2022-04-07 10:36:03
[ᠰᠤᠨᠢᠨ ᠮᠡᠳᠡᠭᠡᠨᠤ ᠡᠷᠭᠢᠴᠡᠭᠦᠯᠦᠯ]
2014 ᠤᠨ ᠤ᠋ 1 ᠰᠠᠷ᠎ᠠ ᠶ᠋ᠢᠨ 26 ᠤ᠋ ᠡᠳᠦᠷ᠂ ᠬᠢᠯᠢ ᠬᠢᠵᠠᠭᠠᠷ ᠲᠦ᠍ ᠪᠠᠢᠷᠢᠯᠠᠭ᠎ᠠ ᠬᠢᠨᠭᠭᠠᠨ ᠠᠢᠮᠠᠭ ᠤ᠋ᠨ ᠷᠠᠰᠢᠶᠠᠨ ᠬᠤᠲᠠ ᠲᠡᠰᠬᠢᠮ᠎ᠡ ᠬᠦᠢᠳᠡᠨ ᠪᠠᠢᠵᠦ᠂ ᠲᠡᠭ ᠡᠴᠡ ᠳᠤᠷᠤᠬᠰᠢ 30 ᠭᠠᠷᠤᠢ ᠭᠷᠠᠳᠦ᠋ᠰ ᠲᠦ᠍ ᠬᠦᠷᠴᠤ᠂ ᠮᠥᠰᠥ᠍ ᠴᠠᠰᠤᠨᠳᠤ ᠬᠤᠴᠢᠭ᠍ᠳᠠᠨ ᠂ ᠮᠥᠩᠭᠥᠨ ᠬᠤᠶᠠᠭ ᠬᠡᠲᠦᠷᠦᠭᠰᠡᠨ ᠪᠠᠢᠯ᠎ᠠ᠃
ᠶᠡᠷᠦᠩᠬᠡᠶ ᠱᠦᠵᠢ ᠰᠢ ᠵᠢᠨ ᠫᠢᠩ ᠬᠠᠬᠢᠷ ᠬᠦᠶ᠋ᠲᠡᠨᠢ ᠬᠠᠢᠬᠤᠷᠤᠯ ᠦᠭᠡᠢ ᠪᠠᠷ᠂ ᠮᠦᠰᠦ ᠴᠠᠰᠤᠨ ᠤ᠋ ᠳᠤᠮᠳᠠᠭᠤᠷ ᠠᠯᠬᠤᠨ ᠢᠷᠪᠢᠰ ᠪᠠᠯᠭᠠᠰᠤᠨ ᠤ 74 ᠨᠠᠰᠤᠲᠠᠶ ᠬᠦᠴᠢᠷᠳᠡᠯᠲᠡᠢ ᠣᠶ ᠱᠢᠭᠤᠶᠶ᠋ᠢᠨ ᠠᠵᠢᠯᠲᠠᠨ ᠭᠦᠸᠧ ᠶᠦᠩ ᠼᠠᠢᠶ᠋ᠢᠨ ᠬᠡᠷᠲᠦ ᠬᠥᠷᠪᠡ᠃
ᠵᠤᠭᠤᠷᠢ ᠵᠢ ᠨᠢ ᠱᠠᠭᠠᠢᠵᠤ᠂ ᠫᠢᠰᠢᠩ ᠢ᠋ ᠨᠢ ᠲᠡᠮᠲᠡᠷᠢᠵᠤ᠂ ᠰᠢᠨ᠎ᠡ ᠶ᠋ᠢᠨ ᠪᠠᠷᠠᠭ᠎ᠠ ᠵᠢ ᠨᠢ ᠦᠵᠡᠵᠦ᠂ ᠬᠠᠨᠵᠤᠨ ᠳᠡᠭᠡᠷ᠎ᠡ ᠨᠢ ᠰᠠᠭᠤᠭᠠᠳ᠂ ᠶᠡᠷᠦᠩᠬᠡᠢ ᠱᠦᠵᠢ ᠰᠢ ᠵᠢᠨ ᠫᠢᠩ ᠭᠦᠸᠧ ᠶᠦᠩ ᠼᠠᠢ ᠶ᠋ᠢᠨ ᠨᠢᠭᠡ ᠭᠡᠷ ᠤ᠋ᠨ ᠬᠢᠨ ᠤ᠋ ᠠᠮᠢᠳᠤᠷᠠᠯ ᠢ᠋ ᠨᠠᠷᠢᠨ ᠨᠢᠮᠪᠠᠢ ᠣᠢᠯᠠᠭᠠᠪᠠ᠃ ᠭᠦᠸᠧ ᠶᠦᠩ ᠼᠠᠢ ᠵᠡᠷᠭᠡ ᠤᠯᠠᠨ ᠲᠦᠮᠡᠨ ᠤ᠋ ᠣᠷᠣᠨ ᠰᠠᠭᠤᠴᠠ ᠶ᠋ᠢᠨ ᠲᠠᠯ᠎ᠠ ᠪᠠᠷ ᠨᠡᠯᠢᠶᠡᠳ ᠬᠦᠴᠢᠷᠳᠡᠯᠲᠡᠢ ᠪᠠᠢᠬᠤᠶ᠋ᠢ ᠬᠠᠷᠠᠭᠠᠳ᠂ ᠶᠡᠷᠦᠩᠬᠡᠢ ᠱᠦᠵᠢ ᠲᠤᠬᠠᠢ ᠶ᠋ᠢᠨ ᠭᠠᠵᠠᠷ ᠤᠨ ᠺᠠᠳ᠋ᠷᠴᠤᠳᠲᠤ ᠲᠦᠬᠦᠮ ᠪᠦᠳᠦᠴᠡᠳᠦ ᠣᠷᠣᠨ ᠰᠠᠭᠤᠴᠠ ᠶ᠋ᠢᠨ ᠲᠣᠭᠣᠷᠢᠭ ᠢ ᠦᠬᠡᠷᠡᠴᠢᠯᠡᠨ ᠪᠠᠢᠭᠤᠯᠬᠤ ᠠᠬᠢᠴᠠ ᠪᠠᠨ ᠲᠦᠷᠭᠡᠳᠭᠡᠵᠦ᠍᠂ ᠴᠠᠭ ᠲᠤᠬᠲᠠᠭᠠᠵᠤ ᠪᠠᠢᠭᠠᠳ ᠤᠯᠠᠨ ᠲᠦᠮᠡᠨ ᠢ᠋ ᠡᠷᠲᠡᠬᠡᠨ ᠱᠢᠨ᠎ᠡ ᠭᠡᠷ ᠲᠦ᠍ ᠰᠠᠭᠤᠯᠭᠠᠬᠤ ᠬᠡᠷᠡᠭ᠌ᠲᠡᠢ ᠭᠡᠵᠦ᠍ ᠵᠠᠬᠢᠪᠠ᠃
ᠤᠷᠢᠬᠠᠨ ᠬᠠᠪᠤᠷ ᠤ᠋ᠨ ᠲᠤᠨᠭᠭᠠᠯᠠᠭ ᠡᠳᠦᠷ᠂ ᠬᠢᠩᠭᠠᠨ ᠠᠢᠮᠠᠭᠤᠨ ᠷᠠᠱᠢᠶᠠᠨ ᠬᠤᠳᠠ ᠶ᠋ᠢᠨ ᠢᠷᠪᠢᠰ ᠵᠡᠭᠡᠯᠢ ᠶ᠋ᠢᠨ ᠱᠧᠩ ᠴᠢᠤᠸᠠᠨ ᠰᠠᠭᠤᠭᠠᠯᠢ ᠲᠣᠭᠣᠷᠢᠭᠲᠦ᠍ ᠬᠦᠷᠪᠠᠯ᠂ ᠡᠶᠡᠪᠡᠷᠬᠦᠤ ᠨᠠᠷᠠᠨᠤ ᠭᠡᠷᠡᠯ ᠨᠡᠬᠦᠯᠬᠡᠵᠤ ᠲᠦᠪᠬᠢᠨᠡᠬᠦᠯᠦᠭᠰᠡᠨ ᠤᠷᠤᠨ ᠰᠠᠭᠤᠴᠠᠤ᠋ᠤᠨᠢ ᠭᠡᠢᠬᠦᠯᠵᠤ ᠤᠨᠴᠠᠵᠢᠨ ᠲᠠᠭᠠᠯᠠᠮᠵᠢᠳᠠᠢ ᠰᠠᠨᠠᠭᠳᠠᠭᠤᠯᠤᠨ᠎ᠠ᠃ ᠡᠨᠡ ᠬᠦ᠌ ᠦᠭᠡᠷᠡᠴᠢᠯᠡᠨ ᠪᠠᠢᠭᠤᠯᠤᠭᠰᠠᠨ ᠳᠥᠭᠥᠮ ᠪᠦᠳᠦᠴᠡᠲᠦ ᠣᠷᠣᠨ ᠰᠠᠭᠤᠴᠠ ᠳ᠋ᠤ ᠰᠠᠭᠤᠭ᠎ᠠ 71 ᠨᠠᠰᠤᠲᠠᠶ ᠵᠧᠸ᠋ ᠴᠠᠩ ᠾᠧ ᠬᠥᠭ᠌ᠰᠢᠨ ᠵᠧᠸ᠋ ᠱᠢᠤ ᠷᠦᠩ ᠲᠠᠢ ᠪᠠᠨ ᠬᠤᠶᠠᠭᠤᠯᠠ ᠡᠷᠳᠠᠵᠢᠨ ᠬᠣᠭᠣᠯᠠᠪᠠᠨ ᠢᠳᠡᠴᠢᠭᠡᠭᠡᠳ ᠲᠧᠯᠸᠢᠰ ᠢᠶᠡᠨ ᠨᠡᠭᠡᠭᠡᠵᠦ᠍᠂ ᠲᠠᠬᠢᠨ ᠴᠣᠩᠬᠣᠨ ᠲᠠᠢᠰᠠᠨ ᠲᠡᠭᠡᠷ᠎ᠠ ᠪᠠᠨ ᠵᠢᠭᠳᠡᠯᠡᠵᠤ ᠲᠠᠯᠪᠢᠭ᠍ᠰᠠᠨ ᠬᠤᠸᠠᠷ ᠴᠡᠴᠡᠭᠵᠢᠡᠨ ᠤᠰᠤᠯᠠᠵᠤ ᠂ ᠨᠢᠭᠡ ᠡᠳᠦᠷ ᠦᠨ ᠲᠠᠪᠠᠳᠠᠢ ᠠᠮᠢᠳᠤᠷᠠᠯ ᠢᠶᠠᠨ ᠡᠬᠢᠯᠡᠭᠦᠯᠤᠯ᠎ᠠ᠃
《ᠤᠤᠯ ᠨᠢ ᠦᠷᠯᠦᠭᠡ ᠪᠤᠯᠭᠠᠨ ᠴᠡᠴᠡᠷᠡᠭᠡᠳ ᠰᠡᠷᠢᠴᠢᠭᠡᠳᠡᠭ᠂ ᠤᠷᠤ ᠡᠴᠡ ᠪᠠᠨ ᠪᠤᠰᠤᠮᠠᠭᠴᠠ ᠶᠠᠭᠤᠨᠤ ᠡᠮᠤᠨ᠎ᠠ ᠵᠤᠤᠬ᠎ᠠ ᠳ᠋ᠠᠭᠠᠨ ᠭᠠᠯ ᠲᠦᠯᠡᠵᠤ ᠭᠡᠷᠵᠢᠡᠨ ᠳᠤᠯᠠᠭᠠᠯᠠᠳᠠᠭ᠂ 20 ᠭᠠᠷᠤᠶ ᠲᠡᠭ᠌ᠰᠢ ᠳᠥᠷᠪᠡᠯᠵᠢᠨ ᠮᠧᠲ᠋ᠷ ᠦᠨ ᠭᠡᠷ ᠨᠢ ᠣᠳᠣ ᠶ᠋ᠢᠨ ᠰᠠᠭᠤᠭ᠎ᠠ ᠭᠡᠷ ᠡᠴᠡ ᠬᠠᠭᠠᠰ ᠬᠢᠷᠢ ᠲᠠᠢ ᠪᠠᠭ᠎ᠠ ᠰᠢᠤ ᠳ᠋ᠠ》 ᠭᠡᠵᠤ ᠵᠧᠦ ᠱᠢᠤ ᠷᠦᠩ ᠨᠠᠰᠤᠳᠠᠨ ᠬᠤᠸᠠᠷ ᠴᠡᠴᠡᠭᠵᠢᠡᠨ ᠠᠷᠠᠴᠢᠯᠠᠬᠤᠵᠢᠨ ᠲᠠᠭᠠᠤ ᠤᠤᠯᠤᠨ ᠰᠠᠭᠤᠭ᠎ᠠ ᠭᠡᠷᠤᠨᠵᠢᠡᠨ ᠪᠠᠢᠳᠠᠯᠢ ᠡᠷᠬᠢᠴᠡᠬᠦᠯᠤᠨ ᠭᠡᠯᠡᠨ᠎ᠠ᠃
ᠷᠠᠱᠢᠶᠠᠨ ᠬᠤᠲᠠ ᠶᠡᠬᠡ ᠬᠢᠩᠭᠠᠨ ᠳᠠᠪᠠᠭᠠᠶ᠋ᠢᠨ ᠤᠢᠲᠤ ᠣᠷᠣᠨᠳᠤ ᠪᠠᠢᠷᠢᠯᠠᠵᠤ᠂ ᠠᠯᠢ ᠡᠷᠲᠡ ᠳᠡᠭᠡᠷ᠎ᠡ ᠵᠠᠭᠤᠨᠤ ᠲᠠᠪᠢᠭᠠᠳ ᠣᠨᠤ ᠳᠤᠮᠳᠠᠴᠢᠪᠠᠷ᠂ ᠱᠢᠨ᠎ᠡ ᠳᠤᠮᠳᠠᠳᠤ ᠤᠯᠤᠰᠤᠨ ᠠᠨᠭᠬᠠᠨ ᠤ᠋ ᠦᠶᠡᠶ᠋ᠢᠨ ᠤᠢ ᠱᠢᠭᠤᠢ ᠶ᠋ᠢᠨ ᠠᠵᠢᠯᠴᠢᠳ ᠡᠨᠳᠡ ᠠᠵᠢᠯᠯᠠᠨ ᠠᠮᠢᠳᠤᠷᠠᠵᠤ ᠡᠬᠢᠯᠡᠵᠡᠢ᠃ ᠣᠷᠳᠣ ᠬᠤᠭᠤᠴᠠᠭᠠᠨ ᠤ ᠲᠤᠷᠰᠢ᠂ ᠴᠠᠰᠦ ᠪᠣᠷᠣᠭᠠᠨ ᠳ᠋ᠤ ᠭᠣᠭᠣᠵᠢᠳᠠᠭ ᠢᠪᠴᠤᠤ ᠰᠢᠬᠠᠭᠤ ᠱᠢᠪᠠᠷ ᠪᠠᠢᠱᠢᠩ ᠤ᠋ᠳᠨᠢ ᠤᠢᠲᠤ ᠣᠷᠣᠨ ᠤ ᠥᠪᠡᠷᠮᠢᠴᠡ ᠣᠨᠴᠠᠯᠢᠭᠳᠤ ᠣᠷᠣᠨ ᠰᠠᠭᠤᠴᠠᠵᠢ ᠪᠦᠷᠢᠯᠳᠤᠬᠦᠯᠦᠭᠰᠡᠨ ᠠᠵᠢ᠃ ᠲᠡᠷᠡ ᠮᠦᠷᠲᠡᠭᠡᠨ ᠷᠠᠱᠢᠶᠠᠨ ᠤ ᠡᠪᠦᠯᠤᠨ ᠤᠯᠠᠷᠢᠯ ᠤᠷᠲᠤ ᠪᠠᠢᠳᠠᠭ ᠡᠴᠡ ᠣᠷᠣᠨ ᠰᠠᠭᠤᠴᠠ ᠶ᠋ᠢᠨ ᠠᠰᠠᠭᠤᠳᠠᠯ ᠢ᠋ ᠱᠢᠶ᠋ᠳᠪᠦᠷᠢᠯᠡᠬᠦ᠌ ᠨᠢ ᠴᠦ᠍ ᠡᠨᠳᠡᠬᠢ ᠲᠡᠷᠢᠭᠦᠨ ᠴᠢᠬᠤᠯᠠ ᠶᠠᠪᠤᠳᠠᠯ ᠪᠣᠯᠤᠭᠰᠠᠨ ᠶᠤᠮ᠃
2014 ᠣᠨ ᠤ ᠴᠠᠭᠠᠨ ᠰᠠᠷ᠎ᠠ ᠡᠴᠡ ᠡᠮᠦᠨᠡᠬᠡᠨ᠂ ᠶᠡᠷᠦᠩᠬᠡᠢ ᠱᠦᠵᠢ ᠰᠢ ᠵᠢᠨ ᠫᠢᠩ ᠲᠡᠭ ᠡᠴᠡ ᠳᠣᠷᠣᠭ᠍ᠰᠢ 30 ᠭᠠᠷᠤᠢ ᠭᠷᠠᠳᠦ᠋ᠰ ᠦᠨ ᠬᠠᠬᠢᠷ ᠬᠦᠢᠳᠡᠨ ᠢ ᠬᠠᠢᠬᠤᠷᠤᠯ ᠦᠭᠡᠢᠪᠡᠷ᠂ ᠴᠠᠰᠤ ᠮᠥᠰᠥᠨ ᠳᠤᠮᠳᠠᠭᠤᠷ ᠠᠯᠬᠤᠯᠠᠨ᠂ ᠢᠪᠴᠤᠤ ᠨᠠᠷᠢᠨ ᠭᠤᠳᠤᠮᠵᠢᠪᠠᠷ ᠥᠩᠭᠡᠷᠡᠵᠤ᠂ ᠷᠠᠱᠢᠶᠠᠨ ᠬᠤᠳᠠ ᠶ᠋ᠢᠨ ᠯᠢᠨ ᠬᠠᠢ ᠵᠡᠭᠡᠯᠢ ᠶ᠋ᠢᠨ ᠤᠢ ᠱᠢᠭᠤᠢᠶ᠋ᠢᠨ ᠦᠢᠯᠡᠰ ᠤ᠋ᠨ ᠲᠦᠬᠦᠮ ᠪᠦᠳᠦᠴᠡᠳᠤ ᠣᠷᠣᠨ ᠰᠠᠭᠤᠴᠠ ᠶ᠋ᠢᠨ ᠲᠣᠭᠣᠷᠢᠭᠲᠤ ᠬᠦᠷᠪᠡ᠃ ᠤᠢᠲᠤ ᠣᠷᠣᠨᠤ ᠤᠯᠠᠨ ᠲᠦᠮᠡᠨ ᠦ ᠣᠷᠣᠨ ᠰᠠᠭᠤᠴᠠ ᠬᠦᠴᠢᠷᠳᠡᠯᠲᠡᠢ ᠪᠠᠢᠬᠤ ᠶ᠋ᠢ ᠦᠵᠡᠭᠡᠳ᠂ ᠶᠡᠷᠦᠩᠬᠡᠢ ᠱᠦᠵᠢ ᠲᠤᠬᠠᠢ ᠶ᠋ᠢᠨ ᠭᠠᠵᠠᠷ ᠤᠨ ᠺᠠᠳ᠋ᠷᠴᠤᠳᠲᠤ ᠲᠦᠬᠦᠮ ᠪᠦᠳᠦᠴᠡᠳᠦ ᠣᠷᠣᠨ ᠰᠠᠭᠤᠴᠠ ᠶ᠋ᠢᠨ ᠲᠣᠭᠣᠷᠢᠭ ᠢ ᠦᠬᠡᠷᠡᠴᠢᠯᠡᠨ ᠪᠠᠢᠭᠤᠯᠬᠤ ᠠᠬᠢᠴᠠ ᠪᠠᠨ ᠲᠦᠷᠭᠡᠳᠭᠡᠵᠦ᠍᠂ ᠴᠠᠭ ᠲᠤᠬᠲᠠᠭᠠᠵᠤ ᠪᠠᠢᠭᠠᠳ ᠤᠯᠠᠨ ᠲᠦᠮᠡᠨ ᠢ᠋ ᠡᠷᠲᠡᠬᠡᠨ ᠱᠢᠨ᠎ᠡ ᠭᠡᠷ ᠲᠦ᠍ ᠰᠠᠭᠤᠯᠭᠠᠬᠤ ᠬᠡᠷᠡᠭ᠌ᠲᠡᠢ᠂ ᠬᠦᠴᠢᠷᠳᠡᠯᠲᠡᠢ ᠤᠯᠠᠨ ᠲᠦᠮᠡᠨ ᠢ ᠲᠣᠬᠣᠨᠢᠭᠤᠯᠬᠤ ᠠᠵᠢᠯᠢ ᠰᠠᠢᠲᠤᠷ ᠬᠢᠵᠦ᠍ ᠂ ᠠᠢᠯ ᠪᠤᠯᠭᠠᠨ ᠢ᠋ ᠰᠠᠢᠬᠠᠨ ᠰᠢᠨᠡᠯᠡᠭᠦᠯᠬᠦ ᠬᠡᠷᠡᠭ᠌ᠲᠡᠢ ᠭᠡᠵᠦ᠍ ᠵᠠᠬᠢᠪᠠ᠃
ᠲᠦᠬᠦᠮ ᠪᠦᠳᠦᠴᠡᠳᠦ ᠣᠷᠣᠨ ᠰᠠᠭᠤᠴᠠ ᠶ᠋ᠢᠨ ᠲᠤᠭᠤᠷᠢᠭᠤᠨ ᠥᠭᠡᠷᠡᠴᠢᠯᠡᠨ ᠪᠠᠢᠭᠤᠯᠤᠯᠳᠠ ᠡᠴᠡ ᠠᠱᠢᠭ ᠬᠦᠷᠲᠡᠭᠡᠵᠦ᠍᠂ 2017 ᠣᠨ ᠳᠤ ᠵᠧᠦ ᠴᠠᠩ ᠾᠧ ᠶ᠋ᠢᠨ ᠬᠢᠨ ᠬᠡᠳᠦᠨ ᠠᠷᠪᠠᠨ ᠵᠢᠯ ᠰᠠᠭᠤᠭ᠍ᠰᠠᠨ ᠲᠦᠬᠦᠮᠭᠡᠨ ᠪᠠᠢᠰᠢᠡᠭ ᠡᠴᠡᠪᠠᠨ ᠠᠶᠠᠷᠯᠠᠵᠤ᠂ ᠲᠤᠬᠢᠯᠢᠭ ᠲᠠᠪᠠᠳᠠᠢ ᠱᠢᠨ᠎ᠡ ᠠᠰᠠᠷᠲᠤ ᠨᠡᠭᠦᠪᠠ᠃ ᠱᠢᠨ᠎ᠡ ᠠᠰᠠᠷᠤᠨ ᠦᠷᠦᠭᠡ ᠂ ᠲᠣᠭᠣᠭᠠᠨ ᠬᠡᠷ ᠂ ᠵᠤᠷᠯᠤᠡᠭ ᠵᠡᠷᠭᠡ ᠵᠢᠨ ᠬᠤᠪᠢᠶᠠᠷᠢᠯᠠᠯ ᠨᠢ ᠲᠤᠬᠢᠳᠠᠢ ᠪᠦᠭᠡᠳ ᠪᠤᠳᠤᠭᠳᠤ ᠲᠧᠯᠸᠢᠰ᠂ ᠬᠥᠯᠳᠡᠭᠡᠭᠦᠷ ᠂ ᠴᠠᠬᠢᠯᠭᠠᠨ ᠲᠣᠭᠣᠭ᠎ᠠ ᠵᠡᠷᠭᠡ ᠬᠡᠷ ᠦᠨ ᠴᠠᠬᠢᠯᠭᠠᠨ ᠬᠡᠷᠡᠭ᠌ᠰᠡᠯ ᠪᠦᠷᠢᠨ ᠪᠠᠢᠭ᠎ᠠ ᠠᠵᠢ;ᠭᠡᠭᠡᠨ ᠮᠦᠷᠳᠡᠭᠡᠨ ᠴᠡᠪᠡᠷᠭᠡᠨ ᠴᠤᠡᠭᠬᠤ᠂ ᠭᠢᠯᠠᠭᠠᠷ ᠱᠠᠯᠠ ᠶ᠋ᠢᠨ ᠲᠣᠭᠣᠰᠭ᠎ᠠ ᠂ ᠬᠢᠯ᠎ᠡ ᠴᠢᠯᠡ ᠵᠦᠯᠬᠦᠭᠰᠡᠨ ᠲᠤᠭᠤᠭᠠᠨ ᠭᠡᠷᠤᠨ ᠬᠡᠷᠡᠭ᠌ᠰᠡᠯᠤᠳ ᠨᠢ ᠬᠠᠷᠠᠭᠠᠵᠢ ᠪᠤᠯᠢᠶᠠᠵᠤ᠂ ᠬᠤᠶᠠᠷ ᠨᠠᠰᠤᠳᠠᠨ 61 ᠲᠡᠭ᠌ᠰᠢ ᠳᠥᠷᠪᠡᠯᠵᠢᠨ ᠮᠧᠲ᠋ᠷᠦᠨ ᠭᠡᠷᠵᠢᠡᠨ ᠵᠢᠭᠳᠡᠢ ᠰᠠᠢᠬᠠᠨ ᠴᠡᠪᠡᠷᠯᠡᠵᠠᠢ᠃
ᠬᠤᠪᠢᠷᠠᠯᠲᠠ ᠶ᠋ᠢᠨ ᠲᠤᠬᠠᠢ ᠦᠭᠡᠵᠢᠨ ᠰᠡᠵᠢᠬᠦᠷ ᠡᠬᠦᠰᠭᠡᠬᠦ ᠲᠠᠢ ᠵᠡᠷᠭᠡ ᠵᠧᠦ ᠴᠠᠩ ᠾᠧ ᠴᠢᠷᠠᠢ ᠲᠦᠬᠦᠷᠡᠡᠭ ᠪᠠᠶᠠᠷᠤᠨ ᠮᠦᠰᠢᠶᠠᠳᠤ ᠲᠤᠳᠤᠷᠠᠭᠤᠯᠤᠨ᠎ᠠ᠃ ᠲᠠᠷᠠ᠄ 《ᠴᠠᠭ ᠦᠶ᠎ᠡ ᠰᠠᠢᠨ ᠪᠠᠢᠨ᠎ᠠ᠂ ᠲᠦᠬᠦᠮ ᠪᠦᠳᠤᠴᠡᠳᠤ ᠣᠷᠣᠨ ᠰᠠᠭᠤᠴᠠᠶ᠋ᠢᠨ ᠲᠣᠭᠣᠷᠢᠭᠢ ᠦᠭᠡᠷᠡᠴᠢᠯᠡᠨ ᠪᠠᠢᠭᠤᠯᠤᠭᠰᠠᠨ ᠦᠭᠡᠢ ᠪᠣᠯ ᠮᠠᠨ ᠤ ᠬᠣᠶᠠᠭᠤᠯᠠ ᠪᠠᠨ ᠡᠢᠮᠦ᠍ᠷᠬᠦᠤ ᠲᠠᠪᠠᠳᠠᠢ ᠠᠰᠠᠷᠲᠤ ᠰᠠᠭᠤᠬᠤ ᠵᠠᠪᠱᠢᠶᠠᠨ ᠭᠡᠵᠤ ᠬᠠᠮᠢᠭ᠎ᠠ ᠪᠠᠢᠨ᠎ᠠ ᠪᠤᠢ? ᠪᠢᠳᠡ ᠶᠡᠷᠦᠩᠬᠡᠢ ᠱᠦᠵᠢᠳᠦ ᠲᠠᠯᠠᠷᠬᠠᠬᠤ ᠬᠡᠷᠡᠭ᠌ᠲᠡᠢ᠂ ᠨᠠᠮ ᠤᠨ ᠲᠥᠪ ᠬᠣᠷᠢᠶ᠎ᠠ ᠳᠤ ᠲᠠᠯᠠᠷᠬᠠᠬᠤ ᠬᠡᠷᠡᠭ᠌ᠲᠡᠢ! 》 ᠭᠡᠵᠤ ᠰᠡᠳᠬᠢᠯ ᠲᠤᠭᠳᠤᠯᠤᠨ ᠭᠡᠯᠡᠨ᠎ᠠ᠃ 《ᠣᠲᠣ ᠡᠪᠦᠯᠤᠨ ᠤᠯᠠᠷᠢᠯ ᠴᠦ᠍ ᠭᠡᠰᠡᠨ ᠦᠷᠦᠭᠡ ᠭᠡᠷ ᠮᠠᠰᠢ ᠳᠤᠯᠠᠭᠠᠨ᠂ ᠵᠣᠷᠯᠣᠩ ᠳᠤ ᠣᠷᠣᠬᠤ ᠪᠠ ᠪᠡᠶ᠎ᠡ ᠤᠬᠢᠶᠠᠬᠤ ᠳᠤ ᠳᠠᠭᠠᠷᠠᠵᠤ ᠪᠡᠭᠡᠷᠡᠬᠦ᠌ ᠡᠴᠡ ᠡᠮᠢᠶᠠᠬᠦ ᠡᠴᠡ ᠪᠤᠯᠢᠬᠰᠠᠨ ᠰᠢᠤ 》 ᠭᠡᠵᠦ ᠵᠧᠦ ᠱᠢᠤ ᠷᠦᠩ ᠨᠠᠰᠤᠳᠠᠨ ᠬᠠᠵᠠᠭᠤ ᠡᠴᠡ ᠨᠢ ᠪᠠᠶᠠᠷᠳᠠᠢᠬᠠᠨ ᠭᠡᠯᠡᠨ᠎ᠠ᠃
ᠵᠧᠸ᠋ ᠴᠠᠩ ᠾᠧ ᠶ᠋ᠢᠨ ᠬᠢᠨ ᠰᠢᠭ ᠰᠢᠨ᠎ᠡ ᠭᠡᠷ ᠲᠦ᠍ ᠨᠡᠭᠦᠭᠰᠡᠨ ᠦᠯᠢᠭᠡᠷ ᠬᠠᠪᠤᠷᠤᠨ ᠤᠷᠢᠬᠠᠨ ᠰᠠᠯᠬᠢ ᠵᠢᠨ ᠢᠯᠪᠢᠯᠳᠠ ᠰᠢᠭᠵᠢᠡᠷ ᠡᠨᠡ ᠬᠦ᠌ ᠵᠢᠵᠢᠭᠭᠡᠨ ᠬᠣᠲᠠ ᠶ᠋ᠢᠨ ᠬᠤᠪᠢᠷᠠᠯᠲᠠ ᠶ᠋ᠢ ᠬᠦᠤᠷᠨᠢᠨᠠ᠃ ᠦᠨᠳᠤᠷ ᠪᠤᠭᠤᠨᠢ ᠨᠢ ᠠᠳᠠᠯᠢ ᠦᠭᠡᠢ᠂ ᠤᠷᠤᠭᠰᠢ ᠬᠤᠢᠰᠢ ᠵᠢᠭᠳᠡ ᠦᠭᠡᠢ ᠬᠡᠷ ᠪᠠᠢᠱᠢᠩ ᠤᠳ ᠢᠳᠡᠭ ᠢᠳᠡᠭᠵᠢᠡᠷ ᠬᠠᠷᠠᠭᠠᠨ ᠡᠴᠡ ᠠᠶᠠᠷᠯᠠᠵᠤ᠂ ᠱᠢᠨᠡᠪᠡᠷ ᠪᠠᠢᠭᠤᠯᠤᠭ᠍ᠰᠠᠨ ᠰᠠᠭᠤᠭᠠᠯᠢ ᠲᠤᠭᠤᠷᠢᠭᠤᠨ ᠠᠰᠠᠷ ᠬᠤᠷ᠎ᠠ ᠶ᠋ᠢᠨ ᠳᠠᠷᠠᠭᠠᠬᠢ ᠬᠤᠯᠤᠰᠤᠨ ᠰᠦᠶ᠎ᠡ ᠮᠡᠲᠦ᠍ᠪᠡᠷ ᠰᠦᠨᠳᠡᠷᠯᠡᠨ ᠪᠣᠰᠴᠤ᠌ ᠂ ᠱᠢᠨ᠎ᠡ ᠣᠷᠣᠨ ᠰᠠᠭᠤᠴᠠᠳᠠᠭᠠᠨ ᠨᠡᠬᠦᠵᠤ ᠰᠠᠭᠤᠭᠰᠠᠨ ᠤᠯᠠᠨ ᠲᠦᠮᠡᠨᠤ ᠴᠢᠷᠠᠢ ᠳ᠋ᠦ᠍ ᠪᠠᠶᠠᠷᠤᠨ ᠮᠦᠰᠢᠶᠠᠳᠤ ᠪᠢᠯᠬᠠᠨ᠎ᠠ ᠁ 8 ᠵᠢᠯ ᠦᠨ ᠲᠤᠷᠰᠢ᠂ ᠷᠠᠱᠢᠶᠠᠨ ᠬᠣᠲᠠᠵᠢᠨ ᠬᠢᠨ ᠶᠡᠷᠦᠩᠬᠡᠶ ᠱᠦᠵᠢ ᠶ᠋ᠢᠨ ᠴᠢᠬᠤᠯᠠ ᠵᠢᠭᠠᠪᠤᠷᠢ ᠶ᠋ᠢ ᠪᠥᠬᠥ᠌ ᠲᠠᠯᠠᠪᠠᠷ ᠨᠠᠢᠳᠠᠪᠤᠷᠢᠵᠢᠭᠤᠯᠵᠤ᠂ ᠲᠥᠬᠥᠮ ᠪᠦᠳᠦᠴᠡᠳᠦ ᠣᠷᠣᠨ ᠰᠠᠭᠤᠴᠠᠶ᠋ᠢᠨ ᠲᠣᠭᠣᠷᠢᠭᠢ ᠥᠭᠡᠷᠡᠴᠢᠯᠡᠨ ᠪᠠᠢᠭᠤᠯᠬᠤ ᠠᠵᠢᠯᠵᠢ ᠶᠡᠬᠡ ᠪᠡᠷ ᠠᠬᠢᠭᠤᠯᠵᠤ᠂ ᠨᠡᠢᠲᠡ 42 ᠳ᠋ᠦᠩᠱᠢᠭᠤᠷ ᠲᠥᠭᠥᠷᠢᠭ ᠦᠨ ᠪᠠᠯᠠ ᠮᠥᠩᠭᠥ᠌ ᠣᠷᠣᠭᠤᠯᠵᠤ᠂ ᠲᠥᠬᠥᠮ ᠪᠦᠳᠦᠴᠡᠳᠦ ᠣᠷᠣᠨ ᠰᠠᠭᠤᠴᠠ ᠶ᠋ᠢᠨ ᠲᠣᠭᠣᠷᠢᠭ ᠤᠨ 10400 ᠬᠡᠷ ᠪᠠᠢᠱᠢᠩ ᠢ ᠥᠭᠡᠷᠡᠴᠢᠯᠡᠨ ᠱᠢᠨᠡᠳᠭᠡᠪᠡ᠃ 2019 ᠣᠨ ᠪᠣᠯᠲᠠᠯ᠎ᠠ᠂ ᠪᠣᠶ ᠪᠥᠬᠥᠶ ᠲᠥᠬᠥᠮ ᠪᠦᠲᠦᠴᠡᠲᠦ ᠣᠷᠣᠨ ᠰᠠᠭᠤᠴᠠ ᠶ᠋ᠢᠨ ᠲᠣᠭᠣᠷᠢᠭ ᠤᠨ ᠰᠠᠭᠤᠭᠠᠯᠢ ᠠᠷᠠᠳ ᠴᠥᠮ 《ᠲᠥᠬᠥᠮ ᠪᠦᠲᠦᠴᠡᠲᠦ ᠣᠷᠣᠨ ᠰᠠᠭᠤᠴᠠ ᠡᠴᠡ ᠭᠠᠷᠴᠤ᠌ ᠠᠰᠠᠷᠲᠤ ᠨᠡᠭᠦᠵᠦ ᠤᠷᠤᠪᠠ》᠃ ᠪᠦᠷᠢᠳᠭᠡᠯ ᠢ ᠦᠨᠳᠦᠰᠦᠯᠡᠪᠡᠯ ᠂ ᠪᠥᠬᠥ᠌ ᠬᠣᠲᠠ ᠶ᠋ᠢᠨ ᠬᠠᠭᠠᠰ ᠡᠴᠡ ᠳᠡᠭᠡᠭ᠌ᠰᠢᠬᠢ ᠰᠠᠭᠤᠭᠠᠯᠢ ᠠᠷᠠᠳ ᠲᠦ᠍ ᠲᠥᠬᠥᠮ ᠪᠦᠳᠦᠴᠡᠳᠦ ᠣᠷᠣᠨ ᠰᠠᠭᠤᠴᠠ ᠶ᠋ᠢᠨ ᠥᠭᠡᠷᠡᠴᠢᠯᠡᠯᠲᠡ ᠶᠢᠨ ᠠᠱᠢᠭ ᠢ᠋ ᠬᠦᠷᠲᠡᠭᠡᠵᠦ᠍ ᠂ 3 ᠲᠦᠮᠡᠨ ᠬᠥᠮᠦᠨ ᠰᠢᠨᠡᠬᠡᠨ ᠰᠠᠭᠤᠴᠠ ᠳᠤ ᠲᠠᠪᠠᠳᠠᠢ ᠠᠮᠢᠳᠤᠷᠠᠬᠤ ᠪᠤᠯᠪᠠ᠃
ᠷᠠᠱᠢᠶᠠᠨ ᠬᠣᠲᠠ ᠶ᠋ᠢᠨ ᠨᠠᠮ ᠤᠨ ᠬᠣᠷᠢᠶᠠᠨ ᠤ ᠱᠦᠵᠢ ᠶᠠᠩ ᠶᠦᠩ ᠵᠢᠦ ᠂ ᠲᠥᠬᠥᠮ ᠪᠦᠳᠦᠴᠡᠳᠦ ᠣᠷᠣᠨ ᠰᠠᠭᠤᠴᠠ ᠶᠢᠨ ᠥᠭᠡᠷᠡᠴᠢᠯᠡᠯᠲᠡᠶᠢᠨ ᠦᠷ᠎ᠡ ᠪᠦᠲᠦᠭᠡᠯᠢ ᠪᠡᠬᠢᠵᠢᠭᠦᠯᠬᠦ᠌ ᠶ᠋ᠢᠨ ᠲᠥᠯᠥᠭᠡ᠂ ᠷᠠᠱᠢᠶᠠᠨ ᠬᠣᠲᠠᠵᠢᠨ ᠬᠢᠨ ᠰᠠᠭᠤᠷᠢ ᠲᠥᠬᠥᠭᠡᠷᠦᠮᠵᠢᠪᠡᠨ ᠦᠷᠭᠦᠯᠵᠢᠯᠡᠨ ᠲᠡᠭᠦᠯᠳᠡᠷᠵᠢᠭᠦᠯᠵᠦ᠍᠂ ᠣᠢᠷ᠎ᠠ ᠶ᠋ᠢᠨ ᠵᠢᠯ ᠳᠦ 80 ᠺᠢᠯᠣᠮᠧᠲ᠋ᠷ ᠦᠨ ᠵᠠᠰᠠᠮᠠᠯ ᠵᠠᠮ ᠂ 155 ᠺᠢᠯᠣᠮᠧᠲ᠋ᠷ ᠦᠨ ᠬᠣᠭᠣᠯᠠᠶ ᠶ᠋ᠢᠨ ᠲᠤᠤᠷ ᠢ᠋ ᠰᠢᠨ᠎ᠡ ᠪᠠᠷ ᠪᠠᠢᠭᠤᠯᠤᠬᠰᠠᠨ ᠪᠠ ᠵᠠᠰᠠᠨ ᠰᠢᠨᠡᠳᠭᠡᠵᠦ᠂ ᠬᠣᠲᠠ ᠶ᠋ᠢᠨ ᠲᠣᠭᠣᠷᠢᠭ ᠤᠨ ᠭᠡᠷᠡᠯᠲᠦᠭᠦᠯᠭᠡᠶ᠋ᠢᠨ ᠨᠣᠷᠮ᠎ᠠ᠂ ᠲᠦᠭᠡᠭᠡᠯ ᠤᠰᠤᠨ ᠤ ᠲᠦᠭᠡᠮᠡᠯᠵᠢᠭᠦᠯᠦᠯᠲᠡ ᠶ᠋ᠢᠨ ᠨᠣᠷᠮ᠎ᠠ᠂ ᠬᠣᠭ ᠨᠣᠪᠰᠢ ᠱᠢᠶ᠋ᠳᠪᠦᠷᠢᠯᠡᠭᠰᠡᠨ ᠨᠣᠷᠮ᠎ᠠ ᠲᠣᠰ ᠲᠣᠰ 95% ᠂ 98.14% ᠪᠠ 99.69% ᠳ᠋ᠤ ᠬᠦᠷᠴᠦ᠍ ᠂ ᠰᠠᠭᠤᠭᠠᠯᠢ ᠠᠷᠠᠳ ᠤᠨ ᠳᠤᠯᠠᠭᠠᠯᠠᠬᠤ ᠳᠤ ᠬᠦᠴᠢᠷᠲᠡᠶ ᠂ ᠤᠰᠤ ᠤᠤᠭᠤᠬᠤ ᠳᠤ ᠬᠦᠴᠢᠷᠲᠡᠶ ᠂ ᠶᠠᠪᠤᠵᠤ ᠰᠠᠭᠤᠬᠤ ᠳ᠋ᠦ᠍ ᠲᠦᠬᠦᠮ ᠦᠭᠡᠢ ᠵᠡᠷᠭᠡ ᠠᠰᠠᠭᠤᠳᠠᠯ ᠢ ᠲᠤᠭᠤᠰᠢᠳᠠᠢ ᠱᠢᠶ᠋ᠳᠪᠦᠷᠢᠯᠡᠪᠡ ᠭᠡᠵᠤ ᠲᠠᠨᠢᠯᠴᠠᠭᠤᠯᠵᠤ ᠭᠠᠷᠤᠯ᠎ᠠ ᠃
《ᠷᠠᠱᠢᠶᠠᠨ ᠤ ᠪᠠᠢᠭᠠᠯᠢ ᠶ᠋ᠢᠨ ᠦᠡᠭᠭᠡ ᠦᠵᠡᠮᠵᠢ ᠳᠥᠷᠪᠡᠨ ᠤᠯᠠᠷᠢᠯ ᠳᠤ ᠪᠦᠷ ᠮᠠᠰᠢ ᠭᠤᠶᠤ 》᠃ 《 ᠷᠠᠱᠢᠶᠠᠨᠤ ᠵᠢᠭᠤᠯᠴᠢᠯᠠᠯ ᠯᠠᠪᠲᠠᠢ ᠬᠥᠭ᠌ᠵᠢᠨᠡ》᠃ 8 ᠵᠢᠯ ᠦᠨ ᠡᠮᠦᠨ᠎ᠡ ᠂ ᠶᠡᠷᠦᠩᠬᠡᠶ ᠱᠦᠵᠢ ᠰᠢ ᠵᠢᠨ ᠫᠢᠩ ᠦᠨ ᠮᠠᠭ᠍ᠲᠠᠭᠠᠯ ᠰᠠᠢᠱᠢᠶᠠᠯ ᠨᠢ ᠷᠠᠱᠢᠶᠠᠨᠴᠤᠳ ᠢ ᠦᠵᠡᠰᠭᠦᠯᠡᠩᠲᠦ ᠰᠠᠢᠬᠠᠨ ᠪᠠᠢᠭᠠᠯᠢ ᠶ᠋ᠢᠨ ᠥᠩᠭᠡ ᠦᠵᠡᠮᠵᠢ ᠳᠦ ᠲᠦᠱᠢᠭ᠌ᠯᠡᠨ ᠵᠢᠭᠤᠯᠴᠢᠯᠠᠯ ᠤᠨ ᠦᠶ᠋ᠯᠡᠰᠢ ᠦᠷᠭᠦᠯᠵᠢᠯᠡᠨ ᠬᠥᠭ᠌ᠵᠢᠭᠦᠯᠬᠦ᠌ ᠡᠷᠡᠰ ᠵᠣᠷᠢᠭᠢ ᠬᠦᠪᠴᠢᠯᠡᠵᠠᠢ᠃ ᠤᠳᠤ᠂ ᠷᠠᠱᠢᠶᠠᠨ ᠬᠤᠳᠠᠶ᠋ᠢᠨ ᠬᠢᠨ ᠶᠡᠷᠦᠩᠬᠡᠢ ᠱᠦᠵᠢ ᠶ᠋ᠢᠨ ᠬᠦᠰᠡᠯ ᠨᠠᠢᠳᠠᠯᠭ᠎ᠠ ᠶᠤᠰᠤᠭᠠᠷ᠂ ᠡᠨᠳᠡᠬᠢ ᠠᠮᠢ ᠠᠬᠤᠢ ᠪᠠᠨ ᠵᠢᠯ ᠡᠴᠡ ᠵᠢᠯ ᠰᠠᠢᠵᠢᠷᠠᠭᠤᠯᠪᠠ᠃
ᠠᠮᠢ ᠠᠬᠤᠶ ᠵᠢᠯ ᠳᠠᠷᠠᠭᠠᠯᠠᠨ ᠰᠠᠢᠵᠢᠷᠠᠵᠤ᠂ ᠬᠦᠬᠡᠮᠳᠦᠭ ᠨᠤᠭᠤᠭᠠᠨ ᠠᠭᠤᠯᠠ ᠤᠰᠤ ᠴᠤ᠌ ᠳᠠᠭᠠᠯᠳᠤᠨ ᠠᠯᠲᠠ ᠮᠥᠩᠬᠦᠨ ᠠᠭᠤᠯᠠ ᠪᠣᠯᠤᠯ᠎ᠠ᠃ 2014 ᠣᠨ ᠡᠴᠡ ᠨᠠᠭᠠᠰᠢ᠂ ᠷᠠᠱᠢᠶᠠᠨ ᠬᠣᠲᠠᠵᠢᠨ ᠬᠢᠨ ᠪᠥᠬᠥ᠌ ᠤᠷᠤᠨ ᠪᠦᠰᠡ ᠢ᠋ᠶ᠋ᠨ ᠵᠢᠭᠤᠯᠴᠢᠯᠠᠯ ᠤᠨ ᠪᠠᠢᠷᠢᠱᠢᠯ ᠢ ᠬᠦᠴᠦᠯᠡᠨ ᠪᠠᠢᠭᠤᠯᠵᠤ ᠂ ᠨᠡᠢᠲᠡ 17 ᠳ᠋ᠦᠩᠱᠢᠭᠤᠷ ᠲᠥᠭᠥᠷᠢᠭ ᠤ᠋ᠨ ᠪᠠᠯᠠ ᠣᠷᠣᠭᠤᠯᠤᠨ ᠦᠵᠡᠮᠵᠢ ᠶ᠋ᠢᠨ ᠣᠷᠣᠨ᠂ ᠮᠦᠽᠧᠶ ᠵᠡᠷᠭᠡ ᠵᠢᠭᠤᠯᠴᠢᠯᠠᠯ ᠤᠨ ᠰᠠᠭᠤᠷᠢ ᠲᠦᠬᠦᠭᠡᠷᠦᠮᠵᠢ ᠶ᠋ᠢᠨ ᠪᠥᠲᠥᠭᠡᠨ ᠪᠠᠢᠭᠤᠯᠤᠯᠲᠠ ᠳᠤ ᠬᠡᠷᠡᠭ᠌ᠯᠡᠪᠡ᠃ ᠣᠢᠷᠠᠶ᠋ᠢᠨ 4 ᠵᠢᠯᠳᠦ᠂ ᠵᠢᠭᠤᠯᠴᠢᠯᠠᠬᠰᠠᠳᠢ᠋ ᠨᠡᠢᠲᠡ 1414.86 ᠲᠦᠮᠡᠨ ᠬᠥᠮᠦᠨ ᠭᠥᠯᠢᠶᠡᠨ ᠠᠪᠴᠤ᠌᠂ ᠵᠢᠭᠤᠯᠴᠢᠯᠠᠯᠤᠨ ᠶᠡᠷᠦᠩᠬᠡᠢᠯᠡᠭ᠌ᠰᠡᠨ ᠣᠷᠣᠯᠭ᠎ᠠ ᠶ᠋ᠢ 172.64 ᠳ᠋ᠦᠩᠱᠢᠭᠤᠷ ᠲᠥᠭᠥᠷᠢᠭ ᠪᠡᠶᠡᠯᠡᠭᠦᠯᠪᠡ ᠃

ᠷᠠᠰᠢᠶᠠᠨ ᠤ ᠭᠠᠯᠳᠦ ᠲᠡᠷᠬᠡᠨ ᠦᠷᠳᠡᠬᠡ ᠵᠢᠨ ᠡᠮᠦᠨ᠎ᠡ᠂ ᠵᠢᠭᠤᠯᠴᠢᠯᠠᠬᠰᠡᠳ ᠰᠡᠭᠦᠳᠡᠷ ᠲᠠᠳᠠᠨᠡ᠃

ᠵᠢᠭᠤᠯᠴᠢᠯᠠᠬᠰᠡᠳ ᠱᠤᠤ ᠪᠤᠭᠤ ᠵᠢ ᠪᠠᠬᠠᠷᠬᠠᠨ᠎ᠠ᠃

ᠤᠷᠭᠤᠮᠠᠯ ᠤᠨ ᠬᠤᠴᠢᠯᠭ᠎ᠠ ᠢᠡᠡᠴᠦ ᠰᠠᠬᠤᠯᠢᠭ

ᠷᠠᠰᠢᠶᠠᠨ ᠤ ᠡᠪᠤᠯ ᠤᠨ ᠦᠵᠡᠮᠵᠢ ᠭᠤᠢᠳᠠ ᠰᠠᠢᠬᠠᠨ

ᠷᠠᠰᠢᠶᠠᠨ ᠬᠤᠳᠠ ᠵᠢᠨ ᠤᠰᠤᠨ ᠨᠢ ᠳᠤᠩᠭᠠᠯᠠᠭ ᠂ ᠡᠷᠬᠢ ᠨᠢ ᠨᠤᠭᠤᠭᠠᠨ ᠂ ᠦᠵᠡᠮᠵᠢ ᠨᠢ ᠭᠤᠶᠤ

ᠵᠸᠦ ᠰᠢᠦ ᠷᠦᠩ ᠬᠤᠸᠠᠷ ᠴᠡᠴᠡᠭ ᠵᠢᠡᠨ ᠠᠷᠠᠴᠢᠯᠠᠨ᠎ᠠ᠃

ᠤᠢᠳᠦ ᠤᠷᠤᠨ ᠤ ᠰᠠᠭᠤᠭᠠᠯᠢ ᠠᠷᠠᠳ ᠤᠨᠴᠠ ᠭᠠᠷᠤᠯᠳᠠ ᠪᠠᠨ ᠪᠤᠷᠤᠯᠠᠭᠤᠯᠤᠨ ᠤᠷᠤᠯᠭ᠎ᠠ ᠪᠠᠨ ᠨᠡᠮᠡᠭᠳᠡᠬᠦᠯᠦᠨ᠎ᠡ᠃

ᠰᠢᠨ᠎ᠡ ᠪᠠᠷ ᠪᠠᠢᠭᠤᠯᠤᠬᠰᠠᠨ ᠷᠠᠰᠢᠶᠠᠨ ᠬᠤᠳᠠ ᠵᠢᠨ ᠢᠷᠪᠢᠰ ᠵᠡᠬᠡᠯᠢ ᠵᠢᠨ ᠱᠧᠩ ᠴᠢᠤᠸᠠᠨ ᠰᠠᠭᠤᠭᠠᠯᠢ ᠳᠤᠭᠤᠷᠢᠭ᠃

ᠪᠤᠷᠤᠯᠠᠭᠤᠯᠭ᠎ᠠ ᠰᠠᠢᠳᠠᠢ ᠤᠢᠰᠤᠨ ᠵᠢᠷᠤᠭ ᠃
ᠵᠤᠬᠢᠶᠠᠯ᠄ ᠰᠤᠷᠪᠤᠯᠵᠢᠯᠠᠬᠴᠢ ᠬᠤᠷᠴᠠ ᠭᠤᠤ ᠮᠢᠨ ᠨᠠ
ᠵᠢᠷᠤᠭ᠄ ᠪᠢᠯᠢᠭ ᠯᠠᠢ ᡁᠢ ᠴᠢᠶᠠᠩ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃