ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠶᠡᠷᠦᠩᠬᠡᠢ ᠱᠦᠵᠢ ᠎ᠶ᠋ᠢᠨ ᠶᠠᠪᠤᠵᠤ ᠦᠩᠭᠡᠷᠡᠭᠰᠡᠨ ᠮᠥᠷ ᠎ᠢ᠋ᠶ᠋ᠡᠷ

2022-04-18 09:52:03

ᠵᠣᠬᠢᠶᠠᠭ᠍ᠴᠢ᠄ ​ᠬᠤᠸᠠᠡᠭ ᠫᠦ ᠰᠢᠤ ᠯᠢᠡᠭ ᠼᠦᠢ ᠵᠢᠶᠧ ᠣᠩᠱᠢᠭ᠍ᠰᠠᠨ ᠣᠳᠠᠭ᠎ᠠ᠄ 3

[ᠰᠤᠨᠢᠨ ᠮᠡᠳᠡᠭᠡᠨ᠎ᠤ ᠡᠷᠭᠢᠴᠡᠭᠦᠯᠦᠯ]

2014 ᠣᠨ᠎ᠤ 1 ᠰᠠᠷ᠎ᠠ᠎ᠶ᠋ᠢᠨ 28 ᠤ᠋ ᠦᠳᠡ᠎ᠶ᠋ᠢᠨ ᠡᠮᠦᠨ᠎ᠡ᠂ ᠰᠢ ᠵᠢᠨ ᠫᠢᠩ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠳᠦ ᠬᠦᠷᠴᠦ᠍᠂ ᠡᠨᠳᠡ ᠰᠠᠭᠤᠭ᠎ᠠ ᠥᠨᠥᠴᠢᠨ ᠬᠡᠦᠬᠡᠳ᠂ ᠵᠡᠮᠳᠡᠭ ᠬᠡᠦᠬᠡᠳ᠎ᠢ ᠪᠣᠯᠭᠣᠭᠠᠨ ᠦᠵᠡᠪᠡ᠃

ᠬᠡᠦᠬᠡᠳ᠎ᠦᠳ᠎ᠦᠨ ᠰᠠᠨᠠᠭ᠎ᠠ ᠠᠮᠤᠷ ᠰᠤᠷᠤᠯᠴᠠᠵᠤ ᠠᠮᠢᠳᠤᠷᠠᠵᠤ ᠪᠠᠢᠬᠤ᠎ᠶ᠋ᠢ ᠦᠵᠡᠭᠡᠳ ᠰᠢ ᠵᠢᠨ ᠫᠢᠩ ᠮᠠᠰᠢ ᠪᠠᠶᠠᠷᠯᠠᠪᠠ᠃ ᠳᠠᠭᠤᠷᠢᠶᠠᠮᠠᠯ ᠬᠡᠷ ᠪᠦᠯᠢ᠎ᠳᠦ᠂ ᠲᠡᠷᠡ ᠣᠷᠣᠯᠠᠨ ᠲᠡᠵᠢᠭᠡᠭ᠌ᠰᠡᠨ ᠡᠵᠢ᠎ᠲᠡᠶ ᠭᠠᠷ ᠠᠳᠭᠤᠨ ᠮᠡᠨᠳᠦᠴᠢᠯᠡᠵᠦ᠍᠂ ᠡᠢᠮᠦᠷᠬᠦᠦ ᠠᠰᠠᠷᠠᠨ ᠲᠡᠵᠢᠭᠡᠬᠦ᠌ ᠠᠷᠭ᠎ᠠ᠎ᠶ᠋ᠢ ᠭᠦᠶ᠋ᠴᠡᠳ ᠨᠤᠲᠠᠯᠠᠵᠠᠢ; ᠪᠠᠢᠷᠢ᠎ᠶ᠋ᠢᠨ ᠭᠡᠷ᠎ᠲᠦ᠂ ᠲᠡᠷᠡ ᠳᠦᠯᠡᠢ ᠶᠠᠪᠠ ᠥᠬᠢᠨ ᠸᠠᠩ ᠶᠠ ᠨᠶ᠋ᠢ ᠪᠣᠯᠤᠨ ᠠᠮᠠᠷᠠᠯᠲᠠ᠎ᠪᠠᠷ《ᠭᠡᠷ᠎ᠲᠡᠬᠡᠨ ᠬᠠᠷᠢᠭ᠍ᠰᠠᠨ》 ᠣᠶᠤᠲᠠᠨ ᠶᠠᠨ ᡁᠢ ᠵᠢᠩ᠎ᠦᠨ ᠰᠠᠢᠲᠤᠷ ᠰᠤᠷᠤᠯᠴᠠᠵᠥ᠍᠂ ᠰᠤᠷᠤᠯᠭ᠎ᠠ᠎ᠳᠠᠭᠠᠨ ᠠᠮᠵᠢᠯᠲᠠ ᠤᠯᠬᠤ᠎ᠶ᠋ᠢ ᠵᠣᠷᠢᠭ᠍ᠵᠢᠭᠤᠯᠬᠤ᠎ᠶ᠋ᠢᠨ ᠬᠠᠮᠲᠤ ᠡᠷᠡᠬᠡᠢ ᠬᠤᠷᠤᠭᠤ ᠭᠠᠷᠭᠠᠨ ᠲᠡᠳᠡᠨ᠎ᠡᠴᠡ 《ᠪᠠᠶᠠᠷᠯᠠᠯ᠎ᠠ》 ᠭᠡᠵᠦ᠍ ᠬᠡᠯᠡᠪᠠ; 《ᠡᠨᠡᠷᠢᠯ ᠬᠠᠢᠷ᠎ᠠ ᠎ᠢ᠋ᠢᠨ ᠰᠡᠳᠬᠢᠯ᠂ ᠠᠴᠢ ᠡᠨᠡᠷᠢᠯ ᠁》 ᠪᠣᠯᠪᠠᠰᠤᠷᠠᠯ᠎ᠤᠨ ᠳᠠᠰᠤᠭ᠎ᠲᠤ ᠂ ᠬᠡᠦᠬᠡᠳ᠎ᠦᠳ ᠭᠠᠷ᠎ᠤᠨ ᠳᠣᠬᠢᠶ᠎ᠠ ᠬᠢᠬᠦ᠌᠎ᠶ᠋ᠢᠨ ᠳᠠᠭᠠᠤ《ᠡᠨᠡᠷᠢᠯ ᠬᠠᠢᠷ᠎ᠠ ᠵᠢᠨ ᠰᠡᠳᠬᠢᠯ》 ᠎ᠢ ᠤᠶᠠᠷᠠᠭᠤᠨ ᠬᠠᠩᠭᠢᠨᠠᠮ᠎ᠠ ᠲᠠᠭᠤᠯᠠᠬᠤ ᠳ᠋ᠤ᠂ ᠎ᠴᠥᠭᠡᠨ ᠪᠤᠰᠤ ᠬᠥᠮᠤᠰ ᠤ᠋ᠨ ᠨᠢᠳᠦ ᠨᠢ ᠵᠠᠢᠷᠲᠤᠪᠠ᠃

ᠰᠢ ᠵᠢᠨ ᠫᠢᠩ᠂ ᠠᠴᠢ ᠡᠨᠡᠷᠢᠯ ᠤ᠋ᠨ ᠰᠡᠳᠭᠢᠯ ᠲᠠᠢ ᠪᠠᠢᠬᠤ ᠪᠣᠯ ᠮᠠᠰᠢ ᠴᠢᠬᠤᠯᠠ ᠶᠤᠮ᠂ ᠬᠡᠦᠬᠡᠳ ᠢᠯᠠᠩᠭᠤᠶ᠎ᠠ ᠥᠨᠥᠴᠢᠨ ᠬᠡᠦᠬᠡᠳ ᠪᠣᠯᠤᠨ ᠵᠡᠮᠳᠡᠭ ᠬᠡᠦᠬᠡᠳ᠎ᠲᠦ ᠪᠦᠬᠦ᠌ ᠨᠡᠢᠭᠡᠮ᠎ᠢᠶᠡᠷ᠎ᠢᠶᠡᠨ ᠡᠨᠡᠷᠢᠯ ᠬᠠᠢᠷ᠎ᠠ᠂ ᠬᠠᠢᠷᠠᠯᠠᠨ ᠬᠠᠯᠠᠮᠵᠢᠯᠠᠬᠤ ᠰᠡᠳᠭᠢᠯᠭᠡ᠎ᠲᠡᠶ ᠪᠠᠢᠵᠤ᠂ ᠬᠠᠮᠲᠤ᠎ᠪᠠᠷ ᠴᠢᠷᠮᠠᠢᠵᠤ ᠪᠠᠢᠭᠠᠳ ᠲᠡᠳᠡᠨ᠎ᠢ ᠡᠷᠡᠭᠦᠯ᠎ᠢᠶᠡᠷ ᠥᠰᠭᠡᠨ ᠪᠣᠢᠵᠢᠭᠤᠯᠵᠤ᠂ ᠨᠡᠢᠭᠡᠮ ᠵᠢᠷᠤᠮ᠎ᠤᠨ ᠶᠡᠬᠡ ᠭᠡᠷ ᠪᠦᠯᠢ᠎ᠶ᠋ᠢᠨ ᠬᠠᠯᠠᠭᠤᠨ ᠳᠤᠯᠠᠭᠠᠨ᠎ᠢ ᠮᠡᠳᠡᠷᠡᠭᠦᠯᠬᠦ᠌ ᠬᠡᠷᠡᠭ᠌ᠲᠡᠢ ᠭᠡᠵᠦ᠍ ᠬᠡᠯᠡᠪᠡ᠃


ᠲᠤᠭᠤᠷ ᠤ᠋ᠨ ᠴᠡᠴᠡᠭ ᠲᠠᠯᠬᠡᠷᠡᠭᠰᠠᠨ ᠤᠷᠢᠬᠠᠨ ᠬᠠᠪᠤᠷ ᠰᠠᠭᠠᠲᠠᠯ᠎ᠠ᠃ ᠥᠷᠯᠥᠭᠡ ᠡᠷᠲᠡ᠂ ᠰᠤᠷᠪᠤᠯᠵᠢᠯᠠᠭ᠍ᠴᠢ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠳᠦ ᠬᠦᠷᠬᠦ᠌᠎ᠳᠦ᠂ ᠬᠦᠷᠢᠶᠠᠨ᠎ᠲᠤᠲᠤᠷᠠᠬᠢ ᠮᠣᠳᠣᠨ ᠳ᠋ᠤ ᠱᠢᠪᠠᠭᠤᠳ ᠵᠢᠷᠭᠢᠨ ᠱᠤᠤᠭᠢᠵᠤ᠂ ᠬᠠᠪᠤᠷ᠎ᠤᠨ ᠠᠮᠢᠵᠢᠷᠠᠯ᠎ᠤᠨ ᠬᠦᠴᠦᠨ᠎ᠢᠶᠡᠷ ᠪᠢᠯᠬᠠᠨ᠎ᠠ᠂ ᠮᠠᠨᠳᠤᠬᠤ ᠨᠡᠷᠡᠨ᠎ᠢ ᠳᠠᠭᠠᠯᠳᠤᠨ᠂ ᠠᠰᠠᠷᠠᠭ᠍ᠴᠢ᠎ᠨᠠᠷ ᠨᠣᠢᠷ᠎ᠠᠴᠠ᠎ᠪᠠᠨ ᠰᠡᠷᠢᠭ᠌ᠰᠡᠨ ᠬᠡᠦᠬᠡᠳ᠎ᠦᠳ᠎ᠲᠦ ᠬᠤᠪᠴᠠᠰᠤ ᠡᠮᠦᠰᠭᠡᠵᠦ᠍᠂ ᠴᠡᠪᠡᠷᠯᠡᠭ᠌ᠴᠢ ᠠᠨᠢᠶ᠎ᠠ ᠥᠷᠥᠭᠡᠨ᠎ᠦ ᠱᠠᠯᠠ᠂ ᠰᠠᠭᠤᠳᠠᠯ ᠵᠢᠴᠢ ᠠᠰᠠᠷ᠎ᠤᠨ ᠳᠠᠪᠬᠤᠷᠭ᠎ᠠ᠂ ᠴᠠᠬᠢᠯᠭᠠᠨ ᠱᠠᠲᠤ᠎ᠶ᠋ᠢ ᠵᠦᠯᠭᠦᠵᠦ᠍ ᠶᠠᠭᠠᠷᠠᠨ᠎ᠠ; ᠲᠣᠭᠣᠭᠠᠨ ᠬᠡᠷ᠎ᠦᠨ ᠠᠪᠠᠭ᠎ᠠ᠂ ᠠᠨᠢᠶ᠎ᠠ᠎ᠨᠠᠷ ᠬᠡᠦᠬᠡᠳ᠎ᠦᠳ᠎ᠲᠦ ᠥᠷᠯᠥᠭᠡ᠎ᠶ᠋ᠢᠨ ᠬᠣᠭᠣᠯᠠ ᠪᠡᠯᠡᠳᠭᠡᠨ᠎ᠡ ᠁ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠤᠭᠤᠴᠠᠭᠠᠨ᠎ᠳᠠᠬᠢ ᠬᠡᠦᠬᠡᠳ᠎ᠦᠳ᠎ᠦᠨ ᠡᠷᠡᠭᠦᠯ ᠮᠡᠨᠳᠦ ᠠᠮᠤᠷ ᠲᠦᠪᠱᠢᠨ ᠪᠣᠯᠤᠨ ᠪᠠᠶᠠᠷ ᠪᠠᠶᠠᠰᠤᠯ᠎ᠲᠠᠶ ᠦᠰᠦᠨ ᠪᠣᠢᠵᠢᠬᠤ᠎ᠶ᠋ᠢ ᠪᠠᠲᠤᠯᠠᠬᠤ᠎ᠶ᠋ᠢᠨ ᠲᠥᠯᠥᠭᠡ᠂ ᠪᠥᠬᠥ᠌ ᠬᠦᠷᠢᠶᠡᠯᠡᠩ᠎ᠦᠨ ᠠᠵᠢᠯᠲᠠᠳ ᠡᠭᠡᠯᠵᠢᠯᠡᠨ ᠵᠢᠵᠢᠭᠦᠷᠯᠡᠵᠦ᠍᠂ ᠬᠡᠦᠬᠡᠳ᠎ᠦᠳ᠎ᠦᠨ ᠠᠮᠢᠳᠤᠷᠠᠯ᠂ ᠰᠣᠨᠢᠷᠬᠠᠯᠲᠤ ᠵᠢᠭᠠᠨ ᠰᠤᠷᠭᠠᠯᠲᠠ᠂ ᠡᠷᠡᠭᠦᠯᠵᠢᠯ᠎ᠦᠨ ᠪᠣᠯᠪᠠᠰᠤᠷᠠᠯ᠎ᠢ ᠨᠠᠷᠢᠨ ᠨᠢᠮᠪᠠᠶ ᠬᠠᠷᠠᠭᠠᠯᠵᠠᠵᠤ᠂ ᠬᠥᠷᠦᠭ᠌ᠰᠡᠨ ᠭᠠᠵᠠᠷ ᠪᠣᠯᠭᠠᠨ᠎ᠳ᠋ᠤ ᠬᠠᠯᠠᠭᠤᠨ ᠳᠤᠯᠠᠭᠠᠨ ᠵᠢᠷᠤᠭ ᠳᠦᠷᠰᠦ ᠨᠢᠲᠤᠨ ᠡᠮᠤᠨ᠎ᠠ ᠲᠠᠯᠬᠡᠭᠲᠠᠨ᠎ᠠ᠃

《2014 ᠣᠨ᠎ᠤ 1 ᠰᠠᠷ᠎ᠠ᠎ᠶ᠋ᠢᠨ 28 ᠤ᠋ ᠡᠳᠦᠷ᠂ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ᠎ᠳᠤ ᠱᠢᠨᠵᠢᠯᠡᠨ ᠪᠠᠢᠴᠠᠭᠠᠬᠤ᠎ᠳᠠᠭᠠᠨ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠳᠦ ᠬᠦᠷᠴᠦ᠍᠂ ᠮᠠᠨ᠎ᠤ ᠠᠵᠢᠯᠲᠠᠳ ᠪᠣᠯᠤᠨ ᠬᠡᠦᠬᠡᠳ᠎ᠦᠳ᠎ᠢ ᠡᠷᠬᠢᠨ ᠦᠵᠡᠵᠦ᠍᠂ ᠪᠢᠳᠡᠨ᠎ᠳᠦ〈ᠰᠠᠢᠲᠤᠷ ᠠᠵᠢᠯᠯᠠᠵᠤ᠂ ᠪᠠᠶᠠᠷ ᠬᠦᠷ᠎ᠲᠡᠶ᠎ᠪᠡᠷ ᠱᠢᠨᠡᠯᠡᠭᠡᠷᠡᠢ〉 ᠭᠡᠵᠦ᠍ ᠳᠣᠲᠣᠨᠣ᠎ᠪᠠᠷ ᠵᠠᠬᠢᠪᠠ᠃ ᠨᠢᠳᠦ ᠢᠷᠮᠡᠬᠦ᠌᠎ᠶ᠋ᠢᠨ ᠵᠠᠭᠤᠷ᠎ᠠ 8 ᠵᠢᠯ ᠥᠩᠭᠡᠷᠡᠯ᠎ᠡ᠂ ᠶᠡᠷᠦᠩᠬᠡᠢ ᠱᠦᠵᠢ᠎ᠶ᠋ᠢᠨ ᠦᠭᠡ ᠪᠦᠬᠦᠨ ᠨᠢ ᠮᠠᠨ᠎ᠤ ᠪᠦᠬᠦ᠌ ᠠᠵᠢᠯᠲᠠᠳ᠎ᠤᠨ ᠰᠡᠳᠭᠢᠯ᠎ᠳᠦ ᠬᠦᠨ ᠬᠠᠳᠠᠩᠱᠢᠨ᠂ ᠪᠢᠳᠡᠨ᠎ᠦ ᠡᠷᠡᠮᠡᠬᠡᠢᠯᠡᠨ ᠳᠠᠪᠰᠢᠵᠦ᠂ ᠱᠢᠨ᠎ᠡ ᠬᠠᠷᠠᠯᠲᠠ ᠲᠡᠢᠰᠢ ᠤᠷᠤᠭ᠍ᠰᠢᠯᠠᠬᠤ᠎ᠶ᠋ᠢ᠎ᠢᠮᠠᠭ᠍ᠲᠠ ᠵᠣᠷᠢᠭ᠍ᠵᠢᠭᠤᠯᠤᠬᠰᠠᠭᠠᠷ ᠢᠷᠡᠪᠡ》ᠭᠡᠵᠦ᠍ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠦᠨ ᠮᠢ ᠵᠠᠬᠢᠷᠤᠯ ᠰᠡᠳᠭᠢᠯ ᠬᠥᠳᠡᠯᠦᠨ ᠬᠡᠯᠡᠪᠡ᠃

ᠴᠢᠩ ᠰᠡᠳᠭᠢᠯ᠎ᠦᠨ ᠬᠦᠰᠠᠯ ᠨᠠᠢᠳᠠᠯᠭ᠎ᠠ᠂ ᠳᠣᠲᠣᠨᠣ ᠬᠠᠯᠠᠮᠵᠢᠯᠠᠯ᠃ ᠡᠲᠡᠭᠡᠷ ᠵᠢᠯ᠎ᠦᠳ᠎ᠲᠦ᠂ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ ᠨᠢ ᠰᠤᠪᠢᠯᠠᠬᠤ᠂ ᠵᠠᠰᠠᠬᠤ᠂ ᠡᠷᠠᠬᠦᠯᠵᠢᠬᠦ᠂ ᠵᠢᠭᠠᠨ ᠰᠤᠷᠭᠠᠬᠤ᠂ ᠠᠮᠤᠷ ᠲᠦᠪᠰᠢᠨ᠂ ᠬᠦᠮᠤᠵᠢᠬᠦᠯᠬᠦ᠎ᠶ᠋ᠢ ᠨᠢᠭᠡ ᠴᠤᠭ᠍ᠴᠠᠵᠢᠭᠤᠯᠤᠭ᠍ᠰᠠᠨ ᠬᠥᠭ᠌ᠵᠢᠯᠲᠡ᠎ᠶ᠋ᠢᠨ ᠲᠣᠭᠣᠷᠢᠨ᠎ᠳᠤ᠂ ᠬᠠᠮᠢᠶᠠᠷᠤᠯᠲᠠ᠎ᠶ᠋ᠢᠨ ᠬᠢᠷᠢ ᠲᠦᠪᠱᠢᠨ᠎ᠢᠶᠡᠨ ᠲᠠᠰᠤᠷᠠᠯᠲᠠ ᠥᠬᠡᠶ ᠰᠠᠢᠵᠢᠷᠠᠭᠤᠯᠤᠨ ᠳᠡᠭᠡᠭ᠌ᠰᠢᠯᠡᠭᠦᠯᠵᠦ᠍᠂ ᠬᠦᠷᠢᠶᠡᠨ᠎ᠦ᠎ᠪᠡᠨ ᠣᠷᠴᠢᠨ ᠲᠣᠭᠣᠷᠢᠨ᠎ᠢ ᠳᠠᠬᠢᠨ ᠵᠠᠰᠠᠨ ᠴᠢᠮᠡᠭ᠌ᠯᠡᠡ᠂ ᠬᠡᠦᠬᠡᠳ᠎ᠦᠨ ᠴᠢᠳᠠᠮᠵᠢ᠎ᠶ᠋ᠢ ᠰᠠᠢᠵᠢᠷᠠᠭᠤᠯᠬᠤ ᠠᠯᠢ ᠣᠯᠠᠨ ᠵᠤᠭ᠎ᠠ ᠴᠡᠩᠭᠡᠯ᠎ᠦᠨ ᠵᠢᠭᠠᠨ ᠰᠤᠷᠭᠠᠯᠲᠠ᠎ᠶ᠋ᠢᠨ ᠲᠥᠬᠥᠭᠡᠷᠦᠮᠵᠢ᠎ᠶ᠋ᠢ ᠨᠡᠮᠡᠵᠦ᠍᠂ ᠣᠯᠠᠨ ᠤᠯᠤᠰ᠎ᠤᠨ ᠲᠡᠷᠢᠭᠦᠨ᠎ᠦ ᠡᠷᠡᠭᠦᠯᠵᠢᠭᠦᠯᠬᠦ᠌ ᠲᠥᠬᠥᠭᠡᠷᠦᠮᠵᠢ᠎ᠶ᠋ᠢ ᠣᠷᠣᠭᠤᠯᠤᠨ ᠠᠪᠴᠢᠷᠠᠭ᠍ᠰᠠᠨ ᠪᠠᠢᠨ᠎ᠠ; 《5 + 5》᠎ᠶ᠋ᠢᠨ ᠨᠠᠷᠢᠯᠢᠭ᠍ᠵᠢᠭᠤᠯᠤᠨ ᠬᠥᠮᠦᠵᠢᠭᠦᠯᠬᠦ᠌ ᠵᠠᠭ᠍ᠪᠤᠷ᠎ᠢ ᠡᠬᠢᠯᠡᠭᠦᠯᠵᠦ᠍᠂ ᠵᠢᠭᠠᠨ ᠰᠤᠷᠭᠠᠬᠤ ᠠᠭᠤᠯᠭ᠎ᠠ᠎ᠶ᠋ᠢ ᠪᠠᠶᠠᠯᠢᠭ᠍ᠵᠢᠭᠤᠯᠤᠨ᠂ ᠬᠡᠦᠬᠡᠳ᠎ᠦᠳ᠎ᠲᠦ ᠠᠳᠠᠯᠢ ᠪᠤᠰᠤ ᠬᠡᠮᠵᠢᠶᠡᠨ᠎ᠦ ᠲᠥᠷᠥᠯ ᠢᠯᠭᠠᠯ᠎ᠲᠠᠶ ᠡᠷᠡᠭᠦᠯᠵᠢᠭᠦᠯᠬᠦ᠌ ᠪᠣᠯᠪᠠᠰᠤᠷᠠᠯ ᠬᠦᠷᠲᠡᠭᠡᠵᠦ᠍᠂ ᠠᠮᠢᠲᠤᠷᠠᠯ᠎ᠢ ᠨᠢ ᠨᠠᠩ ᠴᠢᠨᠠᠷ ᠰᠠᠢᠲᠠᠶ ᠪᠤᠯᠭᠠᠵᠠᠢ᠃

ᠶᠡᠷᠦᠩᠬᠡᠶ ᠱᠦᠵᠢ᠎ᠶ᠋ᠢᠨ ᠬᠦᠰᠡᠯ ᠨᠠᠢᠳᠠᠯᠭ᠎ᠠ᠎ᠶ᠋ᠢ ᠪᠠᠲᠤ ᠴᠡᠭᠡᠵᠢᠯᠡᠵᠦ᠍᠂ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ 《ᠡᠨᠡᠷᠢᠯ ᠬᠠᠢᠷ᠎ᠠ》᠎ᠶ᠋ᠢ ᠬᠦᠷᠢᠶᠡᠯᠡᠩ᠎ᠦᠨ᠎ᠢᠶᠡᠨ ᠰᠣᠶᠣᠯ ᠪᠣᠯᠭᠠᠨ ᠥᠷᠭᠡᠨ᠎ᠢᠶᠡᠷ ᠤᠯᠠᠮᠵᠢᠯᠠᠵᠤ᠂ ᠬᠦᠷᠢᠶᠡᠯᠡᠩ᠎ᠦᠨ ᠳᠣᠲᠣᠷᠠᠬᠢ ᠬᠡᠦᠬᠡᠳ ᠨᠢᠭᠡᠪᠦᠷᠢ᠎ᠳᠦ ᠡᠢᠮᠦᠷᠬᠦᠦ ᠵᠣᠯ ᠵᠢᠷᠭᠠᠯᠲᠤ ᠠᠮᠢᠳᠤᠷᠠᠯ ᠲᠠᠢ ᠪᠠᠢᠬᠤ ᠨᠢ᠂ ᠨᠠᠮ᠎ᠪᠠ ᠨᠡᠢᠭᠡᠮ᠎ᠦᠨ ᠡᠯ᠎ᠡ ᠡᠲᠡᠭᠡᠳ᠎ᠦᠨ᠎ᠬᠢᠨ᠎ᠦ ᠬᠠᠢᠷ᠎ᠠ ᠬᠠᠯᠠᠮᠵᠢ᠎ᠳᠤ ᠲᠠᠯᠠᠷᠬᠠᠬᠤ ᠬᠡᠳᠡᠭ᠎ᠢ ᠮᠠᠲᠠᠬᠦᠯᠬᠦ ᠬᠡᠷᠡᠭᠲᠠᠢ᠃ 《ᠲᠣᠮᠣ ᠭᠠᠷ ᠨᠢ ᠪᠠᠭ᠎ᠠ ᠭᠠᠷ ᠎ᠢᠶᠡᠨ ᠬᠥᠲᠥᠯᠵᠦ᠍᠂ ᠨᠠᠮ᠎ᠢᠶᠠᠨ ᠡᠭᠦᠷᠢᠳᠡ ᠳᠠᠭᠠᠬᠤ》᠂ 《ᠭᠤᠷᠪᠠᠨ ᠱᠢᠯᠢᠳᠡᠭ ᠭᠤᠷᠪᠠᠨ ᠪᠠᠢᠬᠤ》ᠨᠠᠮ᠎ᠤᠨ ᠪᠠᠢᠭᠤᠯᠤᠯᠲᠠ᠎ᠶ᠋ᠢᠨ ᠨᠠᠷᠠᠲᠤ ᠲᠡᠮᠳᠡᠭ᠂ 《 ᠨᠠᠷᠠᠨ ᠬᠤᠸᠠᠷ》 ᠬᠡᠦᠬᠡᠳ ᠬᠦᠮᠤᠵᠢᠬᠦᠯᠬᠦ ᠨᠠᠷᠠᠲᠤ ᠲᠡᠮᠳᠡᠭ᠂ 《ᠭᠤᠤᠯᠲᠤ ᠪᠤᠷᠤ》 ᠲᠥᠪᠬᠢᠨᠡᠭᠦᠯᠬᠦ᠌ ᠨᠠᠷᠠᠲᠤ ᠲᠡᠮᠳᠡᠭ᠂ 《 ᠵᠢᠵᠢᠭᠬᠡᠨ ᠵᠦᠷᠵᠢ᠎ᠶ᠋ᠢᠨ ᠳ᠋ᠧᠩ》 ᠤ᠋ᠨ ᠲᠤᠰᠭᠠᠶ ᠦᠶ᠋ᠯᠡᠴᠢᠯᠡᠭᠡᠨ᠎ᠦ ᠨᠠᠷᠠᠲᠤ ᠲᠡᠮᠳᠡᠭ᠌ ᠵᠡᠷᠭᠡ ᠰᠣᠯᠣᠩᠭᠠᠨ ᠰᠣᠶᠣᠯ᠎ᠤᠨ ᠨᠠᠷᠠᠲᠤ ᠲᠡᠮᠳᠡᠭ᠌ ᠤ᠋ᠨ ᠱᠢᠰᠲ᠋ᠧᠮ᠎ᠢ ᠲᠤᠰᠠᠭᠠᠷ ᠡᠭᠦᠳᠴᠦ᠍᠂ ᠲᠠᠰᠤᠷᠠᠯᠲᠠ ᠥᠬᠡᠶ ᠬᠠᠢᠨ ᠰᠦᠪᠡᠭ᠌ᠴᠢᠯᠡᠬᠦ᠌ ᠪᠠ ᠦᠶ᠋ᠯᠡᠳᠦᠯᠭᠡᠵᠢᠭᠦᠯᠬᠦ᠌᠎ᠪᠡᠷ ᠳᠡᠮᠵᠢᠨ᠂ ᠨᠢᠭᠡᠴᠢ ᠮᠠᠶᠢᠭ᠎ᠲᠠᠶ᠂ ᠳᠠᠭᠤᠷᠢᠶᠠᠮᠠᠯ ᠬᠡᠷ ᠪᠦᠯᠢ᠂ ᠨᠡᠢᠲᠡ᠎ᠶ᠋ᠢᠨ ᠪᠠᠢᠷᠢ᠂ ᠵᠢᠵᠢᠭ ᠬᠡᠷ ᠪᠦᠯᠢ᠂ ᠡᠮᠴᠢᠯᠡᠭᠡ ᠰᠤᠪᠢᠯᠠᠯᠲᠠ᠎ᠶ᠋ᠢ ᠤᠶᠠᠯᠳᠤᠭᠤᠯᠤᠨ ᠬᠡᠦᠬᠡᠳ ᠪᠣᠢᠵᠢᠭᠤᠯᠬᠤ 5 + 5 ᠨᠠᠷᠢᠯᠢᠭ᠍ᠵᠢᠭᠤᠯᠤᠭ᠍ᠰᠠᠨ ᠵᠠᠭ᠍ᠪᠤᠷ᠎ᠢ ᠪᠣᠶ ᠪᠣᠯᠭᠠᠵᠤ᠂ ᠨᠠᠰᠤ ᠵᠢᠯ᠂ ᠪᠡᠶ᠎ᠡ ᠵᠡᠮᠳᠡᠭ᠎ᠦᠨ ᠬᠡᠮᠵᠢᠶ᠎ᠡ ᠪᠠ ᠠᠮᠢᠳᠤᠷᠠᠯ᠎ᠢᠶᠠᠨ ᠠᠷᠭᠠᠴᠠᠬᠤ ᠴᠢᠳᠠᠪᠤᠷᠢ᠎ᠪᠠᠷ 《5 ᠣᠲᠣᠲᠤ ᠬᠡᠦᠬᠡᠳ》᠎ᠢ᠋ ᠬᠤᠪᠢᠶᠠᠷᠢᠯᠠᠨ ᠭᠠᠷᠭᠠᠵᠤ᠂ ᠠᠰᠠᠷᠠᠮᠵᠢ ᠵᠢᠨ ᠬᠦᠷᠢᠶᠠᠯᠠᠡᠭ ᠳ᠋ᠤ ᠪᠠᠢᠭ᠎ᠠ ᠬᠡᠤᠬᠡᠳ ᠤ᠋ᠤᠨ᠎ᠢ ᠨᠠᠷᠢᠯᠢᠭᠵᠢᠭᠤᠯᠤᠨ ᠬᠦᠮᠤᠵᠢᠬᠦᠯᠵᠤ᠂ ᠪᠠᠶᠠᠷᠯᠠᠭᠤᠰᠢᠲᠠᠢ ᠠᠮᠵᠢᠯᠲᠠ ᠤᠯᠪᠠ᠃

ᠣᠳᠣᠬᠠᠨ᠎ᠳᠤ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ ᠨᠢᠭᠡᠨᠲᠡ ᠪᠥᠬᠥ᠌ ᠤᠯᠤᠰ᠎ᠤᠨ ᠠᠷᠠᠳ᠎ᠤᠨ ᠶᠠᠪᠤᠳᠠᠯ᠎ᠤᠨ ᠪᠠᠷᠢᠮᠵᠢᠶᠠᠵᠢᠭᠤᠯᠤᠯᠲᠠ᠎ᠶ᠋ᠢᠨ ᠵᠢᠱ᠌ᠢᠶ᠎ᠡ ᠦᠵᠡᠭᠦᠯᠬᠦ᠌ ᠨᠢᠭᠡᠴᠢ᠂ ᠲᠦᠷᠦᠭᠦᠦ ᠪᠦᠯᠦᠭ ᠪᠥᠬᠥ᠌ ᠤᠯᠤᠰ᠎ᠤᠨ ᠨᠡᠢᠭᠡᠮ᠎ᠦᠨ ᠠᠵᠢᠯ᠎ᠤᠨ ᠦᠶ᠋ᠯᠡᠴᠢᠯᠡᠭᠡᠨ᠎ᠦ ᠪᠠᠷᠢᠮᠵᠢᠶᠠᠵᠢᠭᠤᠯᠤᠯᠲᠠ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠵᠢᠱ᠌ᠢᠶ᠎ᠡ ᠦᠵᠡᠭᠦᠯᠬᠦ᠌ ᠨᠢᠭᠡᠴᠢ ᠪᠣᠯᠵᠣ ᠬᠥᠭ᠌ᠵᠢᠭ᠌ᠰᠡᠨ ᠪᠠᠢᠨ᠎ᠠ᠃ 《ᠢᠷᠠᠬᠡᠲᠤᠢ᠎ᠶ᠋ᠢᠨ ᠲᠥᠯᠥᠪᠯᠡᠭᠡ》᠎ᠶ᠋ᠢᠨ ᠲᠠᠷᠢᠬᠢ ᠲᠠᠮᠪᠠᠷᠠᠭ᠍ᠰᠠᠨ ᠬᠡᠦᠬᠡᠳ᠎ᠦᠨ ᠮᠡᠰᠡ ᠵᠠᠰᠠᠯ᠎ᠤᠨ ᠳᠠᠷᠠᠭᠠᠬᠢ ᠡᠷᠡᠭᠦᠯᠵᠢᠭᠦᠯᠬᠦ᠌ ᠪᠣᠯᠪᠠᠰᠤᠷᠠᠯ᠎ᠤᠨ ᠵᠢᠱ᠌ᠢᠶ᠎ᠡ ᠦᠵᠡᠭᠦᠯᠬᠦ᠌ ᠰᠠᠭᠤᠷᠢᠨ ᠵᠡᠷᠭᠡ 8 ᠶᠡᠬᠡ ᠰᠠᠭᠤᠷᠢᠨ ᠪᠠᠢᠭᠤᠯᠵᠤ᠂ ᠪᠥᠬᠥ᠌ ᠤᠯᠤᠰ᠎ᠤᠨ ᠠᠷᠠᠳ᠎ᠤᠨ ᠶᠠᠪᠤᠳᠠᠯ᠎ᠤᠨ ᠱᠢᠰᠲ᠋ᠧᠮ᠎ᠦᠨ ᠠᠷᠠᠳ ᠲᠦᠮᠡᠨ᠎ᠳᠦ ᠦᠶ᠋ᠯᠡᠴᠢᠯᠡᠬᠦ᠌ ᠲᠡᠷᠢᠭᠦᠨ᠎ᠦ᠎ᠬᠢ᠎ᠶ᠋ᠢ ᠡᠭᠦᠳᠴᠦ᠍ ᠱᠢᠯᠢᠳᠡᠭ ᠪᠣᠯᠬᠤ᠎ᠪᠠᠷ ᠴᠢᠷᠮᠠᠢᠬᠤ 《ᠣᠯᠠᠨ ᠲᠦᠮᠡᠨ᠎ᠳᠦ ᠲᠠᠭᠠᠱᠢᠶᠠᠭ᠍ᠳᠠᠭ᠍ᠰᠠᠨ ᠴᠤᠩᠬᠤᠪᠴᠢ ᠨᠢᠭᠡᠴᠢ》᠂ ᠪᠥᠬᠥ᠌ ᠤᠯᠤᠰ᠎ᠤᠨ《ᠵᠡᠮᠳᠡᠭ ᠥᠨᠥᠴᠢᠨ ᠬᠡᠦᠬᠡᠳ᠎ᠦᠨ ᠮᠡᠰᠡ ᠵᠠᠰᠠᠯ᠎ᠤᠨ ᠡᠷᠡᠭᠦᠯᠵᠢᠯ᠎ᠦᠨ ᠢᠷᠡᠭᠡᠳᠦᠶ᠎ᠶ᠋ᠢᠨ ᠲᠥᠯᠥᠪᠯᠡᠭᠡ》 ᠎ᠶ᠋ᠢᠨ ᠲᠡᠷᠢᠭᠦᠨ᠎ᠦ ᠬᠠᠮᠲᠤ ᠵᠡᠷᠭᠡ ᠤᠯᠤᠰ᠂ ᠥᠪᠡᠷᠲᠡᠭᠡᠨ ᠵᠠᠰᠠᠬᠤ ᠣᠷᠣᠨ ᠪᠠ ᠬᠣᠲᠠ᠎ᠶ᠋ᠢᠨ ᠲᠠᠰ᠎ᠤᠨ 40 ᠭᠠᠷᠤᠶ ᠢᠷᠠᠭᠤ ᠠᠯᠳᠠᠷ᠎ᠢ ᠭᠥᠷᠳᠡᠪᠡ᠃ ᠡᠨᠳᠡᠬᠢ ᠬᠡᠦᠬᠡᠳ᠎ᠦᠳ ᠭᠡᠷ ᠪᠦᠯᠢ᠎ᠶ᠋ᠢᠨ ᠬᠠᠯᠠᠭᠤᠨ ᠳᠤᠯᠠᠭᠠᠨ ᠪᠠ ᠨᠡᠢᠭᠡᠮ᠎ᠦᠨ ᠡᠯ᠎ᠡ ᠡᠲᠡᠭᠡᠳ᠎ᠦᠨ ᠬᠠᠢᠷ᠎ᠠ ᠬᠠᠯᠠᠮᠵᠢ᠂ ᠡᠷᠡᠭᠦᠯ ᠴᠢᠭᠢᠷᠠᠭ ᠠᠮᠢᠳᠤᠷᠠᠯ᠂ ᠵᠣᠯ ᠵᠢᠷᠭᠠᠯ᠎ᠲᠠᠶ ᠦᠰᠦᠨ ᠪᠣᠢᠵᠢᠯᠲᠠ᠎ᠶ᠋ᠢ ᠮᠡᠳᠡᠷᠡᠨ᠎ᠠ᠃

ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠣᠨᠴᠠᠭᠠᠶ ᠴᠠᠭ ᠦᠶ᠎ᠡ᠎ᠳᠦ᠂ ᠬᠡᠦᠬᠡᠳ᠎ᠦᠳ᠎ᠦᠨ ᠡᠷᠡᠭᠦᠯ ᠮᠡᠨᠳᠦ ᠠᠮᠤᠷ ᠲᠦᠪᠱᠢᠨ ᠵᠢᠴᠢ ᠬᠡᠪ᠎ᠦᠨ ᠰᠤᠷᠤᠯᠴᠠᠯᠭ᠎ᠠ᠂ ᠠᠮᠢᠳᠤᠷᠠᠯ ᠪᠠ ᠡᠷᠡᠭᠦᠯᠵᠢᠯ᠎ᠦᠨ ᠪᠣᠯᠪᠠᠰᠤᠷᠠᠯ᠎ᠢ ᠦᠨᠡᠨ ᠬᠦ᠌ ᠪᠠᠲᠤᠯᠠᠬᠤ᠎ᠶ᠋ᠢᠨ ᠲᠥᠯᠥᠭᠡ᠂ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠦᠨ ᠪᠥᠬᠥ᠌ ᠠᠵᠢᠯᠲᠠᠨ ᠠᠵᠢᠯᠴᠢᠨ《ᠬᠡᠷ᠎ᠢᠶᠡᠨ ᠣᠷᠭᠢᠵᠤ ᠣᠯᠠᠨ᠎ᠤ ᠲᠥᠯᠥᠭᠡ ᠵᠢᠳᠬᠦᠵᠤ》᠂ ᠬᠦᠷᠢᠶᠠᠯᠠᠡᠭ ᠳ᠋ᠤ ᠵᠠᠯᠭᠠᠭ᠎ᠠ᠎ᠪᠠᠷ ᠰᠠᠭᠤᠵᠤ ᠠᠵᠢᠯᠯᠠᠨ᠂ ᠬᠡᠦᠬᠡᠳ᠎ᠦᠳ᠎ᠲᠦ ᠵᠢᠷᠤᠭ ᠵᠢᠷᠤᠬᠤ᠂ ᠳᠠᠭᠤᠤ ᠳᠠᠭᠤᠯᠠᠵᠤ ᠪᠥᠵᠢᠭ ᠪᠥᠵᠢᠭ᠌ᠯᠡᠬᠦ᠌᠂ ᠫᠢᠩᠫᠠᠩ ᠪᠥᠮᠪᠥᠭᠡ ᠨᠠᠭᠠᠳᠭᠤ᠎ᠶ᠋ᠢ ᠵᠢᠭᠠᠠ᠂ ᠬᠡᠦᠬᠡᠳ᠎ᠦᠳ᠎ᠲᠡᠶ ᠴᠠᠭ ᠲᠣᠭ᠍ᠲᠠᠭᠠᠨ ᠬᠠᠮᠲᠤ ᠲᠣᠭ᠍ᠯᠠᠭᠠᠮ ᠬᠢᠵᠦ᠂ ᠡᠷᠡᠭᠦᠯᠵᠢᠯ᠎ᠦᠨ ᠪᠣᠯᠪᠠᠰᠤᠷᠠᠯ ᠬᠢᠯᠬᠡᠵᠤ ᠡᠨᠳᠡᠬᠢ ᠬᠡᠦᠬᠡᠳ᠎ᠦᠳ ᠥᠪᠡᠷ᠎ᠦᠨ ᠬᠡᠦᠬᠡᠳ ᠰᠢᠭ ᠎ᠢᠶᠡᠷ ᠨᠠᠷᠢᠯᠢᠭ ᠠᠰᠠᠷᠠᠨ ᠨᠢᠮᠪᠠᠢ ᠬᠠᠷᠠᠭᠠᠯᠵᠠᠨ᠎ᠠ᠃

ᠲᠠᠮᠢᠷ᠎ᠤᠨ ᠣᠷᠳᠣᠨ᠎ᠳᠤ᠂ ᠯᠢᠶᠠᠩ ᠯᠢᠶᠠᠩ ᠪᠣᠯᠤᠨ ᠴᠢᠶᠠᠨ ᠴᠢᠶᠠᠨ ᠫᠢᠩᠫᠠᠩ ᠪᠥᠮᠪᠥᠭᠡ᠎ᠶᠢ ᠫᠠᠢᠰᠠ ᠬᠤᠷᠤᠢᠯᠠᠨ ᠨᠠᠭᠠᠳᠴᠤ᠌᠂ ᠲᠤᠰᠭᠠᠶ ᠮᠡᠷᠭᠡᠵᠢᠯ᠎ᠦᠨ ᠬᠡᠪ ᠨᠠᠮᠪᠠ ᠭᠦᠢᠴᠡᠳ ᠪᠠᠢᠬᠤ ᠨᠢ ᠢᠯᠡᠷᠬᠡᠢ᠃ ᠲᠤᠬᠠᠢ᠎ᠶ᠋ᠢᠨ ᠵᠢᠯ᠎ᠳᠦ ᠰᠢ ᠡᠪᠦᠭᠡ᠎ᠲᠡᠶ ᠬᠠᠮᠲᠤ ᠬᠡᠷᠡᠯ ᠵᠢᠷᠤᠭ ᠲᠠᠲᠠᠭᠤᠯᠤᠭ᠍ᠰᠠᠨ ᠯᠢᠶᠠᠩ ᠯᠢᠶᠠᠩ ᠤᠳᠤ ᠨᠢᠭᠡᠨᠲᠡ 18 ᠨᠠᠰᠤᠲᠠᠢ ᠲᠤᠮᠤᠬᠠᠨ ᠬᠦᠤ ᠪᠤᠯᠵᠤ᠂ ᠰᠢ ᠡᠪᠦᠭᠡ᠎ᠶ᠋ᠢᠨ ᠲᠡᠭᠦᠨ᠎ᠢ ᠡᠷᠬᠢᠨ ᠦᠵᠡᠭ᠌ᠰᠡᠨ ᠥᠩᠭᠡᠷᠡᠯᠲᠡ᠎ᠶ᠋ᠢ ᠲᠣᠪ ᠲᠣᠳᠣᠷᠬᠠᠢ ᠴᠡᠭᠡᠵᠢᠯᠡᠭ᠌ᠰᠡᠭᠡᠷ ᠪᠠᠢᠯ᠎ᠠ᠃ ᠬᠡᠷᠡᠮ ᠳᠡᠭᠡᠷ᠎ᠡ ᠡᠯᠭᠦᠵᠦ᠍ ᠪᠠᠢᠭ᠎ᠠ ᠰᠢ ᠡᠪᠦᠭᠡ᠎ᠲᠡᠶ ᠲᠠᠲᠠᠭᠤᠯᠤᠭᠰᠠᠨ ᠬᠠᠮᠲᠤ᠎ᠶ᠋ᠢᠨ ᠰᠡᠭᠦᠳᠡᠷ᠎ᠢᠶᠡᠨ ᠬᠠᠷᠠᠭᠠᠳ᠄《ᠰᠢ ᠡᠪᠦᠭᠡ ᠡ᠂ ᠪᠢ ᠤᠳᠤ ᠲᠤᠮᠤ ᠪᠣᠯᠵᠠᠢ᠂ ᠫᠢᠩᠫᠠᠩ ᠪᠥᠮᠪᠥᠭᠡ ᠨᠠᠭᠠᠳᠭᠤ᠎ᠶ᠋ᠢ ᠴᠸ᠋ ᠰᠤᠷᠴᠠᠢ᠂ ᠮᠢᠨᠦ᠍ ᠬᠠᠮᠤᠭ᠎ᠤᠨ ᠶᠡᠬᠡ ᠬᠦᠰᠡᠯ ᠪᠣᠯ ᠳᠠᠷᠤᠢ ᠵᠡᠮᠳᠡᠭ᠌ᠴᠦᠳ᠎ᠦᠨ ᠫᠢᠩᠫᠠᠩ ᠪᠥᠮᠪᠥᠭᠡ᠎ᠶ᠋ᠢᠨ ᠤᠷᠤᠯᠳᠤᠭᠠᠨ᠎ᠳᠤ ᠣᠷᠣᠯᠴᠠᠬᠤ ᠶᠠᠪᠤᠳᠠᠯ ᠪᠣᠯᠤᠨ᠎ᠠ》 ᠬᠡᠵᠤ ᠪᠠᠶᠠᠷᠲᠠᠢᠬᠠᠨ ᠶᠠᠷᠢᠨ᠎ᠠ᠃

ᠡᠷᠡᠭᠦᠯᠵᠢᠯ᠎ᠦᠨ ᠲᠣᠭᠣᠷᠢᠭ᠎ᠲᠤ᠂ ᠲᠤᠬᠠᠢ᠎ᠶ᠋ᠢᠨ ᠵᠢᠯ᠎ᠳᠦ ᠶᠠᠪᠤᠵᠤ ᠰᠠᠭᠤᠬᠤ᠎ᠳᠤ ᠬᠦᠴᠢᠷ ᠪᠠᠢᠭ᠍ᠰᠠᠨ ᠲᠠᠷᠢᠬᠢᠨ᠎ᠤ ᠰᠠ ᠡᠪᠡᠳᠴᠢᠨ᠎ᠲᠡᠶ ᠬᠡᠦᠬᠡᠳ ᠯᠢᠶᠠᠨ ᠯᠢᠶᠠᠨ᠂ ᠯᠦᠩ ᠴᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠳᠦ ᠲᠡᠳᠡᠨ᠎ᠳᠦ ᠱᠢᠨ᠎ᠡ᠎ᠪᠡᠷ ᠲᠤᠬᠢᠷᠠᠭᠤᠯᠵᠤ ᠥᠭ᠌ᠭᠦᠭ᠌ᠰᠡᠨ ᠪᠠᠩ ᠪᠠᠩ ᠤᠶᠤᠨᠲᠤ ᠮᠠᠱᠢᠨ ᠲᠡᠷᠭᠡᠨ ᠳ᠋ᠤ ᠰᠠᠭᠤᠵᠤ ᠮᠠᠰᠢ ᠴᠢᠯᠥᠭᠡᠲᠡᠢ ᠬᠦᠲᠠᠯᠵᠤ ᠪᠠᠷᠢᠨ᠎ᠠ᠂ ᠯᠢᠶᠠᠨ ᠯᠢᠶᠠᠨ᠄ 《ᠥᠩᠭᠡᠷᠡᠭ᠌ᠰᠡᠨ᠎ᠳᠦ ᠪᠤᠰᠤᠳ ᠬᠥᠮᠦᠨ ᠲᠠᠮᠢᠷ᠎ᠤᠨ ᠲᠠᠯᠠᠪᠠᠢ ᠳᠡᠭᠡᠷ᠎ᠡ ᠭᠦᠶᠦᠵᠦ᠍ ᠪᠠᠢᠬᠤ᠎ᠶᠢ ᠲᠤᠩ ᠪᠠᠬᠠᠷᠬᠠᠵᠤ ᠪᠠᠢᠵᠠᠢ᠂ ᠤᠳᠤ ᠪᠢ ᠪᠠᠰᠡ〈ᠭᠦᠶᠦᠵᠦ᠍〉 ᠳᠡᠢᠯᠬᠦ᠌ ᠪᠣᠯᠵᠠᠢ!》 ᠬᠡᠵᠤ ᠪᠠᠶᠠᠷᠲᠠᠢ ᠶᠠᠷᠢᠨ᠎ᠠ᠂ ᠯᠢᠶᠠᠨ ᠯᠢᠶᠠᠨ ᠰᠡᠳᠭᠢᠯ ᠳ᠋ᠤ ᠲᠠᠭᠠᠱᠢᠶᠠᠭ᠍ᠳᠠᠭ᠍ᠰᠠᠨ ᠪᠠᠩ ᠪᠠᠩ ᠲᠡᠷᠭᠡᠨ᠎ᠳᠦ ᠰᠠᠭᠤᠵᠤ᠂ ᠰᠢ ᠡᠪᠦᠭᠡ᠎ᠶ᠋ᠢᠨ ᠲᠤᠬᠠᠢ᠎ᠶ᠋ᠢᠨ ᠵᠢᠯ᠎ᠳᠦ ᠲᠡᠭᠦᠨ᠎ᠳᠦ ᠬᠦᠷᠭᠡᠭ᠌ᠰᠡᠨ ᠲᠤᠮᠤ ᠱᠢᠷ᠎ᠠ ᠨᠤᠭᠤᠰᠤ᠎ᠶ᠋ᠢ ᠳᠤᠷᠠᠰᠤᠨ ᠰᠠᠨᠠᠭᠠᠯᠵᠠᠡ᠂ ᠠᠨᠢᠶ᠎ᠠ ᠵᠢᠴᠢ ᠪᠢᠴᠢᠬᠠᠨ ᠨᠠᠢᠵᠠ᠎ᠨᠠᠷ ᠲᠠᠢ ᠪᠠᠨ ᠪᠠᠢᠨ ᠪᠠᠢᠨ ᠪᠠᠶᠠᠷ ᠪᠠᠶᠠᠰᠤᠯ᠎ᠢᠶᠠᠨ ᠬᠤᠪᠢᠶᠠᠯᠴᠠᠨ᠎ᠠ᠃ ᠯᠢᠶᠠᠨ ᠯᠢᠶᠠᠨ᠎ᠤ ᠰᠡᠳᠭᠢᠯ᠎ᠳᠦ᠂ ᠲᠣᠮᠣ ᠱᠢᠷ᠎ᠠ ᠨᠤᠭᠤᠰᠤ ᠬᠡᠵᠢᠶᠡᠳᠡ ᠲᠡᠭᠦᠨ ᠤ᠋ ᠰᠡᠳᠬᠢᠯ᠎ᠢ ᠳᠤᠯᠠᠭᠠᠯᠠᠵᠤ᠂ ᠲᠡᠭᠦᠨ᠎ᠳᠦ ᠥᠯᠵᠡᠶ ᠪᠡᠯᠭᠡ ᠪᠠ ᠪᠠᠶᠠᠷ ᠪᠠᠶᠠᠰᠤᠯ ᠠᠪᠴᠢᠷᠠᠨ ᠦᠭᠬᠦᠨ᠎ᠠ᠃

ᠬᠦᠲᠠᠯᠬᠡᠬᠡᠨ᠎ᠤ ᠲᠠᠰᠤᠭ ᠲᠸ᠋᠂ ᠬᠦᠬᠡᠷᠤᠬᠦᠨ ᠬᠡᠤᠬᠡᠳ ᠤ᠋ᠤᠨ ᠤᠶᠤᠨᠲᠤ ᠮᠠᠰᠢᠨ ᠬᠦᠮᠤᠨ ᠲᠠᠢ ᠨᠠᠭᠠᠳᠴᠤ᠂ ᠲᠠᠷᠠ ᠪᠢᠴᠢᠬᠠᠨ ᠮᠠᠰᠢᠨ ᠬᠦᠮᠤᠨ ᠨᠢ ᠦᠬᠡ ᠬᠡᠯᠡᠵᠤ᠂ ᠪᠦᠵᠢᠭ ᠪᠦᠵᠢᠭᠯᠡᠨ᠂ ᠲᠠᠭᠤᠤ ᠲᠠᠭᠤᠯᠠᠵᠤ᠂ ᠦᠯᠢᠬᠡᠷ ᠶᠠᠷᠢᠨ᠎ᠠ᠃ ᠡᠨᠡ ᠬᠥ᠌ ᠰᠤᠨᠢᠨ ᠰᠡᠪᠠᠬᠦᠨ ᠬᠠᠨᠢᠲᠠᠨ ᠪᠤᠯ ᠬᠡᠤᠬᠡᠳ᠎ᠤᠨ ᠠᠰᠠᠷᠠᠮᠵᠢ ᠵᠢᠨ ᠬᠦᠷᠢᠶᠠᠯᠠᠡᠭ ᠡᠴᠠ ᠬᠡᠤᠬᠡᠳ ᠲᠸ᠋ ᠰᠢᠨ᠎ᠠ ᠨᠡᠮᠡᠭᠰᠡᠨ ᠤᠶᠤᠨᠲᠤ ᠵᠢᠭᠠᠨ ᠰᠤᠷᠭᠠᠯᠲᠠ ᠵᠢᠨ ᠪᠠᠭᠠᠵᠢ ᠶᠤᠮ᠂ ᠲᠠᠬᠦᠨ᠎ᠤ ᠬᠦᠷᠴᠤ ᠢᠷᠡᠭᠰᠠᠡ ᠨᠢ ᠬᠡᠤᠬᠡᠳ ᠤ᠋ᠤᠨ ᠲᠸ᠋ ᠪᠠᠭ᠎ᠠ ᠪᠤᠰᠤ ᠪᠠᠶᠠᠷ ᠪᠠᠬᠠᠲᠤᠯ᠎ᠢ ᠠᠪᠴᠢᠷᠠᠵᠤ ᠦᠭᠴᠠᠢ᠃

ᠡᠷᠡᠭᠦᠯᠵᠢᠯ᠎ᠦᠨ ᠪᠠᠭ᠍ᠰᠢ ᠰᠤᠷᠪᠤᠯᠵᠢᠯᠠᠭ᠍ᠴᠢ᠎ᠳᠤ᠂ ᠡᠨᠡ ᠵᠢᠯ᠎ᠦᠨ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠬᠤᠭᠤᠴᠠᠭᠠᠨ᠎ᠳᠤ᠂ ᠳᠤᠮᠳᠠᠳᠤ ᠤᠯᠤᠰ᠎ᠤᠨ ᠬᠡᠦᠬᠡᠳ᠎ᠦᠨ ᠠᠰᠠᠷᠠᠮᠵᠢ ᠪᠠ ᠡᠷᠭᠦᠨ ᠲᠡᠵᠢᠭᠡᠬᠦ᠌ ᠲᠥᠪ᠎ᠦᠨ ᠬᠡᠦᠬᠡᠳ᠎ᠦᠳ᠎ᠲᠦ ᠪᠠᠯᠬᠡᠯᠡᠭᠰᠠᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠥᠯᠵᠡᠢᠲᠦ ᠠᠮᠢᠲᠠᠨ《ᠪᠢᠡᠭ ᠳ᠋ᠦᠨ ᠳ᠋ᠦᠨ》 ᠂ 《 ᠰᠢᠤᠸᠠᠢ ᠷᠦᠡᠭ ᠷᠦᠡᠭ》 ᠎ᠢ᠋ ᠲᠤᠰᠤᠨ ᠠᠪᠤᠪᠠ ᠂ ᠬᠡᠤᠬᠡᠳ ᠤ᠋ᠤᠨ ᠬᠦᠬᠡᠷᠤᠬᠦᠨ ᠦᠯᠵᠡᠢᠲᠤ ᠠᠮᠢᠲᠠᠨ᠎ᠢ ᠬᠠᠷᠠᠬᠤ ᠪᠦᠷᠢ ᠨᠡᠢᠭᠡᠮ᠎ᠦᠨ ᠬᠠᠢᠷ᠎ᠠ ᠬᠠᠯᠠᠮᠵᠢ ᠪᠠ ᠬᠠᠯᠠᠭᠤᠨ ᠳᠤᠯᠠᠭᠠᠨ᠎ᠢ ᠰᠡᠳᠬᠢᠯ ᠳ᠋ᠡᠬᠡᠨ ᠮᠡᠳᠡᠷᠡᠵᠦ᠍᠂ ᠨᠢᠭᠤᠷ ᠳᠡᠭᠡᠷ᠎ᠡ ᠨᠢ ᠴᠠᠭ ᠢᠮᠠᠭ᠍ᠲᠠ ᠵᠣᠯ ᠵᠢᠷᠭᠠᠯᠲᠤ ᠢᠨᠢᠶᠡᠮᠰᠦᠭ᠌ᠯᠡᠯ ᠲᠣᠳᠣᠷᠠᠨ᠎ᠠ ᠬᠡᠵᠤ ᠪᠠᠢᠪᠠ᠃

ᠰᠤᠷᠪᠤᠯᠵᠢᠯᠠᠭ᠍ᠴᠢ ᠰᠤᠷᠪᠤᠯᠵᠢᠯᠠᠬᠤ᠎ᠪᠠᠷ ᠢᠷᠡᠭ᠌ᠰᠡᠨ᠎ᠢ ᠰᠣᠨᠣᠰᠤᠭᠠᠳ᠂ ᠲᠤᠬᠠᠶ᠎ᠶ᠋ᠢᠨ ᠵᠢᠯ᠎ᠳᠦ᠂ ᠶᠡᠷᠦᠩᠬᠡᠶ ᠱᠦᠵᠢ ᠰᠢ ᠵᠢᠨ ᠫᠢᠩ᠎ᠳᠦ 《ᠪᠠᠶᠠᠷᠯᠠᠯ᠎ᠠ》 ᠭᠡᠰᠡᠨ ᠳᠣᠬᠢᠶᠠᠨ᠎ᠤ ᠬᠡᠯᠡ ᠵᠢᠭᠠᠵᠤ ᠦᠭᠬᠦᠭᠰᠠᠨ ᠳᠦᠯᠡᠶ ᠶᠠᠪᠠ ᠥᠬᠢᠨ ᠸᠠᠩ ᠶᠠ ᠨᠢᠢ ᠸᠢᠳᠢᠣ᠋᠎ᠪᠠᠷ ᠠᠭᠤᠯᠵᠠᠵᠤ᠂ ᠪᠢ ᠨᠢᠭᠡᠨᠲᠡ ᠪᠠᠭ᠍ᠰᠢ ᠪᠣᠯᠬᠤ ᠬᠦᠰᠡᠯ ᠵᠢᠨᠨ ᠪᠠᠶᠠᠯᠡᠬᠦᠯᠵᠤ᠂ ᠬᠥᠬᠡᠬᠣᠲᠠ᠎ᠶ᠋ᠢᠨ ᠣᠨᠴᠠᠭᠠᠶ ᠰᠤᠷᠭᠠᠨ ᠬᠥᠮᠦᠵᠢᠯ᠎ᠦᠨ ᠰᠤᠷᠭᠠᠭᠤᠯᠢ᠎ᠶ᠋ᠢᠨ ᠨᠢᠭᠡᠨ ᠪᠠᠭ᠍ᠰᠢ ᠪᠣᠯᠤᠭ᠍ᠰᠠᠨ ᠭᠡᠵᠦ᠍ ᠮᠡᠳᠡᠭ᠌ᠳᠡᠪᠡ᠃ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠡᠴᠡ ᠭᠠᠷᠤᠭ᠍ᠰᠠᠨ ᠶᠠᠨ ᡁᠢ ᠵᠢᠩ᠄ 《ᠪᠢ ᠰᠤᠳᠤᠯᠬᠤ ᠰᠤᠷᠤᠭ᠍ᠴᠢ ᠱᠢᠯᠭᠠᠭᠤᠯᠤᠨ ᠣᠷᠣᠵᠤ᠂ ᠳᠤᠮᠳᠠᠳᠤ ᠰᠤᠷᠭᠠᠭᠤᠯᠢ᠎ᠶ᠋ᠢᠨ ᠪᠠᠭ᠍ᠰᠢ ᠪᠣᠯᠤᠭ᠍ᠰᠠᠨ᠎ᠢᠶᠠᠨ ᠰᠢ ᠡᠪᠦᠭᠡ᠎ᠳᠡᠭᠡᠨ ᠬᠡᠯᠡᠶ᠎ᠡ᠃ ᠥᠨᠥᠳᠦᠷ ᠪᠣᠯᠬᠤ᠎ᠳᠤ᠂ ᠨᠠᠮ ᠪᠣᠯᠤᠨ ᠨᠡᠢᠭᠡᠮ᠎ᠦᠨ ᠡᠯ᠎ᠡ ᠡᠲᠡᠭᠡᠳ᠎ᠦᠨ᠎ᠬᠢᠨ᠎ᠦ ᠬᠠᠢᠷ᠎ᠠ ᠬᠠᠯᠠᠮᠵᠢ᠎ᠳᠤ ᠲᠠᠯᠠᠷᠬᠠᠵᠤ᠂ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠦᠨ᠎ᠬᠢᠨ᠎ᠦ ᠨᠠᠷᠢᠨ ᠨᠢᠮᠪᠠᠢ ᠠᠰᠠᠷᠠᠨ ᠬᠥᠮᠦᠵᠢᠭᠦᠯᠦᠭ᠌ᠰᠡᠨ᠎ᠳᠦ ᠲᠠᠯᠠᠷᠬᠠᠵᠤ ᠪᠠᠢᠨ᠎ᠠ᠂ ᠪᠢ ᠠᠴᠢ ᠡᠯᠪᠠᠷᠢᠯ᠎ᠤᠨ ᠰᠡᠳᠬᠢᠯ᠎ᠢᠶᠡᠨ ᠨᠠᠩ ᠣᠯᠠᠨ ᠬᠡᠦᠬᠡᠳ᠎ᠲᠦ ᠳᠠᠮᠵᠢᠭᠤᠯᠤᠨ᠎ᠠ》 ᠬᠡᠵᠠᠢ᠃


QQ截图20220418095340.png


ᠰᠢᠷ᠎ᠠ ᠨᠤᠭᠤᠰᠤ ᠶᠡᠷᠦ᠍ ᠨᠢ ᠬᠠᠯᠠᠭᠤᠨ ᠳᠤᠯᠠᠭᠠᠬᠠᠨ᠂ ᠯᠢᠶᠠᠨ ᠯᠢᠶᠠᠨ ᠤ᠋ ᠪᠠᠶᠠᠷ ᠬᠥᠷ᠎ᠲᠡᠶ ᠦᠰᠦᠨ ᠪᠣᠢᠵᠢᠬᠤ᠎ᠶ᠋ᠢ ᠵᠣᠷᠢᠭ᠍ᠵᠢᠭᠤᠯᠤᠨ᠎ᠠ


QQ截图20220418095804.png


ᠬᠡᠦᠬᠡᠳ᠎ᠦᠳ ᠬᠢᠵᠢᠭ ᠲᠡᠶ ᠲᠡᠮᠡᠴᠡᠬᠦ᠌ ᠤᠬᠠᠭᠤᠯᠭ᠎ᠠ᠎ᠶ᠋ᠢᠨ ᠵᠢᠷᠤᠭ᠎ᠢ ᠨᠠᠷᠢᠨ ᠬᠢᠨᠠᠮᠠᠭᠠᠶ ᠵᠢᠷᠤᠨ᠎ᠠ


QQ截图20220418095844.png


ᠬᠡᠦᠬᠡᠳ ᠤ᠋ᠤᠨ ᠲᠸ᠋ ᠭᠠᠷ ᠤᠷᠠᠯᠠᠯ ᠬᠢᠬᠦ᠌᠎ᠶ᠋ᠢ ᠵᠢᠭᠠᠨ᠎ᠠ


QQ截图20220418095915.png


ᠲᠡᠭᠦᠯᠳᠡᠷ ᠬᠤᠭᠤᠷ᠎ᠤᠨ ᠬᠢᠴᠢᠶᠡᠯ ᠣᠷᠣᠨ᠎ᠠ


QQ截图20220418100009.png


ᠲᠣᠭ᠍ᠯᠠᠭᠠᠮ ᠬᠢᠨ᠎ᠠ


QQ截图20220418100111.png


ᠰᠣᠨᠢᠷᠬᠠᠯᠲᠤ ᠲᠣᠭᠠᠨ᠎ᠤ ᠤᠬᠠᠭᠠᠨ᠎ᠤ ᠬᠢᠴᠢᠶᠡᠯ᠎ᠦᠨ ᠲᠠᠩᠬᠢᠮ


QQ截图20220418100151.png


《 ᠪᠢᠡᠭ ᠳ᠋ᠦᠨ ᠳ᠋ᠦᠨ》 ᠂ 《ᠰᠢᠤᠸᠡᠢ ᠷᠦᠡᠭ ᠷᠦᠡᠭ 》 ᠨᠢ ᠬᠡᠦᠬᠡᠳ᠎ᠦᠳ ᠤ᠋ᠨ ᠪᠠᠬᠠᠷᠤᠯ᠎ᠢ ᠲᠠᠲᠠᠨ᠎ᠠ


QQ截图20220418100220.png


ᠬᠡᠦᠬᠡᠳ᠎ᠦᠳ ᠤᠶᠤᠨᠲᠤ ᠪᠠᠩ ᠪᠠᠡᠭ ᠲᠡᠷᠭᠡᠨ᠎ᠳᠦ ᠰᠠᠭᠤᠵᠤ ᠴᠢᠯᠥᠭᠡᠲᠡᠶ ᠶᠠᠪᠤᠨ᠎ᠠ


QQ截图20220418100249.png


ᠲᠠᠷᠢᠬᠢᠨ᠎ᠤ ᠰᠠ ᠡᠪᠡᠳᠴᠢᠨ᠎ᠲᠡᠶ ᠬᠡᠦᠬᠡᠳ᠎ᠲᠦ ᠬᠠᠪᠰᠤᠷᠴᠤ᠌ ᠡᠷᠠᠬᠦᠯᠵᠢᠯ ᠤ᠋ᠨ ᠪᠣᠯᠪᠠᠰᠤᠷᠠᠯ ᠬᠢᠯᠬᠡᠨ᠎ᠠ


QQ截图20220418100300.png


ᠯᠢᠶᠠᠡᠭ ᠯᠢᠶᠠᠡᠭ ᠫᠢᠩᠫᠠᠩ ᠪᠥᠮᠪᠥᠭᠡ᠎ᠶ᠋ᠢᠨ ᠫᠠᠢᠰᠠ ᠬᠤᠷᠤᠢᠯᠠᠨ᠂ ᠲᠤᠰᠭᠠᠶ ᠮᠡᠷᠭᠡᠵᠢᠯ᠎ᠦᠨ ᠬᠡᠪ ᠨᠠᠮᠪᠠ ᠮᠠᠰᠢ ᠢᠯᠠᠷᠬᠡᠢ ᠪᠠᠢᠯ᠎ᠠ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面