ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠶᠡᠷᠦᠩᠬᠡᠢ ᠱᠦᠵᠢ ᠎ᠶ᠋ᠢᠨ ᠶᠠᠪᠤᠵᠤ ᠦᠩᠭᠡᠷᠡᠭᠰᠡᠨ ᠮᠥᠷ ᠎ᠢ᠋ᠶ᠋ᠡᠷ

2022-04-11 09:25:37

ᠵᠣᠬᠢᠶᠠᠭ᠍ᠴᠢ᠄ ᠪᠢᠯᠢᠭᠪᠡᠭᠠᠳᠤᠷ ᠣᠩᠱᠢᠭ᠍ᠰᠠᠨ ᠣᠳᠠᠭ᠎ᠠ᠄ 3

[ᠰᠤᠨᠢᠨ ᠮᠡᠳᠡᠭᠡᠨ᠎ᠤ ᠡᠷᠭᠢᠴᠡᠭᠦᠯᠦᠯ]

2014 ᠣᠨ᠎ᠤ 1 ᠰᠠᠷ᠎ᠠ᠎ᠶ᠋ᠢᠨ 27᠎ᠤ᠋ ᠡᠳᠦᠷ᠂ ᠮᠤᠷᠢᠨ ᠵᠢᠯ᠎ᠦᠨ ᠴᠠᠭᠠᠨ ᠰᠠᠷ᠎ᠠ ᠬᠦᠷᠴᠦ᠍ ᠢᠷᠡᠬᠦ᠌᠎ᠡᠴᠡ ᠡᠮᠦᠨᠡᠭᠡᠨ᠂ ᠰᠢ᠎ᠶ᠋ᠢᠨ ᠫᠢᠩ ᠥᠪᠥᠷ ᠮᠣᠩᠭᠣᠯ᠎ᠤᠨ ᠱᠢᠯᠢ᠎ᠶ᠋ᠢᠨ ᠭᠣᠣᠯ ᠠᠢᠮᠠᠭ᠎ᠤᠨ ᠪᠤᠯᠠᠭᠠᠨ ᠰᠤᠮᠤᠨ᠎ᠤ ᠮᠠᠯᠴᠢᠨ᠂ 81ᠨᠠᠰᠤᠲᠠᠢ ᠮᠠᠵᠢᠭ ᠨᠠᠰᠤᠲᠠᠨ᠎ᠤ᠎ᠳᠤ ᠬᠦᠷᠪᠡ᠃ ᠵᠣᠴᠢᠨ᠎ᠤ ᠲᠢᠩᠬᠢᠮ᠂ ᠲᠣᠭᠣᠭᠠᠨ ᠭᠡᠷ᠂ ᠤᠨᠲᠠᠬᠤ ᠦᠷᠦᠭᠡ᠂ ᠬᠥᠮᠥᠷᠭᠡ ᠵᠡᠷᠭᠡ᠎ᠶ᠋ᠢ ᠲᠡᠷᠡ ᠨᠢᠭᠡᠳ ᠨᠢᠭᠡ᠎ᠪᠡᠷ ᠪᠠᠢᠴᠠᠭᠠᠨ ᠦᠵᠡᠵᠦ᠍᠂ ᠠᠮᠢᠳᠤᠷᠠᠯ᠎ᠤᠨ ᠲᠠᠯ᠎ᠠ᠎ᠪᠠᠷ ᠬᠦᠴᠢᠷᠳᠡᠯ ᠪᠠᠢᠬᠤ ᠡᠰᠡᠬᠦ᠌᠎ᠶ᠋ᠢ ᠨᠢ ᠨᠠᠷᠢᠨ ᠠᠰᠠᠭᠤᠪᠠ᠃ ᠵᠠᠷᠢᠮ ᠮᠠᠯᠴᠢᠨ ᠡᠷᠦᠬᠡ ᠴᠠᠬᠢᠯᠭᠠᠨ ᠬᠡᠷᠡᠭ᠌ᠯᠡᠬᠦ᠌᠂ ᠵᠠᠮ ᠨᠡᠪᠲᠡᠷᠡᠯᠭᠡ ᠵᠢᠨ ᠲᠠᠯ᠎ᠠ᠎ᠪᠠᠷ ᠪᠠᠰᠠ ᠵᠢᠭᠠᠬᠠᠨ ᠬᠦᠴᠢᠷᠳᠡᠯᠲᠡᠶ ᠪᠠᠢᠨ᠎ᠠ ᠭᠡᠵᠦ᠍ ᠨᠠᠰᠤᠲᠠᠨ᠎ᠤ ᠲᠤᠰᠭᠠᠭ᠍ᠰᠠᠨ᠎ᠢ ᠰᠣᠨᠣᠰᠤᠭᠠᠳ᠂ ᠲᠡᠷᠡ ᠲᠤᠬᠠᠶ᠎ᠶ᠋ᠢᠨ ᠭᠠᠵᠠᠷ᠎ᠤᠨ ᠨᠠᠮ᠎ᠤᠨ ᠬᠣᠷᠢᠶ᠎ᠠ ᠪᠣᠯᠤᠨ ᠵᠠᠰᠠᠭ᠎ᠤᠨ ᠣᠷᠳᠣᠨ᠎ᠢ ᠳᠠᠷᠤᠢᠬᠠᠨ ᠲᠥᠯᠥᠪᠵᠢᠭᠦᠯᠭᠡ ᠬᠢᠵᠦ᠍ ᠴᠢᠷᠮᠠᠢᠨ ᠱᠢᠶ᠋ᠳᠪᠦᠷᠢᠯᠡᠬᠦ᠌ ᠬᠡᠷᠡᠭ᠌ᠲᠡᠶ ᠭᠡᠵᠦ᠍ ᠱᠠᠭᠠᠷᠳᠠᠪᠠ᠃

ᠲᠡᠷᠡ ᠡᠳᠦᠷ᠂ ᠱᠢᠯᠢᠩᠬᠣᠲᠠ᠎ᠶ᠋ᠢᠨ ᠪᠤᠯᠠᠭᠠᠨ ᠰᠤᠮᠤ ᠳ᠋ᠦ ᠮᠦᠩᠬᠦᠨ ᠴᠠᠰᠤᠨ ᠨᠡᠯᠦᠢᠨ ᠴᠠᠢᠯᠵᠠᠵᠤ᠂ ᠲᠤᠬ ᠲᠠᠯᠪᠠᠭ᠎ᠠ ᠨᠠᠮᠢᠷᠠᠨ᠂ ᠬᠦᠳᠡᠭᠡ ᠵᠢᠨ ᠳᠠᠭᠤᠤ ᠬᠠᠩᠬᠢᠨᠠᠨ ᠳᠠᠭᠤᠷᠢᠰᠴᠦ᠂ ᠮᠠᠯᠴᠢᠳ ᠦᠩᠭᠡ ᠢᠯᠭᠠᠷᠠᠭᠰᠠᠨ ᠮᠤᠩᠭᠤᠯ ᠵᠠᠰᠠᠯ ᠵᠢᠡᠷ ᠵᠢᠡᠨ ᠭᠤᠶᠤᠯᠠᠨ᠂ ᠡᠪᠦᠯ᠎ᠦᠨ ᠨᠠᠭᠠᠳᠤᠮ᠎ᠳᠤ ᠣᠷᠣᠯᠴᠠᠬᠤ᠎ᠪᠠᠷ ᠢᠷᠡᠵᠡᠭᠡᠪᠡ᠃ ᠶᠡᠷᠦᠩᠬᠡᠢ ᠱᠦᠵᠢ ᠢᠷᠡᠭ᠌ᠰᠡᠨ᠎ᠢ ᠦᠵᠡᠭᠡᠳ ᠮᠠᠯᠴᠢᠳ ᠨᠢᠵᠢᠭᠢᠨᠡᠲᠡᠯ᠎ᠡ ᠠᠯᠠᠭ᠎ᠠ ᠲᠠᠱᠢᠵᠤ᠂ ᠭᠠᠷ ᠠᠳᠭᠤᠨ ᠮᠡᠨᠳᠦᠴᠢᠯᠡᠪᠡ᠃ ᠰᠢ᠎ᠶ᠋ᠢᠨ ᠫᠢᠩ ᠮᠠᠯᠴᠢᠳ᠎ᠲᠠᠶ ᠬᠠᠮᠲᠤ ᠪᠥᠬᠡ ᠪᠠᠷᠢᠯᠳᠤᠬᠤ᠂ ᠮᠣᠷᠢ ᠤᠷᠤᠯᠳᠤᠬᠤ᠎ᠶ᠋ᠢ ᠦᠵᠡᠨ᠂ ᠣᠷᠳᠣ᠎ᠶ᠋ᠢᠨ ᠳᠠᠭᠤᠤ ᠰᠣᠨᠣᠰᠴᠤ᠌᠂ ᠳᠠᠭᠤᠤ ᠪᠥᠵᠢᠭ ᠰᠣᠨᠢᠷᠬᠠᠪᠠ᠃ ᠤᠯᠠᠮᠵᠢᠯᠠᠯᠲᠤ 《ᠲᠠᠪᠤᠨ ᠬᠣᠱᠢᠭᠤ ᠮᠠᠯ᠎ᠤᠨ ᠲᠠᠯᠠᠯᠭ᠎ᠠ》ᠵᠢᠨ ᠶᠣᠰᠣᠯᠠᠯ ᠳᠡᠭᠡᠷ᠎ᠡ᠂ ᠰᠢ᠎ᠶ᠋ᠢᠨ ᠫᠢᠩ ᠮᠣᠩᠭᠣᠯ ᠦᠨᠳᠦᠰᠦᠲᠡᠨ᠎ᠦ ᠵᠠᠩᠱᠢᠯ ᠶᠣᠰᠣᠭᠠᠷ᠂ ᠮᠥᠩᠭᠥᠨ ᠠᠶᠠᠭ᠎ᠠ᠎ᠲᠠᠶ ᠰᠦ ᠡᠴᠡ ᠭᠤᠷᠪᠠᠨᠲᠠ ᠰᠡᠷᠵᠢᠮᠯᠠᠵᠤ᠂ ᠢᠷᠡᠬᠦ᠌ ᠵᠢᠯ ᠬᠤᠷ᠎ᠠ ᠪᠣᠷᠣᠭᠠᠨ ᠲᠡᠭ᠌ᠰᠢ᠂ ᠲᠠᠪᠤᠨ ᠬᠣᠱᠢᠭᠤ ᠲᠠᠩᠰᠤᠬ᠂ ᠠᠷᠠᠳ ᠲᠦᠮᠡᠨ ᠵᠣᠯ ᠵᠢᠷᠭᠠᠯᠲᠠᠶ ᠡᠩᠭᠡ ᠠᠮᠤᠭᠤᠯᠠᠩ ᠪᠠᠢᠬᠤ᠎ᠶ᠋ᠢ ᠵᠥᠩᠨᠡᠪᠡ᠃


QQ截图20220411105921.png

ᠤᠨᠴᠠ ᠦᠨᠳᠦᠷ ᠬᠦᠴᠦᠳᠡᠯᠳᠤ

ᠴᠠᠬᠢᠯᠭᠠᠨ ᠬᠦᠷᠭᠡᠯᠳᠡ ᠵᠢᠨ ᠱᠤᠭᠤᠮ


ᠶᠡᠷᠦᠡᠭᠬᠡᠢ ᠱᠦᠵᠢ ᠰᠢ ᠵᠢᠨ ᠫᠢᠡᠭ ᠲᠡᠳᠡᠨ᠎ᠤ ᠬᠢᠨ ᠳ᠋ᠤ ᠢᠷᠡᠵᠦ ᠦᠡᠭᠭᠡᠷᠡᠭᠰᠡᠨ ᠦᠶ᠎ᠡ ᠵᠢᠨ ᠪᠠᠢᠳᠠᠯ᠎ᠢ ᠡᠷᠭᠢᠴᠡᠭᠦᠯᠦᠨ ᠰᠠᠨᠠᠬᠤ ᠪᠦᠷᠢ ᠡᠨᠡ ᠵᠢᠯ ᠨᠠᠰᠤᠨ ᠰᠡᠭᠦᠳᠡᠷ ᠨᠠᠶᠠ ᠶᠢᠰᠦᠲᠡᠢ ᠮᠠᠵᠢᠭ ᠨᠠᠰᠤᠳᠠᠨ ᠮᠦᠨ ᠯᠡ ᠲᠤᠬᠳᠤᠯᠤᠭᠰᠠᠨ ᠰᠡᠳᠬᠢᠯ ᠵᠢᠡᠨ ᠳᠠᠷᠤᠵᠤ ᠶᠠᠳᠠᠨ᠎ᠠ᠃

2014 ᠤᠨ᠎ᠤ 1 ᠰᠠᠷ᠎ᠠ ᠵᠢᠨ 27 ᠤ᠋ ᠡᠳᠦᠷ ᠨᠢ ᠰᠢᠯᠢᠡᠭᠬᠤᠳᠠ ᠵᠢᠨ ᠪᠤᠯᠠᠭᠠᠨ ᠰᠤᠮᠤᠨ᠎ᠤ ᠪᠠᠶᠠᠠᠨᠠᠭᠤᠷ ᠭᠠᠴᠠᠭᠠᠨ᠎ᠤ ᠮᠠᠯᠴᠢᠨ ᠮᠠᠵᠢᠭ ᠨᠠᠰᠤᠳᠠᠨ ᠳ᠋ᠤ ᠮᠠᠷᠳᠠᠭᠳᠠᠰᠢ ᠦᠭᠡᠢ ᠲᠤᠷᠠᠳᠬᠠᠯ ᠪᠤᠯᠵᠤ ᠪᠢᠯᠡ᠃ ᠡᠨᠡ ᠡᠳᠦᠷ᠎ᠤᠨ ᠦᠳᠡ ᠵᠢᠨ ᠬᠤᠢᠨ᠎ᠠ᠂ ᠶᠡᠷᠦᠡᠭᠬᠡᠢ ᠱᠦᠵᠢ ᠰᠢ ᠵᠢᠨ ᠫᠢᠡᠭ ᠰᠢᠯᠢ ᠵᠢᠨ ᠭᠤᠤᠯ ᠠᠢᠮᠠᠭ᠎ᠲᠦ ᠠᠵᠢᠯ ᠰᠢᠨᠵᠢᠯᠡᠨ ᠪᠠᠢᠴᠠᠭᠠᠬᠤ ᠳ᠋ᠠᠭᠠᠨ ᠡᠳᠡᠨ᠎ᠤ ᠬᠢᠨ ᠳ᠋ᠤ ᠰᠠᠭᠠᠳᠠᠵᠤ᠂ ᠲᠡᠳᠡᠨ ᠲᠠᠢ ᠲᠤᠳᠤᠨᠤᠰᠤᠭ ᠵᠢᠠᠷ ᠶᠠᠷᠢᠯᠴᠠᠨ᠂ ᠨᠠᠮ᠎ᠤᠨ ᠲᠦᠪ ᠬᠤᠷᠢᠶᠠᠨ᠎ᠤ ᠬᠠᠢᠷ᠎ᠠ ᠬᠠᠯᠠᠮᠵᠢ ᠵᠢ ᠮᠠᠯᠴᠢᠨ ᠲᠦᠮᠡᠨ ᠳ᠋ᠤ ᠲᠠᠮᠵᠢᠭᠤᠯᠵᠤ ᠪᠢᠯᠠ᠃


QQ截图20220411091136.png

ᠮᠠᠵᠢᠭ ᠨᠠᠰᠤᠳᠠᠨ

(ᠪᠢᠯᠢᠭᠲᠦ ᠰᠡᠭᠦᠳᠡᠷᠯᠡᠪᠡ)


ᠮᠠᠵᠢᠭ ᠨᠠᠰᠤᠳᠠᠨ ᠲᠠᠪᠤᠨ ᠬᠡᠤᠬᠡᠳ ᠲᠠᠢ᠃ ᠨᠠᠰᠤᠳᠠᠨ ᠭᠤᠸᠠᠢ ᠤᠳᠤ ᠤᠳᠬᠠᠨ ᠬᠦᠦ ᠭᠠᠡᠭᠰᠤᠭᠠᠷ᠎ᠠ ᠲᠠᠢ ᠪᠠᠨ ᠬᠠᠮᠳᠤ ᠰᠢᠯᠢᠡᠭᠬᠤᠳᠠ ᠵᠢᠨ ᠪᠤᠯᠠᠭᠠᠨ ᠰᠤᠮᠤᠨ ᠳ᠋ᠤ ᠦᠳᠡᠯᠦᠬᠡ ᠨᠠᠰᠤᠨ᠎ᠤ ᠵᠤᠯ ᠵᠢᠷᠭᠠᠯ᠎ᠢ ᠡᠳ᠋ᠯᠡᠵᠤ ᠲᠠᠪᠠᠳᠠᠢ ᠰᠠᠭᠤᠵᠤ ᠪᠤᠢ ᠠᠵᠢ᠃ ᠶᠡᠷᠦᠡᠭᠬᠡᠢ ᠱᠦᠵᠢ ᠰᠢ ᠵᠢᠨ ᠫᠢᠡᠭ ᠲᠡᠳᠡᠨ᠎ᠤ ᠬᠢᠨ᠎ᠳᠤ ᠢᠷᠡᠬᠦ ᠦᠶ᠎ᠡ ᠵᠢᠨ ᠪᠠᠢᠳᠠᠯ᠎ᠢ ᠮᠠᠯᠴᠢᠨ ᠭᠠᠡᠭᠰᠤᠭᠠᠷ᠎ᠠ᠄ 《ᠶᠡᠷᠦᠡᠭᠬᠡᠢ ᠱᠦᠵᠢ ᠵᠢᠨ ᠶᠠᠷᠢᠶ᠎ᠠ ᠨᠠᠳᠠᠳᠤ ᠮᠠᠰᠢ ᠬᠠᠯᠠᠭᠤᠨ ᠲᠤᠳᠤᠨᠤ ᠰᠠᠨᠠᠭᠳᠠᠭᠰᠠᠨ ᠡ᠂ ᠶᠠᠭ ᠯᠠ ᠲᠤᠢᠯ᠎ᠤᠨ ᠤᠢᠷ᠎ᠡ ᠲᠤᠳᠤᠨᠤ ᠵᠢᠨ ᠠᠬᠠᠰ ᠵᠠᠬᠠᠰ ᠲᠠᠢ ᠪᠡᠨ ᠶᠠᠷᠢᠯᠴᠠᠵᠤ ᠪᠠᠢᠭ᠎ᠠ ᠮᠡᠳᠤ ᠰᠠᠢᠬᠠᠨ ᠪᠠᠢᠯ᠎ᠠ᠃ ᠶᠡᠷᠦᠡᠭᠬᠡᠢ ᠱᠦᠵᠢ ᠵᠢᠨ ᠲᠤᠳᠤᠨᠤ ᠬᠠᠯᠠᠮᠵᠢᠯᠠᠯ ᠡᠴᠡ ᠪᠢ ᠨᠠᠮ ᠎ᠤᠨ ᠲᠦᠪ ᠬᠤᠷᠢᠶᠠᠨ᠎ᠤ ᠬᠠᠢᠷ᠎ᠠ ᠬᠠᠯᠠᠮᠵᠢ ᠵᠢ ᠮᠡᠳᠡᠷᠡᠵᠦ᠂ ᠬᠤᠢᠰᠢᠳᠠ ᠵᠢᠨ ᠠᠮᠢᠳᠤᠷᠠᠯ ᠦᠢᠯᠡᠳᠪᠦᠷᠢᠯᠡᠯ ᠳ᠋ᠡᠭᠡᠨ ᠤᠯᠠᠮ ᠢᠳᠡᠭᠡᠯ ᠲᠡᠭᠦᠯᠳᠡᠷ ᠪᠤᠯᠤᠭᠰᠠᠨ ᠡ》 ᠬᠡᠵᠥ ᠡᠷᠭᠢᠴᠡᠭᠦᠯᠦᠨ ᠪᠠᠢᠯ᠎ᠠ᠃

ᠭᠠᠡᠭᠰᠤᠭᠠᠷ᠎ᠠ᠄《ᠶᠡᠷᠦᠡᠭᠭᠡᠢ ᠱᠦᠵᠢ ᠪᠢᠳᠡᠨ ᠳ᠋ᠤ ᠰᠢᠨ᠎ᠡ ᠴᠠᠭ᠎ᠤᠨ ᠵᠠᠯᠠᠭᠤᠰ ᠵᠠᠪᠠᠯ ᠠᠵᠢᠯᠴᠢ ᠬᠤᠶᠠᠷ ᠭᠠᠷ ᠵᠢᠠᠷ ᠵᠢᠠᠨ ᠠᠵᠠ ᠵᠢᠷᠭᠠᠯᠳᠤ ᠠᠮᠢᠳᠤᠷᠠᠯ ᠵᠢᠠᠨ ᠴᠤᠬᠴᠠᠯᠠᠵᠤ᠂ ᠠᠬᠠᠮᠠᠳ ᠨᠠᠰᠤᠳᠠᠨ ᠵᠢᠠᠨ ᠬᠦᠨᠳᠦᠯᠡᠨ᠂ ᠦᠷ᠎ᠠ ᠠᠴᠢ ᠨᠡᠷ᠎ᠢᠶᠡᠨ ᠬᠠᠢᠷᠠᠯᠡᠵᠤ᠂ ᠦᠪᠡᠷ᠎ᠤᠨ ᠴᠢᠷᠮᠠᠢᠯᠭ᠎ᠠ ᠪᠡᠷ ᠵᠢᠠᠨ ᠰᠠᠢᠨ ᠰᠠᠢᠬᠠᠨ ᠢᠷᠡᠭᠡᠳᠦᠢ ᠪᠡᠨ ᠴᠤᠭᠴᠠᠯᠠᠬᠤ ᠶᠤᠮ ᠰᠢᠤ ᠭᠡᠵᠤ ᠵᠠᠬᠢᠵᠠᠢ᠃ ᠡᠢᠮᠤ ᠡᠴᠡ ᠪᠢᠳᠡ ᠵᠠᠪᠠᠯ ᠶᠡᠷᠦᠡᠭᠬᠡᠢ ᠱᠦᠵᠢ ᠵᠢᠨ ᠵᠠᠬᠢᠶ᠎ᠠ ᠵᠢ ᠬᠦᠰᠡᠷᠳᠡᠭᠦᠯᠬᠦ ᠦᠭᠡᠢ ᠪᠠᠢᠬᠤ ᠵᠢᠨ ᠲᠤᠯᠠᠳᠠ ᠮᠡᠷᠡᠢᠨ ᠴᠢᠷᠮᠠᠢᠵᠤ᠂ ᠠᠬᠠᠨ ᠲᠡᠭᠦᠤᠰ ᠵᠠᠯᠠᠭᠤᠰ ᠪᠠᠭᠠᠴᠤᠤᠯ᠎ᠳᠠᠭᠠᠨ ᠦᠯᠢᠭᠡᠷ ᠲᠠᠭᠤᠷᠢᠶᠠᠯ ᠪᠤᠯᠵᠤ᠂ ᠨᠡᠡᠭ ᠰᠠᠢᠨ ᠰᠠᠢᠬᠠᠨ ᠠᠮᠢᠳᠤᠷᠠᠬᠤ ᠪᠡᠷ ᠴᠢᠷᠮᠠᠢᠨ ᠲᠡᠮᠡᠴᠡᠨ᠎ᠡ》 ᠭᠡᠪᠠ ᠃

ᠮᠠᠵᠢᠭ ᠨᠠᠰᠤᠳᠠᠨ ᠤᠳᠤ ᠡᠪᠦᠯ ᠪᠤᠯᠵᠤ ᠬᠦᠢᠳᠡᠨ ᠤᠷᠤᠪᠠᠯ᠂ ᠰᠢᠯᠢᠡᠭᠬᠤᠳᠠ ᠵᠢᠨ ᠠᠴᠢᠯᠠᠯ ᠮᠠᠯᠴᠢᠳ᠎ᠤᠨ ᠠᠰᠠᠷᠠᠮᠵᠢ ᠵᠢᠨ ᠬᠦᠷᠢᠶᠡᠯᠡᠡᠭ ᠲᠤᠭᠤᠷᠢᠭ᠎ᠲᠦ ᠪᠠᠢᠷᠢᠯᠠᠭ᠎ᠠ ᠲᠤᠬᠢᠯᠢᠭ ᠲᠤᠯᠠᠭᠠᠨ ᠠᠰᠠᠷ ᠲᠠᠭᠠᠨ ᠨᠡᠬᠦᠵᠤ᠂ ᠵᠤᠨ ᠴᠠᠭ ᠤᠷᠢᠨ ᠲᠤᠯᠠᠭᠠᠨ ᠪᠤᠯᠬᠤ ᠦᠶ᠎ᠡ ᠳ᠋ᠤ ᠬᠦᠳᠡᠭᠡ ᠭᠡᠷ ᠲᠡᠭᠡᠨ ᠰᠠᠭᠤᠵᠤ᠂ ᠵᠤᠯ ᠵᠢᠷᠭᠠᠯᠳᠠᠢ ᠦᠳᠡᠯᠦᠭᠡ ᠨᠠᠰᠤ ᠪᠡᠨ ᠦᠡᠭᠭᠡᠷᠡᠭᠦᠯᠦᠨ᠎ᠠ᠃

ᠦᠡᠭᠭᠡᠷᠡᠭᠰᠡᠨ ᠬᠡᠳᠤᠨ ᠵᠢᠯ ᠳ᠋ᠤ᠂ ᠮᠠᠵᠢᠭ ᠨᠠᠰᠤᠳᠠᠨ᠎ᠤ ᠬᠢᠨ ᠬᠦᠳᠡᠭᠡ ᠭᠡᠷ ᠲᠡᠭᠡᠨ 220 ᠲᠡᠭᠰᠢ ᠲᠦᠷᠪᠡᠯᠵᠢᠨ ᠮᠸᠲ᠋ᠷ᠎ᠤᠨ ᠴᠤ ᠰᠢᠨ᠎ᠡ ᠲᠤᠯᠠᠭᠠᠨ ᠬᠠᠰᠢᠶ᠎ᠠ ᠰᠠᠷᠠᠪᠴᠢ᠂ 150 ᠲᠡᠭᠰᠢ ᠲᠦᠷᠪᠡᠯᠵᠢᠨ ᠮᠸᠲ᠋ᠷ ᠲᠠᠯᠠᠪᠠᠢ ᠪᠦᠬᠦᠢ ᠡᠪᠡᠰᠤ ᠬᠠᠳᠠᠭᠠᠯᠠᠬᠤ ᠫᠸᠡᠭ ᠪᠠ 180 ᠲᠡᠭᠰᠢ ᠲᠦᠷᠪᠡᠯᠵᠢᠨ ᠮᠸᠲ᠋ᠷ ᠲᠠᠯᠠᠪᠠᠢ ᠪᠦᠬᠦᠢ ᠬᠤᠨᠢᠨ᠎ᠤ ᠬᠤᠷᠤᠭ᠎ᠠ ᠪᠠᠢᠭᠤᠯᠵᠠᠢ᠃

ᠡᠨᠡ ᠲᠤᠬᠠᠢ ᠨᠠᠰᠤᠳᠠᠨ᠎ᠤ ᠤᠳᠬᠠᠨ ᠬᠦᠦ ᠭᠠᠡᠭᠰᠤᠭᠠᠷ᠎ᠠ ᠵᠢᠨ ᠲᠠᠨᠢᠯᠴᠠᠭᠤᠯᠬᠤ ᠪᠡᠷ᠂ ᠡᠳᠡᠭᠡᠷ ᠰᠠᠭᠤᠷᠢ ᠲᠦᠭᠦᠭᠡᠷᠦᠮᠵᠢ ᠵᠢ ᠪᠤᠯ ᠤᠯᠤᠰ᠎ᠤᠨ ᠠᠷᠠᠳ ᠤᠯᠠᠨ ᠳ᠋ᠤ ᠠᠰᠢᠭ ᠬᠦᠷᠳᠡᠭᠡᠬᠦ ᠲᠦᠷᠦᠯ ᠵᠦᠢᠯ ᠵᠢᠠᠷ ᠲᠠᠮᠵᠢᠨ ᠪᠦᠲᠦᠭᠡᠨ ᠪᠠᠢᠭᠤᠯᠵᠤ᠂ ᠮᠠᠯᠴᠢᠳ ᠬᠤᠪᠢ ᠡᠴᠡ ᠪᠡᠨ ᠵᠦᠪᠬᠡᠨ 30% ᠵᠢᠨ ᠪᠡᠯᠡ ᠮᠦᠡᠭᠭᠦ ᠭᠠᠷᠭᠠᠭᠰᠠᠨ ᠪᠠᠢᠨ᠎ᠠ᠃


QQ截图20220411091148.png

ᠪᠤᠯᠠᠭᠠᠨ ᠰᠤᠮᠤᠨ᠎ᠤ ᠡᠷᠳᠡᠨᠢᠳᠠᠯ᠎ᠠ ᠭᠠᠴᠠᠭᠠᠨ᠎ᠤ ᠬᠠᠮᠳᠤ ᠵᠢᠨ

ᠠᠵᠤ ᠠᠬᠤᠢ ᠭᠡᠰᠢᠭᠦᠳ ᠲᠡᠭᠡᠨ ᠤᠯᠵᠠᠪᠤᠷᠢ ᠲᠦᠭᠡᠭᠡᠯ᠎ᠡ


《ᠤᠳᠤ ᠮᠠᠨ᠎ᠤ ᠬᠢᠨ ᠳ᠋ᠤ ᠲᠤᠬᠳᠠᠮᠠᠯ ᠴᠠᠬᠢᠯᠭᠠᠨ ᠲᠠᠢ ᠪᠤᠯᠵᠤ᠂ ᠰᠢᠯᠤᠭᠤᠨ ᠲᠠᠷᠳᠠᠡᠭ ᠵᠠᠰᠠᠮᠠᠯ ᠵᠠᠮ ᠡᠭᠦᠳᠡᠨ ᠳ᠋ᠤ ᠮᠢᠨᠢ ᠬᠦᠷᠳᠡᠯ᠎ᠡ ᠨᠡᠪᠲᠡᠷᠡᠪᠡ᠃ ᠮᠠᠯᠵᠢᠬᠤ ᠦᠢᠯᠡᠳᠪᠦᠷᠢᠯᠡᠯ᠎ᠤᠨ ᠨᠦᠬᠦᠴᠡᠯ ᠡᠳᠦᠷ ᠢᠷᠡᠭᠦᠶ᠎ᠡ ᠰᠠᠢᠵᠢᠷᠠᠵᠤ᠂ ᠦᠡᠭᠭᠡᠷᠡᠭᠰᠡᠨ᠎ᠢ ᠪᠤᠳᠤᠪᠠᠯ ᠶᠤᠰᠤᠳᠠᠢ ᠲᠡᠭᠷᠢ ᠭᠠᠵᠠᠷ᠎ᠤᠨ ᠬᠤᠪᠢᠷᠠᠯᠳᠠ ᠭᠠᠷᠴᠠᠢ᠃ ᠬᠤᠷᠳᠤᠨ ᠤᠨᠤᠭ᠎ᠠ ᠬᠦᠡᠭᠭᠡᠨ ᠮᠠᠰᠢᠨ ᠵᠢᠠᠨ ᠲᠠᠪᠬᠢᠭᠤᠯᠪᠠᠯ ᠬᠤᠳᠠ ᠬᠦᠳᠡᠭᠡ ᠵᠢᠨ ᠬᠤᠭᠤᠷᠤᠨᠳᠤ ᠴᠠᠭ ᠮᠢᠨᠦ᠋ᠲ᠎ᠤᠨ ᠵᠠᠭᠤᠷ᠎ᠠ ᠬᠦᠷᠴᠢᠭᠡᠨ᠎ᠡ᠂ ᠠᠮᠢᠳᠤᠷᠠᠯ ᠶᠤᠰᠤᠳᠠᠢ ᠰᠠᠢᠬᠠᠨ ᠪᠠᠢᠨ᠎ᠠ》ᠭᠡᠵᠦ ᠮᠠᠯᠴᠢᠨ ᠭᠠᠡᠭᠰᠤᠭᠠᠷ᠎ᠠ ᠵᠠᠯᠭᠠᠭᠠᠳ ᠶᠠᠷᠢᠵᠤ ᠪᠠᠢᠯ᠎ᠠ᠃


QQ截图20220411091217.png

ᠬᠦᠳᠡᠭᠡ ᠨᠤᠲᠤᠭ᠎ᠤᠨ ᠶᠠᠪᠤᠵᠤ ᠰᠠᠭᠤᠬᠤ ᠨᠦᠬᠦᠴᠡᠯ ᠤᠯᠠᠮ ᠰᠠᠢᠵᠢᠷᠠᠪᠠ


ᠤᠳᠤ ᠮᠠᠯᠵᠢᠬᠤ ᠤᠷᠤᠨ᠎ᠤ ᠦᠢᠯᠡᠳᠪᠦᠷᠢᠯᠡᠯ ᠠᠮᠢᠳᠤᠷᠠᠯ᠎ᠤᠨ ᠰᠠᠭᠤᠷᠢ ᠲᠦᠬᠦᠭᠡᠷᠦᠮᠵᠢ ᠶᠠᠪᠤᠬᠤ ᠲᠤᠳᠤᠮ ᠰᠠᠢᠵᠢᠷᠠᠵᠤ᠂ ᠭᠠᠡᠭᠰᠤᠭᠠᠷ᠎ᠠ ᠪᠤᠯᠤᠨ ᠲᠡᠭᠦᠨ᠎ᠤ ᠤᠢᠷ᠎ᠠ ᠵᠡᠷᠭᠡᠯᠡᠳᠡᠭᠡ ᠵᠢᠨ ᠮᠠᠯᠴᠢᠳ ᠴᠦᠮ ᠴᠦᠬᠡᠨ ᠮᠠᠯᠵᠢᠵᠤ ᠴᠢᠨᠠᠷᠳᠠᠢ ᠮᠠᠯᠵᠢᠬᠤ ᠵᠠᠮ ᠵᠢᠠᠷ ᠵᠠᠮᠨᠠᠵᠤ᠂ ᠠᠮᠢ ᠠᠬᠤᠢ ᠵᠢ ᠰᠡᠷᠭᠦᠭᠡᠵᠤ ᠨᠤᠳᠤᠭ ᠪᠡᠯᠴᠢᠭᠡᠷ ᠵᠢᠠᠨ ᠬᠠᠮᠠᠭᠠᠯᠠᠬᠤ ᠤᠬᠠᠮᠰᠠᠷ ᠲᠠᠨᠢᠯᠳᠠ ᠤᠯᠠᠮ ᠴᠢᠡᠭᠭ᠎ᠠ ᠪᠤᠯᠪᠠ᠃

《ᠤᠯᠠᠨ ᠲᠦᠮᠡᠨ᠎ᠤ ᠵᠤᠯ ᠵᠢᠷᠭᠠᠯᠳᠤ ᠠᠮᠢᠳᠤᠷᠠᠯ᠎ᠤᠨ ᠬᠦᠰᠡᠯ ᠬᠦᠭᠡᠭᠡᠴᠡᠯᠳᠤᠯ᠎ᠢ ᠪᠡᠶᠡᠯᠡᠭᠦᠯᠬᠦ ᠵᠢᠨ ᠲᠦᠯᠦᠭᠡ ᠪᠢᠳᠡ ᠤᠯᠠᠨ ᠵᠢᠠᠨ ᠲᠠᠢᠴᠢᠯᠠᠨ ᠪᠦᠯᠬᠦᠮᠳᠡᠨ ᠲᠡᠮᠡᠴᠡᠨ᠎ᠡ》᠃ 8 ᠵᠢᠯ᠎ᠤᠨ ᠲᠤᠷᠰᠢ᠂ ᠰᠢᠯᠢ ᠵᠢᠨ ᠭᠤᠤᠯ ᠠᠢᠮᠠᠭ ᠶᠡᠷᠦᠡᠭᠬᠡᠢ ᠱᠦᠵᠢ ᠰᠢ ᠵᠢᠨ ᠫᠢᠡᠭ᠎ᠤᠨ ᠨᠠᠨᠳᠢᠨ ᠵᠠᠬᠢᠶ᠎ᠠ ᠵᠢ ᠡᠷᠡᠰ ᠪᠠᠷᠢᠮᠳᠠᠯᠠᠵᠤ᠂ ᠪᠤᠳᠠᠳᠤ ᠠᠵᠢᠯᠯᠠᠭ᠎ᠠ ᠪᠡᠷ ᠵᠢᠠᠨ ᠦᠨᠳᠦᠰᠤᠨ ᠱᠠᠲᠤᠨ᠎ᠤ ᠤᠯᠠᠨ ᠲᠦᠮᠡᠨ᠎ᠢ ᠪᠠᠶᠠᠨ ᠴᠢᠨᠡᠭᠡᠯᠢᠭ ᠠᠮᠢᠳᠤᠷᠠᠯ᠎ᠤᠨ ᠲᠠᠷᠳᠠᠡᠭ ᠵᠠᠮ᠎ᠢᠶᠡᠷ ᠬᠦᠲᠦᠯᠪᠡ᠃

ᠲᠤᠰ ᠠᠢᠮᠠᠭ᠎ᠤᠨ ᠠᠵᠤ ᠠᠬᠤᠢ ᠨᠡᠢᠭᠡᠮ᠎ᠤᠨ ᠴᠢᠨᠠᠷ ᠰᠠᠢᠳᠠᠢ ᠬᠦᠭᠵᠢᠯᠳᠡ ᠤᠯᠠᠮ ᠡᠷᠴᠢᠮᠵᠢᠵᠤ᠂ ᠨᠡᠡᠭ ᠤᠯᠠᠨ ᠮᠠᠯᠴᠢᠨ ᠲᠠᠷᠢᠶᠠᠴᠢᠨ ᠤᠯᠠᠨ ᠲᠦᠮᠡᠨ ᠪᠠᠶᠠᠨ ᠴᠢᠨᠡᠭᠡᠯᠢᠭ ᠨᠡᠢᠭᠡᠮ᠎ᠤᠨ ᠠᠰᠢᠬ ᠬᠦᠷᠳᠡᠭᠡᠯ᠎ᠢ ᠤᠯᠵᠤ ᠡᠳ᠋ᠯᠡᠪᠡ᠃ ᠢᠯᠠᠡᠭᠭᠤᠶ᠎ᠠ ᠡᠳᠦᠷ ᠢᠷᠡᠭᠦᠶ᠎ᠡ ᠬᠡᠴᠡᠭᠦᠳᠡᠵᠦ ᠪᠠᠢᠭ᠎ᠠ ᠬᠦᠮᠦᠨ ᠠᠮᠠ ᠵᠢᠨ ᠨᠠᠰᠤᠵᠢᠯᠳᠠ ᠵᠢᠨ ᠪᠠᠢᠳᠠᠯ᠎ᠤᠨ ᠡᠮᠦᠨ᠎ᠡ ᠂ ᠰᠢᠯᠢ ᠵᠢᠨ ᠭᠤᠤᠯ ᠠᠢᠮᠠᠭ ᠪᠤᠳᠠᠳᠤ ᠪᠠᠢᠳᠠᠯ ᠳ᠋ᠠᠭᠠᠨ ᠰᠠᠭᠤᠷᠢᠯᠠᠨ᠂ ᠪᠦᠬᠦ ᠤᠯᠤᠰ᠎ᠲᠦ ᠠᠡᠭᠬᠠᠳᠠᠭᠴᠢ《ᠲᠦᠪᠯᠡᠷᠡᠨ ᠰᠠᠭᠤᠷᠢᠰᠢᠵᠤ᠂ ᠨᠠᠰᠤᠳᠠᠨ ᠵᠢᠠᠨ ᠬᠠᠷᠠᠭᠠᠯᠵᠠᠵᠤ ᠨᠢᠯᠬᠠᠰ ᠵᠢᠠᠨ ᠬᠦᠮᠦᠵᠢᠭᠦᠯᠬᠦ᠂ ᠵᠠᠰᠠᠭ᠎ᠤᠨ ᠤᠷᠳᠤᠨ ᠡᠴᠡ ᠲᠡᠳᠬᠦᠨ ᠲᠡᠮᠵᠢᠵᠦ᠂ ᠤᠯᠠᠨ ᠡᠰᠢᠵᠢᠭᠰᠡᠨ ᠡᠵᠡᠡᠭᠨᠡᠯᠳᠡ ᠬᠢᠬᠦ》ᠦᠪᠡᠷᠮᠢᠴᠡ ᠤᠨᠴᠠᠯᠢᠭ ᠲᠠᠢ ᠨᠠᠰᠤᠳᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ᠎ᠤ ᠵᠠᠭᠪᠤᠷ᠎ᠢ ᠡᠭᠦᠳᠴᠤ᠂ ᠮᠠᠵᠢᠭ ᠨᠠᠰᠤᠳᠠᠨ ᠰᠢᠭ᠋ ᠨᠠᠩ ᠤᠯᠠᠨ ᠨᠠᠰᠤᠳᠠᠢᠴᠤᠳ᠎ᠤᠨ ᠦᠳᠡᠯᠦᠭᠡ ᠨᠠᠰᠤ ᠪᠡᠨ ᠵᠤᠯ ᠵᠢᠷᠭᠠᠯᠲᠠᠢ ᠦᠡᠭᠭᠡᠷᠡᠭᠦᠯᠬᠦ ᠠᠰᠢᠳᠠᠢ ᠪᠤᠯᠤᠮᠵᠢ ᠪᠦᠷᠢᠳᠦᠭᠦᠯᠦᠭ᠌ᠰᠡᠨ ᠪᠠᠢᠨ᠎ᠠ᠃

ᠡᠨᠡ ᠬᠠᠪᠤᠷ ᠪᠤᠯᠠᠭᠠᠨ ᠰᠤᠮᠤᠨ᠎ᠤ ᠰᠢᠷᠠᠳᠠᠯ᠎ᠠ ᠭᠠᠴᠠᠭᠠᠨ᠎ᠤ ᠮᠠᠯᠴᠢᠨ ᠡᠷᠳᠡᠨᠢᠸᠴᠢᠷ ᠎ᠤᠨ ᠬᠢᠨ᠎ᠤ ᠲᠦᠯ ᠮᠠᠯ 100% ᠪᠡᠷ ᠤᠨᠳᠤᠷᠴᠤ᠂ ᠴᠠᠭᠠᠨ ᠰᠠᠷ᠎ᠠ ᠡᠴᠡ ᠨᠠᠭᠠᠰᠢ ᠮᠤᠡᠭᠭᠠᠨᠢᠭᠰᠠᠨ ᠲᠡᠭᠦᠨ᠎ᠤ ᠠᠯᠵᠢᠶᠠᠯ ᠵᠦᠳᠡᠷᠡᠯ ᠨᠢ ᠠᠯᠢᠶᠠᠷᠬᠠᠨ ᠲᠤᠭᠯᠠᠬᠤ ᠬᠤᠷᠠᠭ᠎ᠠ ᠲᠤᠭᠤᠯ ᠵᠢᠠᠨ ᠬᠠᠷᠠᠭᠠᠳ ᠤᠷᠤ ᠦᠭᠡᠢ ᠮᠠᠷᠳᠠᠭᠳᠠᠪᠠ᠃


QQ截图20220411091230.png

ᠮᠠᠯᠴᠢᠨ᠎ᠤ ᠪᠠᠶᠠᠰᠤᠯ


QQ截图20220411091241.png


ᠦᠷᠡᠵᠢᠯ ᠰᠠᠢᠳᠠᠢ ᠬᠤᠨᠢᠳ


《ᠡᠷᠳᠡ ᠬᠠᠪᠤᠷ᠎ᠤᠨ ᠲᠦᠯ ᠲᠤᠰᠬᠤ᠎ᠴᠤ ᠬᠠᠯᠠ ᠲᠠᠢ ᠠᠵᠢᠯ᠂ ᠪᠠᠰᠠ ᠡᠪᠡᠰᠤ ᠪᠤᠷᠳᠤᠭ᠎ᠠ ᠢᠯᠡᠭᠦᠦ ᠵᠠᠷᠤᠴᠠᠭᠤᠯᠤᠨ᠎ᠠ᠃ ᠭᠡᠪᠡᠴᠤ ᠨᠠᠮᠤᠷ ᠡᠷᠳᠡ ᠵᠠᠷᠤᠴᠠᠭᠤᠯᠬᠤ ᠪᠤᠯᠬᠤᠷ ᠲᠦᠯ ᠮᠠᠯ᠎ᠤᠨ ᠦᠰᠦᠯᠳᠠ ᠪᠤᠢᠵᠢᠯᠳᠠ ᠳ᠋ᠤ ᠰᠠᠢᠨ ᠪᠦᠭᠡᠳ ᠪᠡᠯᠴᠢᠭᠡᠷ᠎ᠤᠨ ᠲᠠᠷᠤᠭᠠᠰᠤ ᠵᠢ ᠬᠦᠡᠭᠭᠡᠷᠡᠭᠦᠯᠴᠢᠭᠡᠬᠦ ᠪᠤᠯᠬᠤᠷ ᠬᠠᠰᠢᠯᠠ ᠠᠰᠢᠬᠳᠠᠢ ᠲᠠᠯ᠎ᠠ ᠨᠢ ᠢᠯᠡᠭᠦᠦ ᠪᠢᠯᠡ》 ᠭᠡᠵᠦ ᠮᠠᠯᠴᠢᠨ ᠡᠷᠳᠡᠨᠢᠸᠴᠢᠷ ᠪᠠᠶᠠᠷ ᠳᠠᠢ ᠶᠠᠷᠢᠨ᠎ᠠ᠃


QQ截图20220411091158.png


《ᠨᠡᠭᠦᠳᠡᠯ》 ᠨᠤᠮ ᠎ᠤᠨ ᠬᠠᠢᠷᠴᠠᠭ —

ᠮᠠᠯᠴᠢᠨ ᠠᠷᠠᠳ᠎ᠤᠨ ᠤᠶᠤᠨ᠎ᠤ ᠬᠦᠷᠳᠡᠭᠡᠯ


ᠡᠨᠡ ᠵᠢᠯ 43 ᠨᠠᠰᠤᠳᠠᠢ ᠪᠠᠶᠠᠰᠬᠤᠯᠠᠡᠭ ᠪᠤᠯ ᠮᠦᠨ ᠴᠤ᠌ ᠰᠢᠯᠢᠡᠭᠬᠤᠳᠠ ᠵᠢᠨ ᠪᠤᠯᠠᠭᠠᠨ ᠰᠤᠮᠤᠨ᠎ᠤ ᠰᠢᠷᠠᠳᠠᠯ᠎ᠠ ᠭᠠᠴᠠᠭᠠᠨ᠎ᠤ ᠮᠠᠯᠴᠢᠨ ᠪᠢᠯᠡ᠃ ᠦᠡᠭᠭᠡᠷᠡᠭᠰᠡᠨ ᠵᠢᠯ ᠲᠡᠳᠡ ᠴᠤ ᠰᠢᠨ᠎ᠡ ᠡᠸᠦ᠋ᠷᠤᠫᠡ ᠮᠠᠶᠢᠭ᠎ᠤᠨ ᠪᠠᠢᠰᠢᠡᠭ ᠪᠠᠷᠢᠵᠤ᠂ ᠱᠠᠯᠠᠨ ᠡᠴᠡ ᠪᠡᠨ ᠲᠤᠯᠠᠭᠠᠯᠠᠳᠠᠭ ᠬᠠᠯᠠᠭᠤᠨ ᠤᠰᠤᠨ᠎ᠤ ᠲᠤᠯᠠᠭᠠᠯᠠᠭ᠎ᠠ ᠤᠭᠰᠠᠷᠠᠭᠰᠠᠨ ᠪᠦᠭᠡᠳ ᠭᠡᠷ ᠲᠤᠳᠤᠨᠠᠬᠢ ᠡᠳ᠋ᠯᠡᠯ ᠭᠡᠷᠡᠭᠰᠡᠯ ᠨᠢ ᠴᠦᠮ ᠶᠡᠬᠡ ᠬᠤᠳᠠ ᠵᠢᠨ ᠠᠰᠠᠷ ᠲᠠᠭᠳᠤ ᠡᠴᠡ ᠲᠤᠳᠠᠬᠤ ᠦᠭᠡᠢ ᠭᠤᠶᠤᠬᠠᠨ ᠴᠡᠮᠴᠡᠭᠡᠷ ᠪᠠᠢᠯ᠎ᠠ᠃ ᠲᠡᠳᠡᠨ᠎ᠤ ᠬᠢᠨ ᠪᠠᠰᠠ 50 ᠭᠠᠷᠤᠢ ᠲᠦᠮᠡᠨ ᠲᠦᠭᠦᠷᠢᠭ᠎ᠤᠨ ᠪᠡᠯᠡ ᠤᠷᠤᠭᠤᠯᠵᠤ᠂ ᠠᠮᠢᠳᠤᠷᠠᠯ᠎ᠤᠨ ᠲᠤᠭᠤᠷᠢᠭ ᠪᠤᠯᠤᠨ ᠮᠠᠯᠵᠢᠯ᠎ᠤᠨ ᠲᠤᠭᠤᠷᠢᠭ ᠵᠢᠠᠨ ᠰᠠᠯᠭᠠᠵᠤ᠂ ᠲᠦᠬᠦᠷᠵᠢᠭᠰᠡᠨ ᠰᠠᠭᠤᠷᠢ ᠲᠦᠬᠦᠭᠡᠷᠦᠮᠵᠢ ᠵᠢᠨ ᠪᠦᠳᠦᠭᠡᠨ ᠪᠠᠢᠭᠤᠯᠤᠯᠳᠠ ᠵᠢ ᠪᠡᠶᠡᠯᠡᠭᠦᠯᠪᠡ᠃

ᠮᠠᠯᠴᠢᠨ ᠪᠠᠶᠠᠰᠬᠤᠯᠠᠡᠭ᠄《ᠠᠮᠢᠳᠤᠷᠠᠯ ᠤ᠋ᠠ ᠲᠤᠭᠤᠷᠢᠭ ᠪᠤᠯᠤᠨ ᠦᠢᠯᠡᠳᠪᠦᠷᠢᠯᠡᠯ᠎ᠤᠨ ᠲᠤᠭᠤᠷᠢᠭ᠎ᠢ ᠰᠠᠯᠭᠠᠭᠰᠠᠨ ᠨᠢ ᠡᠷᠡᠭᠦᠯ ᠬᠠᠮᠠᠭᠠᠯᠠᠯ᠎ᠤᠨ ᠲᠠᠯ᠎ᠠ ᠵᠢ ᠪᠤᠳᠤᠯᠬᠢᠯᠠᠭᠰᠠᠨ ᠪᠦᠭᠡᠳ ᠨᠠᠷᠢᠯᠢᠭ ᠡᠵᠡᠡᠭᠨᠡᠯᠳᠡ ᠬᠢᠬᠦ ᠳ᠋ᠤ᠎ᠴᠦ ᠠᠰᠢᠬᠳᠠᠢ ᠶᠤᠮ》 ᠬᠡᠪᠡ᠃

ᠮᠠᠯᠴᠢᠨ ᠪᠠᠶᠠᠰᠬᠤᠯᠠᠡᠭ᠎ᠤᠨ ᠮᠠᠯᠵᠢᠬᠤ ᠦᠢᠯᠡᠳᠪᠦᠷᠢᠯᠡᠯ᠎ᠤᠨ ᠡᠵᠡᠡᠭᠨᠡᠯᠳᠡ ᠳ᠋ᠡᠭᠡᠨ ᠲᠤᠬᠢᠷᠠᠭᠤᠯᠤᠯᠳᠠ ᠬᠢᠵᠦ ᠴᠢᠨᠠᠷ ᠰᠠᠢᠳᠠᠢ ᠨᠠᠷᠢᠯᠢᠭ ᠡᠵᠡᠡᠭᠨᠡᠯᠳᠡ ᠵᠢᠨ ᠵᠠᠮ᠎ᠢ ᠰᠤᠡᠭᠭᠤᠭᠰᠠᠨ ᠨᠢ᠎ᠴᠦ 8 ᠵᠢᠯ᠎ᠤᠨ ᠡᠮᠦᠨᠡᠬᠢ ᠤᠴᠢᠷ ᠪᠠᠢᠯ᠎ᠠ᠃


QQ截图20220411091123.png

ᠮᠠᠯᠴᠢᠨ ᠪᠠᠶᠠᠰᠬᠤᠯᠠᠡᠭ᠎ᠤᠨ ᠬᠢᠨ


2014 ᠤᠨ᠎ᠤ ᠴᠠᠭᠠᠨ ᠰᠠᠷ᠎ᠠ ᠡᠴᠡ ᠡᠮᠤᠨᠡᠭᠡᠨ᠂ ᠶᠡᠷᠦᠡᠭᠬᠡᠢ ᠱᠦᠵᠢ ᠰᠢ ᠵᠢᠨ ᠫᠢᠡᠭ ᠰᠢᠯᠢ ᠵᠢᠨ ᠭᠤᠤᠯ ᠠᠢᠮᠠᠭ᠎ᠲᠦ ᠠᠵᠢᠯ ᠰᠢᠨᠵᠢᠯᠡᠨ ᠪᠠᠢᠴᠠᠭᠠᠬᠤ ᠳ᠋ᠠᠭᠠᠨ᠂ ᠤᠯᠠᠮᠵᠢᠯᠠᠯᠳᠤ ᠮᠠᠯ ᠠᠵᠤ ᠠᠬᠤᠢ ᠡᠴᠡ ᠤᠳᠤᠬᠢᠴᠢᠯᠠᠭᠰᠠᠨ ᠮᠠᠯ ᠠᠵᠤ ᠠᠬᠤᠢ ᠵᠢ ᠬᠦᠭᠵᠢᠬᠦᠯᠬᠦ ᠲᠡᠢᠰᠢ ᠤᠷᠤᠬᠰᠢᠯᠠᠬᠤ ᠠᠯᠬᠤᠮ ᠵᠢᠡᠨ ᠲᠦᠷᠭᠡᠳᠭᠡᠵᠦ᠂ ᠰᠢᠨ᠎ᠡ ᠠᠷᠭ᠎ᠠ ᠵᠠᠮ᠎ᠢ ᠰᠦᠪᠡᠭᠴᠢᠯᠡᠨ᠂ ᠮᠠᠯᠴᠢᠨ ᠲᠠᠷᠢᠶᠠᠴᠢᠨ᠎ᠢ ᠬᠠᠪᠰᠤᠷᠤᠨ ᠠᠵᠤ ᠦᠢᠯᠡᠰ᠎ᠤᠨ ᠠᠰᠢᠬ ᠤᠯᠵᠠᠪᠤᠷᠢ ᠵᠢ ᠡᠳ᠋ᠯᠡᠭᠦᠯᠵᠦ᠂ ᠲᠠᠭᠠᠭᠤᠯᠤᠭᠴᠢ ᠠᠵᠤ ᠠᠬᠤᠢᠯᠠᠯ ᠵᠡᠷᠭᠡ ᠡᠵᠡᠡᠭᠨᠡᠯᠳᠡ ᠵᠢᠨ ᠭᠤᠤᠯ ᠴᠤᠭᠴᠠ ᠯᠤᠭ᠎ᠠ ᠠᠰᠢᠬ ᠤᠷᠤᠯᠭ᠎ᠠ ᠵᠢᠨ ᠬᠠᠮᠳᠤ ᠵᠢᠨ ᠴᠤᠭᠴᠠ ᠵᠢ ᠪᠦᠷᠢᠯᠳᠤᠭᠦᠯᠬᠦ ᠬᠡᠷᠡᠭᠲᠡᠢ ᠭᠡᠵᠤ ᠴᠢᠬᠤᠯᠠᠴᠢᠯᠠᠪᠠ᠃

ᠶᠡᠷᠦᠡᠭᠬᠡᠢ ᠱᠦᠵᠢ ᠵᠢᠨ ᠵᠡᠬᠢᠢ᠎ᠠ ᠨᠢ ᠮᠠᠯᠴᠢᠨ ᠪᠠᠶᠠᠰᠬᠤᠯᠠᠡᠭ᠎ᠤᠨ ᠦᠢᠯᠡᠳᠪᠦᠷᠢᠯᠡᠯ ᠡᠵᠡᠡᠭᠨᠡᠯᠳᠡ ᠵᠢᠨ ᠵᠠᠮ ᠵᠢᠠᠨ ᠬᠤᠪᠢᠷᠠᠭᠤᠯᠬᠤ ᠢᠳᠡᠭᠡᠯ ᠵᠤᠷᠢᠭ᠎ᠢ ᠤᠯᠠᠮ ᠬᠦᠪᠴᠢᠯᠡᠵᠠᠢ᠃ ᠰᠢᠯᠢᠡᠭᠬᠤᠳᠠ ᠪᠤᠯ《ᠲᠤᠮᠳᠠᠳᠤ ᠵᠢᠨ ᠠᠳᠤᠭᠤᠨ᠎ᠤ ᠦᠢᠯᠡᠰ᠎ᠤᠨ ᠲᠦᠪ》 ᠤ᠋ᠠ ᠭᠤᠤᠯᠳᠠᠯᠭᠠᠳᠤ ᠤᠷᠤᠨ ᠪᠠᠢᠵᠤ᠂ ᠮᠠᠯᠴᠢᠨ ᠪᠠᠶᠠᠰᠬᠤᠯᠠᠡᠭ᠎ᠤᠨ ᠬᠢᠨ᠎ᠤ ᠰᠠᠭᠤᠷᠢᠰᠢᠯ ᠨᠢ ᠬᠤᠳᠠ ᠡᠴᠡ 10 ᠺᠢᠯᠤᠮᠸᠲᠷ ᠯᠠ ᠵᠠᠢᠳᠠᠢ ᠪᠠᠢᠷᠢᠯᠠᠵᠤ ᠪᠠᠢᠨ᠎ᠠ᠃ ᠲᠡᠷᠡ ᠡᠨᠡ ᠬᠦ᠌ ᠭᠠᠵᠠᠷ ᠵᠦᠢ ᠪᠤᠯᠤᠨ ᠵᠠᠬ᠎ᠠ ᠲᠡᠯᠭᠡᠭᠦᠷ ᠡᠴᠡ ᠤᠢᠷ᠎ᠠ ᠪᠠᠢᠳᠠᠭ ᠲᠠᠪᠠᠭᠤᠯᠢᠭ ᠵᠢᠠᠨ ᠠᠰᠢᠭᠯᠠᠨ᠂ ᠴᠡᠭᠡ ᠵᠢᠨ ᠦᠢᠯᠡᠳᠪᠦᠷᠢ ᠪᠠᠢᠭᠤᠯᠵᠤ ᠠᠰᠢᠬ ᠤᠷᠤᠯᠭ᠎ᠠ ᠪᠡᠨ ᠨᠡᠮᠡᠭᠳᠡᠭᠦᠯᠵᠦ ᠪᠠᠢᠨ᠎ᠠ᠃



QQ截图20220411091256.png

ᠮᠠᠯᠴᠢᠨ ᠪᠠᠶᠠᠰᠬᠤᠯᠠᠡᠭ ᠴᠡᠭᠡ ᠵᠢᠨ

ᠦᠢᠯᠡᠳᠪᠤᠷᠢ ᠵᠢᠨ ᠲᠠᠰᠤᠭ ᠲᠠᠭᠠᠨ


《ᠶᠡᠷᠦᠡᠭᠬᠡᠢ ᠱᠦᠵᠢ ᠰᠢ ᠵᠢᠨ ᠫᠢᠡᠭ᠎ᠤᠨ ᠵᠡᠬᠢᠶ᠎ᠠ ᠪᠢᠳᠡᠨ᠎ᠳ᠋ᠤ ᠤᠷᠤᠭᠰᠢ ᠲᠡᠮᠡᠦᠯᠬᠦ ᠡᠷᠴᠢ ᠬᠦᠴᠦᠨ᠎ᠢ ᠤᠯᠭᠤᠬᠰᠠᠨ ᠪᠦᠭᠡᠳ ᠮᠠᠨᠤᠰ᠎ᠢ ᠬᠦᠲᠦᠯᠦᠨ ᠵᠢᠯᠤᠭᠤᠳᠬᠤ ᠭᠡᠷᠡᠯᠳᠤ ᠴᠠᠮᠬᠠᠭ ᠶᠤᠮ᠃ ᠤᠳᠤ ᠮᠠᠨ᠎ᠤ᠋ ᠬᠢᠨ ᠭᠠᠴᠠᠭᠠᠨ᠎ᠤ ᠤᠳᠤᠷᠢᠳᠬᠤ ᠪᠠᠭ ᠵᠢᠠᠷ ᠲᠠᠮᠵᠢᠭᠤᠯᠤᠨ ᠲᠡᠭᠡᠳᠤ ᠱᠠᠲᠤᠨ ᠳ᠋ᠤ ᠮᠡᠳᠡᠭᠦᠯᠦᠨ ᠭᠤᠶᠤᠴᠢᠯᠠᠵᠤ᠂ 〈ᠴᠡᠭᠡ ᠪᠤᠯᠪᠠᠰᠤᠷᠠᠭᠤᠯᠬᠤ ᠦᠢᠯᠡᠳᠭᠡᠯ᠎ᠤᠨ ᠭᠠᠵᠠᠷ〉 ᠤ᠋ᠠ ᠲᠦᠷᠦᠯ ᠵᠦᠢᠯ ᠵᠢᠠᠷ ᠨᠢᠭᠡᠨᠳᠡ ᠪᠦᠷᠢᠳᠭᠡᠭᠦᠯᠵᠦ᠂ 50 ᠲᠦᠮᠡᠨ ᠲᠦᠭᠦᠷᠢᠭ᠎ᠤᠨ ᠪᠡᠯᠡ ᠮᠦᠡᠭᠭᠦ ᠤᠯᠵᠤ᠂ 200 ᠭᠠᠷᠤᠢ ᠲᠡᠭᠰᠢ ᠲᠦᠷᠪᠡᠯᠵᠢᠨ ᠮᠸᠲ᠋ᠷ ᠤ᠋ᠠ ᠲᠠᠯᠠᠪᠠᠢ ᠪᠦᠬᠦᠢ ᠤᠳᠤᠬᠢᠴᠢᠯᠠᠭᠰᠠᠨ ᠦᠢᠯᠡᠳᠪᠦᠷᠢᠯᠡᠯ᠎ᠤᠨ ᠪᠠᠢᠰᠢᠡᠭ ᠎ᠢ ᠪᠠᠢᠭᠤᠯᠵᠤ᠂ ᠡᠳᠦᠷ ᠲᠤ᠌ 2000 ᠵᠢᠡᠭ ᠴᠡᠭᠡ ᠪᠤᠯᠪᠠᠰᠤᠷᠠᠭᠤᠯᠬᠤ ᠴᠢᠳᠠᠮᠵᠢ ᠲᠠᠢ ᠪᠤᠯᠵᠠᠢ》 ᠭᠡᠵᠦ ᠮᠠᠯᠴᠢᠨ ᠪᠠᠶᠠᠰᠬᠤᠯᠠᠡᠭ ᠲᠠᠨᠢᠯᠴᠠᠭᠤᠯᠵᠤ ᠭᠠᠷᠤᠯ᠎ᠠ᠃


QQ截图20220411105803.png


ᠪᠤᠬᠢᠷᠳᠤᠯ ᠦᠭᠡᠢ ᠴᠡᠪᠡᠷ ᠡᠨ᠋ᠸᠷᠬᠢ

ᠭᠤᠤᠯᠯᠠᠬᠤ ᠠᠵᠤ ᠦᠢᠯᠡᠰ ᠪᠤᠯᠪᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面