ ᠠᠮᠤᠷ ᠪᠠᠢᠯᠭᠠᠨᠠ!》 ᠭᠡᠵᠦ ᠸᠠᠩ ᠲᠢᠩ ᠬᠡᠯᠡᠪᠡ᠃

ᠮᠣᠲ᠋ᠣᠷᠳᠤ ᠴᠢᠷᠭᠠ ᠤᠨᠤᠵᠤ ᠲᠣᠭᠣᠷᠢᠨ ᠴᠠᠭ᠍ᠳᠠᠨᠠ᠃
ᠸᠠᠩ ᠲᠢᠩᠦᠨ ᠳᠠᠪᠱᠢᠯᠲᠠ ᠪᠣᠯ ᠰᠤᠮᠤᠨ ᠠᠩᠭᠢ ᠶ᠋ᠢᠨ ᠳᠠᠷᠤᠭᠠ ᠪᠠᠢᠯᠳᠤᠭ᠍ᠴᠢᠳ ᠤᠨ ᠦᠰᠦᠨ ᠪᠣᠢᠵᠢᠯᠲᠠ ᠶ᠋ᠢᠨ ᠬᠤᠷᠢᠶᠠᠩᠭᠤᠢ ᠳᠦᠷᠰᠦ ᠪᠣᠯᠤᠨᠠ᠂ ᠲᠡᠷᠢᠭᠦᠯᠡᠭ᠌ᠴᠢ ᠰᠢ ᠵᠢᠨ ᠫᠢᠩᠦᠨ ᠴᠢᠩ ᠰᠡᠳᠭᠢᠯᠦᠨ ᠬᠦᠰᠡᠯ ᠨᠠᠢᠳᠠᠯᠭᠠ ᠨᠢ ᠪᠦᠬᠦ᠌ ᠰᠤᠮᠤᠨ ᠠᠩᠭᠢ ᠶ᠋ᠢᠨ ᠳᠠᠷᠤᠭᠠ ᠪᠠᠢᠯᠳᠤᠭ᠍ᠴᠢᠳᠲᠤ ᠠᠪᠴᠤ᠌ ᠬᠡᠯᠡᠪᠡᠯ ᠪᠦᠷ ᠵᠣᠷᠢᠭ᠍ᠵᠢᠭᠤᠯᠤᠯ ᠪᠤᠯᠵᠦ᠂ ᠬᠢᠯᠢ ᠬᠢᠵᠠᠭᠠᠷᠢ ᠰᠠᠬᠢᠨ ᠬᠠᠮᠠᠭᠠᠯᠠᠬᠤ ᠳᠠᠷᠤᠭᠠ ᠪᠠᠢᠯᠳᠤᠭ᠍ᠴᠢᠳᠤᠨ ᠴᠡᠷᠢᠭ ᠦᠨ ᠶᠠᠪᠤᠳᠠᠯᠤᠨ ᠤᠷᠠ ᠴᠢᠳᠠᠪᠤᠷᠢ ᠶ᠋ᠢᠨ ᠲᠦᠪᠱᠢᠨ ᠢ ᠢᠯᠡᠳᠲᠡ ᠳᠡᠭᠡᠭ᠌ᠰᠢᠯᠡᠭᠦᠯᠦᠭ᠌ᠰᠡᠨᠢᠶᠡᠷ ᠪᠠᠷᠠᠬᠤ ᠦᠭᠡᠢ᠂ 8 ᠵᠢᠯ ᠦᠨ ᠲᠤᠷᠰᠢ᠂ ᠰᠤᠮᠤᠨᠤ ᠰᠠᠭᠤᠷᠢ ᠲᠥᠬᠥᠭᠡᠷᠦᠮᠵᠢ ᠶ᠋ᠢᠨ ᠪᠦᠳᠦᠭᠡᠨ ᠪᠠᠢᠭᠤᠯᠤᠯᠲᠠ ᠴᠤ᠌ ᠠᠳᠠᠯᠢᠬᠠᠨ ᠱᠢᠨᠡ ᠳᠡᠭ᠌ᠲᠡᠷᠲᠦ ᠭᠠᠷᠴᠠᠢ᠃

ᠬᠠᠬᠢᠷ ᠬᠦᠢᠲᠡᠨᠢ ᠬᠠᠢᠬᠤᠷᠤᠯ ᠦᠭᠡᠢ ᠬᠢᠯᠢ ᠬᠢᠵᠠᠭᠠᠷᠢᠶᠠᠨ ᠴᠠᠬᠳᠠᠨᠠ ᠃
《ᠡᠬᠡ ᠤᠯᠤᠰ ᠮᠢᠨᠢ ᠪᠢ ᠲᠠᠨ ᠤ᠋ ᠲᠥᠯᠥᠭᠡ ᠬᠠᠷᠠᠭᠤᠯ ᠵᠣᠭ᠍ᠰᠣᠨᠠ᠂ ᠨᠡᠯᠦᠭᠡᠷ ᠶᠡᠬᠡ ᠴᠠᠰᠤᠲᠤ ᠲᠠᠯᠠᠳᠤ ᠬᠠᠪᠤᠷᠤᠨ ᠦᠵᠡᠮᠵᠢ ᠪᠢᠯᠬᠠᠵᠤ᠂ ᠬᠦᠯᠦᠭ ᠮᠣᠷᠢ ᠪᠠᠨ ᠤᠨᠤᠵᠤ ᠤᠮᠠᠷᠠᠲᠤ ᠬᠢᠯᠢ ᠪᠠᠨ ᠲᠣᠭᠣᠷᠢᠨ ᠴᠠᠭ᠍ᠳᠠᠨᠠ ᠁》 ᠰᠤᠮᠤᠨ ᠠᠩᠭᠢ ᠶ᠋ᠢᠨ ᠢᠷᠠᠭᠤ ᠠᠯᠳᠠᠷ ᠤᠨ ᠳᠠᠰᠤᠭᠲᠤ᠂ 《ᠲᠡᠷᠢᠭᠦᠯᠡᠭ᠌ᠴᠢ ᠪᠢᠳᠡᠨᠤ ᠳᠡᠷᠭᠡᠳᠡ》ᠬᠡᠬᠦ ᠳᠠᠭᠤᠤ ᠶ᠋ᠢ ᠶᠠᠭ ᠡᠭᠡᠯᠵᠢᠯᠡᠨ ᠨᠡᠪᠲᠡᠷᠡᠭᠦᠯᠵᠦ᠍᠂ ᠥᠷᠥᠭᠡᠨ ᠳᠣᠲᠣᠷᠠ ᠡᠯᠭᠦᠵᠦ᠍ ᠪᠠᠢᠭᠠ ᠰᠡᠭᠦᠳᠡᠷ ᠳᠡᠭᠡᠷᠡ᠂ ᠬᠠᠮᠤᠭᠤᠨ ᠳᠡᠭᠡᠳᠦ ᠶᠡᠷᠦᠩᠬᠡᠢ ᠵᠢᠯᠣᠭᠣᠳᠤᠭ᠍ᠴᠢ ᠪᠠᠢᠯᠳᠤᠭ᠍ᠴᠢᠳᠲᠠᠶ ᠬᠠᠮᠲᠤ ᠬᠠᠷᠠᠭᠤᠯ ᠵᠣᠭ᠍ᠰᠣᠵᠤ᠂ ᠬᠠᠮᠲᠤ ᠬᠣᠭᠣᠯᠠᠯᠠᠵᠤ᠂ ᠬᠠᠮᠲᠤ ᠵᠣᠭᠣᠭ ᠳᠡᠯᠭᠡᠭ᠌ᠰᠡᠨ ᠭᠱᠠᠨ ᠵᠠᠭᠤᠷᠠᠶ᠋ᠢ ᠲᠡᠮᠳᠡᠭ᠌ᠯᠡᠵᠦ᠍ ᠪᠠᠢᠨᠠ᠃ 8 ᠵᠢᠯ ᠦᠨ ᠡᠮᠦᠨᠡ᠂ ᠲᠡᠷᠢᠭᠦᠯᠡᠭ᠌ᠴᠢ ᠰᠢ ᠵᠢᠨ ᠫᠢᠩᠦᠨ ᠳᠣᠲᠣᠨᠣᠪᠠᠷ ᠱᠢᠨᠵᠢᠯᠡᠨ ᠪᠠᠢᠴᠠᠭᠠᠭ᠍ᠰᠠᠨ ᠨᠢ ᠰᠠᠨ ᠵᠢᠶᠤᠤ ᠱᠠᠨ ᠠᠭᠤᠯᠠᠨ ᠤ ᠬᠢᠯᠢ ᠶ᠋ᠢᠨ ᠬᠠᠮᠠᠭᠠᠯᠠᠯᠲᠠ ᠶ᠋ᠢᠨ ᠰᠤᠮᠤ ᠳᠤ ᠶᠡᠷᠦ᠍ᠡᠴᠡ ᠪᠠᠢᠭᠠ ᠦᠭᠡᠢ ᠢᠷᠠᠭᠤ ᠠᠯᠳᠠᠷ ᠪᠠ ᠪᠠᠶᠠᠷ ᠪᠠᠬᠠᠳᠤᠯ ᠢ ᠠᠪᠴᠢᠷᠠᠵᠤ ᠥᠭ᠌ᠴᠡᠢ᠃

ᠨᠤᠮᠤᠨ ᠦᠷᠦᠬᠡᠳᠤ ᠬᠢᠨᠠᠮᠠᠭᠠᠢ ᠰᠤᠷᠤᠯᠴᠠᠨᠠ᠃
《ᠮᠠᠨ ᠤ ᠰᠠᠨ ᠵᠢᠶᠤᠤ ᠱᠠᠨ ᠠᠭᠤᠯᠠᠶ᠋ᠢᠨ ᠬᠢᠯᠢ ᠶ᠋ᠢᠨ ᠬᠠᠮᠠᠭᠠᠯᠠᠯᠲᠠ ᠶ᠋ᠢᠨ ᠰᠤᠮᠤᠨ ᠠᠩᠭᠢ ᠪᠥᠬᠥ᠌ ᠲᠠᠯᠠ ᠶ᠋ᠢᠨ ᠪᠠᠢᠭᠤᠯᠤᠯᠲᠠ ᠶ᠋ᠢ ᠲᠠᠰᠤᠷᠠᠯᠲᠠ ᠥᠬᠡᠶ ᠴᠢᠩᠭᠠᠳᠭᠠᠵᠤ᠂ ᠦᠨᠳᠦᠰᠦᠨ ᠱᠠᠲᠤᠨ ᠤ ᠴᠡᠷᠢᠭ ᠠᠩᠭᠢ ᠶ᠋ᠢᠨ ᠳᠠᠢᠴᠢᠨ ᠬᠦᠴᠦᠨᠢ ᠳᠡᠭᠡᠭ᠌ᠰᠢᠯᠡᠭᠦᠯᠪᠡ᠃ ᠰᠤᠮᠤᠨ ᠠᠩᠭᠢ ᠨᠢᠳᠤᠨᠤᠨ ᠬᠠᠮᠲᠤ ᠨᠡᠢᠲᠡᠶ᠋ᠢᠨ ᠨᠢᠭᠡᠳᠦᠭᠡᠷ ᠳᠡᠰᠤᠨ ᠭᠠᠪᠢᠶᠠ ᠪᠠᠢᠭᠤᠯᠵᠤ᠂ ᠬᠠᠭᠤᠷᠠᠶ ᠵᠠᠮ ᠤᠨ ᠴᠡᠷᠢᠭ ᠦᠨ 〈ᠳᠥᠷᠪᠡᠨ ᠲᠡᠮᠦᠷ〉 ᠲᠡᠷᠢᠭᠦᠨ ᠦ ᠨᠢᠭᠡᠴᠢ ᠶ᠋ᠢᠨ ᠢᠷᠠᠭᠤ ᠠᠯᠳᠠᠷ ᠢ ᠬᠦᠷᠲᠡᠪᠡ᠃ ᠤᠢ᠍ᠢᠷᠠ ᠶ᠋ᠢᠨ ᠬᠣᠶᠠᠷ ᠵᠢᠯ ᠳᠦ᠂ ᠰᠤᠮᠤᠨ ᠠᠩᠭᠢ ᠨᠢ ᠡᠯᠡ ᠱᠠᠲᠤᠨ ᠤ ᠵᠣᠬᠢᠶᠠᠨ ᠪᠠᠢᠭᠤᠯᠤᠯᠲᠠ ᠶ᠋ᠢᠨ ᠵᠡᠪᠰᠡᠭ ᠦᠨ ᠮᠥᠷᠥᠢᠴᠡᠭᠡᠨ ᠦ ᠬᠢᠨᠠᠨ ᠱᠢᠯᠭᠠᠯᠲᠠ ᠳᠤ ᠪᠠᠰᠠ ᠤᠯᠠᠨ ᠤᠳᠠᠭᠠ ᠪᠦᠯᠬᠦᠮ ᠨᠢᠭᠡᠴᠢᠶᠢᠨ ᠨᠢᠭᠡᠳᠦᠭᠡᠷ ᠳᠡᠰ ᠦᠨ ᠰᠠᠢ᠌ᠨ ᠬᠢᠷᠢ ᠪᠦᠲᠦᠮᠵᠢ ᠶ᠋ᠢ ᠣᠯᠵᠠᠢ᠃ ᠤᠮᠠᠷᠠᠲᠤ ᠬᠡᠰᠡᠭ ᠦᠨ ᠪᠠᠢᠯᠳᠤᠭᠠᠨ ᠤ ᠲᠣᠭᠣᠷᠢᠭ ᠤᠨ ᠬᠠᠭᠤᠷᠠᠢ ᠵᠠᠮᠤᠨ ᠴᠡᠷᠢᠭ ᠦᠨ ᠨᠢᠭᠡᠨ ᠬᠢᠯᠢ ᠶ᠋ᠢᠨ ᠬᠠᠮᠠᠭᠠᠯᠠᠯᠲᠠ ᠶ᠋ᠢᠨ ᠪᠠᠷᠢᠭᠠᠳᠠᠶ᠋ᠢᠨ ᠰᠠᠨ ᠵᠢᠶᠤᠤ ᠱᠠᠨ ᠠᠭᠤᠯᠠ ᠶ᠋ᠢᠨ ᠬᠢᠯᠢ ᠶ᠋ᠢᠨ ᠬᠠᠮᠠᠭᠠᠯᠠᠯᠲᠠᠶ᠋ᠢᠨ ᠰᠤᠮᠤᠨ ᠳᠠᠷᠤᠭᠠ ᠮᠠ ᠢᠦᠢ ᠴᠤᠤ᠂ ᠢᠷᠠᠭᠤ ᠠᠯᠳᠠᠷ ᠤᠨ ᠦᠷᠦᠭᠡ ᠨᠢ ᠪᠦᠬᠦ᠌ ᠰᠤᠮᠤᠨ ᠠᠩᠬᠢ ᠵᠢᠨ ᠳᠠᠷᠤᠭᠠ ᠪᠠᠢᠯᠳᠤᠭ᠍ᠴᠢᠳᠤᠨ 〈ᠤᠶᠤᠨ ᠰᠠᠨᠠᠭᠠᠨ ᠤ ᠥᠨᠳᠥᠷᠯᠢᠭ ᠭᠠᠵᠠᠷ〉 ᠪᠣᠯᠬᠤᠪᠠᠷ ᠪᠠᠷᠠᠬᠤ ᠦᠭᠡᠢ᠂ ᠤᠳᠤ ᠪᠠᠰᠠ ᠤᠯᠤᠰ ᠢᠶᠠᠨ ᠬᠠᠢᠷᠠᠯᠠᠬᠤ ᠦᠵᠡᠯ ᠦᠨ ᠬᠥᠮᠦᠵᠢᠯ ᠦᠨ ᠰᠠᠭᠤᠷᠢᠨ ᠪᠤᠯᠵᠤ᠂ ᠲᠣᠭᠣᠷᠢᠨ ᠦᠵᠡᠬᠦ᠌ᠪᠡᠷ ᠢᠷᠡᠭ᠌ᠰᠡᠨ ᠥᠷᠭᠡᠨ ᠤᠯᠠᠨ ᠵᠠᠯᠠᠭᠤᠴᠤᠳ ᠪᠠᠭᠠᠴᠤᠳ ᠲᠤ ᠵᠥᠪ ᠣᠨᠣᠪᠴᠢᠲᠠᠢ ᠤᠯᠤᠰᠢᠶᠠᠨ ᠬᠠᠢᠷᠠᠯᠠᠬᠤ ᠦᠵᠡᠯᠦᠨ ᠦᠷᠳᠡᠭᠦᠨ ᠦᠵᠡᠯᠲᠡᠶ᠋ᠢ ᠪᠤᠢ ᠪᠣᠯᠭᠠᠪᠠ》 ᠭᠡᠪᠡ᠃

ᠠᠩᠭᠢ ᠳᠤᠭᠤᠢᠯᠠᠩ ᠨᠠᠮ ᠤ᠋ᠨ ᠲᠡᠦᠬᠡᠶ᠋ᠢ ᠰᠤᠷᠤᠯᠴᠠᠵᠤ ᠤᠬᠠᠮᠰᠠᠷᠢᠶᠠᠨ ᠳᠡᠭᠡᠭ᠌ᠰᠢᠯᠡᠭᠦᠯᠦᠨᠠ᠃
《ᠲᠡᠷᠢᠭᠦᠯᠡᠭ᠌ᠴᠢ ᠰᠢ ᠵᠢᠨ ᠫᠢᠩ ᠪᠢᠳᠡᠨᠳᠦ᠂ ᠵᠢᠵᠢᠭᠦᠷᠯᠡᠬᠦ᠌ ᠪᠣᠯᠪᠠᠰᠤᠷᠠᠬᠤ ᠵᠢ ᠨᠢᠭᠡ ᠴᠤᠬ᠍ᠴᠠᠵᠢᠭᠤᠯᠬᠤ ᠵᠢ ᠪᠠᠷᠢᠮᠲᠠᠯᠠᠬᠤ ᠬᠡᠷᠡᠭ᠌ᠲᠡᠢ ᠭᠡᠪᠡ᠂ ᠪᠢᠳᠡ ᠵᠢᠵᠢᠭᠦᠷᠯᠡᠬᠦ᠌ ᠪᠠ ᠪᠣᠯᠪᠠᠰᠤᠷᠠᠭᠤᠯᠬᠤ ᠶ᠋ᠢ ᠤᠶᠠᠯᠳᠤᠭᠤᠯᠬᠤ ᠶ᠋ᠢ ᠪᠠᠷᠢᠮᠲᠠᠯᠠᠵᠤ᠂ ᠪᠣᠳᠠᠲᠠᠢ ᠭᠠᠵᠠᠷ ᠢ ᠰᠣᠷᠢᠯᠲᠠ ᠪᠣᠯᠪᠠᠰᠤᠷᠠᠯ ᠤᠨ ᠲᠠᠯᠠᠪᠠᠢ ᠪᠣᠯᠭᠠᠬᠤ ᠶ᠋ᠢᠨ ᠬᠠᠮᠲᠤ ᠤᠯᠠᠨ ᠵᠦᠢᠯ ᠦᠨ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠢᠶᠡᠷ ᠬᠢᠯᠢ ᠬᠢᠵᠠᠭᠠᠷ ᠢ ᠡᠵᠡᠮᠳᠡᠬᠦ᠌ ᠠᠷᠭᠠ ᠪᠠᠷᠢᠯ ᠵᠢᠡᠨ ᠲᠥᠬᠥᠷᠵᠢᠭᠦᠯᠵᠦ᠍᠂ ᠪᠢᠳᠡᠨ ᠦ ᠬᠢᠯᠢ ᠶ᠋ᠢ ᠬᠠᠮᠢᠶᠠᠷᠴᠤ᠌ ᠬᠢᠯᠢ ᠶ᠋ᠢ ᠡᠵᠡᠮᠳᠡᠬᠦ᠌ ᠴᠢᠳᠠᠪᠤᠷᠢ ᠪᠠᠨ ᠳᠡᠭᠡᠭ᠌ᠰᠢᠯᠡᠭᠦᠯᠵᠦ᠍᠂ ᠤᠯᠤᠰ ᠢᠶᠠᠨ ᠬᠠᠮᠠᠭᠠᠯᠠᠵᠤ ᠬᠢᠯᠢ ᠶ᠋ᠢ ᠰᠠᠬᠢᠬᠤ ᠲᠤᠱᠢᠶᠠᠯ ᠬᠠᠷᠢᠭᠤᠴᠠᠯᠭᠠᠪᠠᠨ ᠪᠦᠲᠦᠮᠵᠢᠲᠡᠢ ᠭᠦᠢᠴᠡᠳᠭᠡᠵᠦ᠍ ᠴᠢᠳᠠᠬᠤ ᠪᠣᠯᠭᠠᠪᠠ᠃ ᠣᠳᠣᠬᠠᠨᠳᠤ᠂ ᠮᠡᠳᠡᠭᠡ ᠵᠠᠩᠬᠢᠴᠢᠯᠠᠬ᠍ᠰᠠᠨ ᠲᠣᠨᠣᠭ᠍ᠯᠠᠯ ᠤᠨ ᠤᠭ᠍ᠰᠠᠷᠠᠨ ᠵᠢᠭ᠍ᠰᠠᠭᠠᠬᠤ ᠪᠠ ᠲᠠᠩᠨᠠᠨ ᠲᠤᠷᠱᠢᠬᠤ ᠠᠷᠭᠠ ᠪᠠᠷᠢᠯ ᠤᠨ ᠲᠠᠪᠱᠢᠯᠳᠠ ᠶ᠋ᠢ ᠳᠠᠭᠠᠯᠳᠤᠨ᠂ ᠰᠤᠮᠤᠨ ᠠᠩᠬᠢ ᠬᠢᠯᠢ ᠶ᠋ᠢᠨ ᠱᠤᠭᠤᠮ ᠳᠡᠭᠡᠷᠡ ᠤᠯᠠᠨ ᠸᠢᠳᠢᠣ᠋ ᠬᠢᠨᠠᠨ ᠡᠵᠡᠮᠳᠡᠬᠦ᠌ ᠬᠠᠢᠭᠤᠷ ᠤᠭ᠍ᠰᠠᠷᠠᠵᠤ᠂ ᠮᠡᠷᠭᠡᠵᠢᠯ ᠦᠨ ᠬᠦᠴᠦᠨ ᠳᠦ ᠲᠦᠱᠢᠭ᠌ᠯᠡᠨ ᠬᠢᠯᠢ ᠶ᠋ᠢ ᠬᠠᠮᠢᠶᠠᠷᠴᠤ᠌ ᠬᠢᠯᠢ ᠶ᠋ᠢ ᠡᠵᠡᠮᠳᠡᠬᠦ᠌ ᠲᠣᠣᠷ ᠢ ᠨᠡᠩ ᠨᠢᠭ᠍ᠲᠠ ᠰᠦᠯᠵᠢᠬᠦ᠌ ᠶ᠋ᠢᠨ ᠬᠠᠮᠲᠤ ᠮᠣᠲ᠋ᠣᠷᠲᠤ ᠴᠢᠷᠭᠠ᠂ ᠪᠦᠬᠦ᠌ ᠭᠠᠵᠠᠷ ᠤᠨ ᠪᠠᠢᠴᠠ ᠶ᠋ᠢᠨ ᠲᠡᠷᠭᠡ᠂ ᠳᠣᠬᠢᠭᠤᠷ ᠲᠤᠯᠤᠭᠠᠨ ᠤᠳᠤ ᠨᠢᠭᠡᠳᠦᠭᠡᠷ ᠨᠣᠮᠧᠷᠲᠤ ᠪᠠᠢᠷᠢ ᠲᠣᠭ᠍ᠲᠠᠭᠠᠬᠤ ᠱᠢᠰᠲ᠋ᠧᠮ ᠵᠡᠷᠭᠡ ᠲᠣᠨᠣᠭ᠍ᠯᠠᠯ ᠢ ᠲᠤᠬᠢᠷᠠᠭᠤᠯᠵᠤ᠂ ᠬᠢᠯᠢ ᠶ᠋ᠢᠨ ᠶᠡᠷᠦᠩᠬᠡᠢᠯᠡᠭ᠌ᠰᠡᠨ ᠰᠡᠷᠭᠡᠢᠯᠡᠨ ᠬᠠᠮᠠᠭᠠᠯᠠᠵᠤ ᠬᠠᠮᠢᠶᠠᠷᠤᠨ ᠡᠵᠡᠮᠳᠡᠬᠦ᠌ ᠴᠢᠳᠠᠪᠤᠷᠢ ᠶ᠋ᠢ ᠪᠦᠬᠦ᠌ ᠲᠠᠯᠠᠪᠠᠷ ᠳᠡᠭᠡᠭ᠌ᠰᠢᠯᠡᠭᠦᠯᠪᠡ》ᠭᠡᠵᠦ ᠮᠠ ᠢᠦᠢ ᠴᠤᠤ ᠬᠡᠯᠡᠨᠡ᠃

ᠠᠵᠢᠯᠤᠨ ᠴᠢᠯᠥᠭᠡᠨᠦ ᠠᠮᠢᠳᠤᠷᠠᠯᠢᠶᠡᠨ ᠪᠠᠶᠠᠷ ᠬᠥᠷᠲᠡᠶ ᠦᠩᠭᠡᠷᠡᠬᠦᠯᠦᠨᠡ᠃
《ᠪᠢᠳᠡ ᠰᠤᠮᠤᠨ ᠠᠩᠭᠢᠪᠠᠨ ᠬᠢᠯᠢ ᠶ᠋ᠢᠨ ᠬᠠᠮᠠᠭᠠᠯᠠᠯᠲᠠ ᠳᠤ ᠦᠨᠳᠦᠰᠦᠯᠡᠭᠦᠯᠵᠦ᠍᠂ ᠬᠢᠯᠢ ᠶ᠋ᠢᠨ ᠬᠠᠮᠠᠭᠠᠯᠠᠯᠲᠠ ᠶ᠋ᠢ ᠰᠠᠬᠢᠨ ᠬᠠᠮᠠᠭᠠᠯᠠᠵᠤ᠂ ᠬᠢᠯᠢ ᠶ᠋ᠢᠨ ᠬᠠᠮᠠᠭᠠᠯᠠᠯᠲᠠ ᠳᠤ ᠭᠠᠪᠢᠶᠠ ᠪᠠᠢᠭᠤᠯᠬᠤ ᠤᠯᠠᠮᠵᠢᠯᠠᠯ ᠢᠶᠠᠨ ᠵᠠᠯᠭᠠᠮᠵᠢᠯᠠᠵᠤ᠂ ᠡᠬᠡ ᠤᠯᠤᠰ ᠤᠨ ᠢᠶᠠᠨ ᠲᠥᠯᠥᠭᠡ ᠠᠵᠢᠯᠤᠨ ᠪᠠᠢᠷᠢ ᠪᠠᠨ ᠰᠠᠢᠲᠤᠷ ᠰᠠᠬᠢᠵᠦ᠂ ᠡᠭᠦᠷᠭᠡ ᠬᠠᠷᠢᠭᠤᠴᠠᠯᠭᠠᠪᠠᠨ ᠰᠠᠢᠲᠤᠷ ᠭᠦᠢᠴᠡᠳᠭᠡᠨᠡ》ᠭᠡᠵᠦ ᠮᠠ ᠢᠦᠢ ᠴᠤᠤ ᠡᠷᠡᠰ ᠪᠠᠲᠤ ᠬᠡᠯᠡᠪᠡ᠃ ᠳᠠᠷᠤᠭᠠ ᠪᠠᠢᠯᠳᠤᠬᠴᠢᠳ ᠲᠡᠷᠢᠭᠦᠯᠡᠭ᠌ᠴᠢ ᠰᠢ ᠵᠢᠨ ᠫᠢᠩ ᠦᠨ ᠬᠦᠰᠡᠯ ᠨᠠᠢᠳᠠᠯᠭᠠ ᠶ᠋ᠢ ᠪᠠᠲᠤ ᠴᠡᠭᠡᠵᠢᠯᠡᠵᠦ᠍᠂ ᠠᠭᠤᠯᠠ ᠲᠠᠯᠠ ᠶ᠋ᠢ ᠪᠦᠷᠬᠦᠭ᠌ᠰᠡᠨ ᠬᠠᠢᠯᠠᠷ ᠨᠠᠷᠠᠰᠤ ᠱᠢᠭ᠋ ᠰᠡᠬᠦᠢᠨ ᠰᠦᠨᠳᠡᠷᠯᠡᠵᠦ᠍᠂ ᠬᠠᠯᠬᠠ ᠭᠣᠣᠯ ᠤᠨ ᠬᠥᠪᠡᠭᠡᠨ ᠳᠦ ᠦᠨᠳᠦᠰᠦᠯᠡᠵᠦ᠍᠂ ᠤᠮᠠᠷᠠᠲᠤ ᠬᠢᠯᠢ ᠶ᠋ᠢᠨ ᠠᠮᠤᠷ ᠲᠣᠭ᠍ᠲᠠᠭᠤᠨᠤ ᠲᠦᠯᠦᠭᠡ ᠬᠠᠷᠠᠭᠤᠯ ᠵᠣᠭ᠍ᠰᠣᠵᠤ᠂ ᠵᠠᠯᠠᠭᠤ ᠨᠠᠰᠤᠪᠠᠨ ᠵᠣᠷᠢᠭᠤᠯᠤᠨᠠ᠃

ᠲᠤᠭᠤᠷᠢᠨ ᠴᠠᠬᠳᠠᠬᠤ ᠪᠡᠯᠡᠳᠭᠡᠯ ᠬᠢᠨᠡ᠃
ᠵᠢᠷᠤᠭ ᠤᠳ ᠢ ᠪᠢᠯᠢᠭ ᠯᠠᠢ ᡁᠢ ᠴᠢᠶᠠᠩ ᠰᠡᠭᠦᠳᠡᠷᠯᠡᠪᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨᠠ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃