2022-06-16 10:45:20
ᠠᠵᠢᠯ ᠤᠯᠭᠤᠯᠳᠠ ᠲᠠᠢ᠂ ᠨᠠᠰᠤᠵᠢᠯ ᠤ᠋ᠨ ᠠᠰᠠᠷᠠᠮᠵᠢ ᠲᠠᠢ᠂ ᠡᠮᠴᠢᠯᠡᠭᠡᠨᠤ ᠪᠠᠲᠤᠯᠠᠭᠠ ᠲᠠᠢ ᠁ ᠰᠡᠳᠬᠢᠯᠳᠤ ᠲᠤᠯᠠᠭᠠᠬᠠᠨ ᠪᠠᠶᠠᠷᠳᠤ ᠶᠠᠪᠤᠳᠠᠯᠤᠳ ᠥᠪᠥᠷ ᠮᠣᠩᠭᠣᠯᠤᠨ ᠲᠠᠯᠠ ᠨᠤᠳᠤᠭᠵᠢᠡᠷ ᠪᠤᠢ ᠪᠤᠯᠵᠤ ᠲᠠᠮᠵᠢᠭᠳᠠᠨᠠ ᠃
ᠨᠠᠮ ᠤ᠋ᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠭᠠᠰᠢ᠂ ᠮᠠᠨ ᠤ᠋ ᠤᠷᠤᠨ ᠤ᠋ ᠡᠳ᠋ᠦᠨ ᠬᠦᠴᠦᠨ ᠪᠠᠴᠢᠮ ᠪᠠᠢᠳᠠᠯ ᠳᠤᠤᠷᠠ᠂ ᠡᠳ᠋ᠦᠨ ᠵᠠᠰᠠᠭ ᠤ᠋ᠨ ᠪᠠᠯᠠ ᠮᠥᠩᠭᠥ ᠵᠢᠨ ᠲᠣᠬᠢᠷᠠᠭᠤᠯᠤᠯᠲᠠ ᠵᠢ ᠠᠷᠠᠳ ᠤ᠋ᠨ ᠠᠮᠢᠳᠤᠷᠠᠯ ᠤ᠋ᠨ ᠬᠦᠷᠢᠶᠡ ᠲᠡᠢᠰᠢ ᠬᠡᠯᠪᠡᠢᠯᠭᠡᠬᠦ᠌ ᠵᠢ ᠪᠠᠷᠢᠮᠲᠠᠯᠠᠵᠤ᠂ ᠠᠷᠠᠳᠲᠤ ᠠᠱᠢᠭ ᠬᠦᠷᠲᠡᠭᠡᠬᠦ᠌ ᠲᠥᠷᠥ ᠵᠢᠨ ᠪᠣᠳᠣᠯᠭᠠᠨᠤᠭᠤᠳ ᠢ᠋ ᠵᠠᠯᠭᠠᠭᠠ ᠪᠡᠷ ᠨᠡᠢᠲᠡᠯᠡᠵᠦ᠍᠂ ᠠᠷᠠᠳ ᠣᠯᠠᠨ ᠤ᠋ ᠬᠦᠷᠲᠡᠮᠵᠢ ᠶ᠋ᠢᠨ ᠲᠥᠷᠥᠭ᠌ᠳᠡᠯ᠂ ᠵᠢᠷᠭᠠᠯᠲᠤ ᠲᠥᠷᠥᠭ᠌ᠳᠡᠯ ᠪᠠ ᠠᠮᠤᠷ ᠲᠦᠪᠱᠢᠨᠦ ᠲᠥᠷᠥᠭ᠌ᠳᠡᠯ ᠢ᠋ ᠲᠠᠰᠤᠷᠠᠯᠲᠠ ᠥᠬᠡᠶ ᠨᠡᠮᠡᠭ᠌ᠳᠡᠭᠦᠯᠪᠡ ᠃
《ᠰᠡᠳᠬᠢᠯᠳᠤ ᠨᠡᠢᠴᠡᠭᠰᠡᠨ ᠠᠵᠢᠯ ᠪᠢᠳᠠᠨᠢ ᠨᠢᠷᠤᠭᠤ ᠭᠡᠳᠡᠭᠡᠷ ᠠᠮᠢᠳᠤᠷᠠᠬᠤ ᠪᠤᠯᠭᠠᠯᠠ》
ᠤᠯᠠᠭᠠᠨᠴᠠᠪ ᠬᠣᠲᠠ ᠵᠢᠨ ᠵᠢᠨᠢᠩ ᠲᠣᠭᠣᠷᠢᠭ ᠤ᠋ᠨ ᠸᠧᠶ ᠨᠠᠨ ᠣᠲᠣ ᠵᠢᠨ ᠠᠵᠢᠯ ᠤᠨ ᠢ᠋ᠶ᠋ᠡᠨ ᠲᠤᠬᠠᠢ ᠦᠭᠡᠵᠢᠨ ᠰᠡᠵᠢᠬᠦᠷ ᠡᠬᠦᠰᠭᠡᠬᠦ ᠲᠠᠢ ᠵᠡᠷᠭᠡ ᠴᠢᠷᠠᠢ ᠳ᠋ᠤᠨᠢ ᠢᠨᠢᠶᠡᠮᠰᠦᠭᠯᠡᠯ ᠲᠤᠳᠤᠷᠠᠨᠠ᠃ ᠬᠠᠪᠰᠤᠷᠤᠨ ᠲᠡᠳᠬᠦᠬᠦ᠌ ᠡᠲᠡᠭᠡᠳ ᠪᠣᠯᠤᠭ᠍ᠰᠠᠨ ᠤ᠋ ᠬᠤᠪᠢᠳᠤ ᠂ ᠲᠠᠷᠠ ᠤᠯᠠᠭᠠᠨᠴᠠᠪ ᠬᠣᠲᠠ ᠵᠢᠨ ᠬᠥᠮᠦᠨᠦ ᠬᠦᠴᠦᠨᠦ ᠡᠬᠢ ᠪᠠᠶᠠᠯᠢᠭ ᠪᠠ ᠨᠡᠢᠭᠡᠮᠦᠨ ᠪᠠᠲᠤᠯᠠᠭᠠ ᠶ᠋ᠢᠨ ᠲᠣᠪᠴᠢᠶᠠ ᠵᠢᠨ ᠡᠷᠭᠢᠯᠡᠭ᠌ᠰᠡᠨ ᠠᠵᠢᠯ ᠮᠡᠷᠭᠡᠵᠢᠯᠦᠨ ᠤᠷᠠ ᠴᠢᠳᠠᠪᠤᠷᠢ ᠶ᠋ᠢᠨ ᠪᠣᠯᠪᠠᠰᠤᠷᠠᠯ ᠤ᠋ᠨ ᠠᠩᠭᠢᠳᠤ ᠰᠤᠷᠤᠯᠴᠠᠪᠠ᠃ ᠲᠡᠭᠦᠰᠦᠭ᠌ᠰᠡᠨᠦ ᠳᠠᠷᠠᠭᠠ ᠂ ᠲᠡᠷᠡ ᠲᠤᠬᠠᠢ ᠵᠢᠨ ᠭᠠᠵᠠᠷ ᠤ᠋ᠨ ᠨᠢᠭᠡᠨ ᠠᠷᠠᠰᠤᠨ ᠡᠳ᠋ᠯᠡᠯᠦᠨ ᠦᠢᠯᠡᠳᠪᠦᠷᠢ ᠳ᠋ᠤ ᠠᠵᠢᠯᠯᠠᠵᠤ᠂ ᠠᠷᠠᠰᠤᠨ ᠡᠳ᠋ᠯᠡᠯ ᠬᠢᠬᠦ᠌ ᠠᠵᠢᠯᠴᠢᠨ ᠪᠣᠯᠵᠤ᠂ ᠰᠠᠷᠠᠳᠠᠭᠠᠨ ᠴᠠᠯᠢᠡᠭ ᠲᠠᠢ ᠪᠤᠯᠵᠤ᠂ ᠰᠠᠨᠠᠵᠤ ᠬᠦᠰᠡᠭᠰᠡᠨ ᠠᠮᠢᠳᠤᠷᠠᠯᠵᠢᠡᠨ ᠲᠤᠳᠤᠮᠳᠠᠨᠠ ᠃
ᠠᠵᠢᠯ ᠣᠯᠭᠣᠯᠲᠠ ᠪᠣᠯ ᠠᠷᠠᠳ ᠤ᠋ᠨ ᠠᠮᠢᠳᠤᠷᠠᠯ ᠤ᠋ᠨ ᠦᠨᠳᠦᠰᠦ ᠪᠤᠯᠬᠤ ᠪᠦᠭᠡᠳ ᠬᠥᠮᠦᠨᠦ ᠣᠷᠣᠱᠢᠨ ᠲᠣᠭ᠍ᠲᠠᠨᠢᠬᠤ᠂ ᠬᠥᠭ᠌ᠵᠢᠬᠦ ᠶ᠋ᠢᠨ ᠦᠨᠳᠦᠰᠦᠨ ᠪᠠᠲᠤᠯᠠᠭᠠ ᠮᠥᠨ᠃ ᠨᠠᠮ ᠤ᠋ᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠭᠠᠰᠢ᠂ ᠮᠠᠨ ᠤ᠋ ᠤᠷᠤᠨ ᠠᠵᠢᠯ ᠣᠯᠭᠣᠯᠲᠠ ᠵᠢ ᠲᠡᠷᠢᠭᠦᠨ ᠳ᠋ᠤ ᠲᠠᠯᠪᠢᠬᠤ ᠪᠠᠢᠯᠳᠤᠬᠤ ᠪᠣᠳᠣᠯᠭᠠ ᠵᠢ ᠬᠡᠷᠡᠭ᠌ᠵᠢᠭᠦᠯᠬᠦ᠌ ᠵᠢ ᠪᠠᠷᠢᠮᠲᠠᠯᠠᠵᠤ᠂ ᠠᠷᠭᠠ ᠪᠦᠬᠦᠨ ᠢ᠋ ᠰᠦᠪᠡᠭ᠌ᠴᠢᠯᠡᠨ ᠠᠵᠢᠯ ᠣᠯᠭᠣᠯᠲᠠ ᠵᠢ ᠠᠬᠢᠭᠤᠯᠪᠠ ᠃
2012 ᠣᠨ ᠡᠴᠡ ᠨᠠᠭᠠᠰᠢ᠂ ᠮᠠᠨ ᠤ᠋ ᠤᠷᠤᠨ ᠬᠣᠲᠠ ᠪᠠᠯᠭᠠᠰᠤ ᠵᠢᠨ 236.1 ᠲᠦᠮᠡᠨ ᠬᠥᠮᠦᠨ ᠳ᠋ᠤ ᠱᠢᠨᠡᠪᠡᠷ ᠠᠵᠢᠯ ᠣᠯᠭᠣᠵᠤ᠂ ᠮᠠᠯᠵᠢᠬᠤ ᠲᠠᠷᠢᠶᠠᠯᠠᠬᠤ ᠣᠷᠣᠨ ᠤ᠋ ᠬᠥᠳᠡᠯᠮᠦᠷᠢ ᠬᠦᠴᠦᠨ ᠢ᠋ ᠱᠢᠯᠵᠢᠭᠦᠯᠦᠨ ᠠᠵᠢᠯ ᠣᠯᠭᠣᠬᠤ ᠵᠢ ᠵᠢᠯ ᠪᠦᠷᠢ ᠳᠤᠮᠳᠠᠴᠢ ᠪᠡᠷ 245 ᠲᠦᠮᠡᠨ ᠬᠥᠮᠦᠨ ᠡᠴᠡ ᠳᠡᠭᠡᠭ᠌ᠰᠢ ᠪᠠᠢᠯᠭᠠᠬᠤ ᠵᠢ ᠪᠡᠶᠡᠯᠡᠭᠦᠯᠵᠦ᠍ ᠂ ᠵᠢᠯ ᠪᠦᠷᠢ ᠬᠣᠲᠠ ᠪᠠᠯᠭᠠᠰᠤ ᠵᠢᠨ ᠠᠵᠢᠯ ᠠᠯᠳᠠᠭ᠍ᠰᠠᠨ ᠪᠠ ᠠᠵᠢᠯ ᠣᠯᠬᠤᠳᠤ ᠬᠦᠴᠢᠷᠲᠡᠶ 10 ᠲᠦᠮᠡᠨ ᠬᠥᠮᠦᠨ ᠢ᠋ ᠬᠠᠪᠰᠤᠷᠤᠨ ᠠᠵᠢᠯ ᠣᠯᠭᠣᠵᠤ᠂ ᠵᠢᠯ ᠪᠦᠷᠢ ᠶᠡᠬᠡ ᠳᠡᠭᠡᠳᠦ ᠰᠤᠷᠭᠠᠭᠤᠯᠢ ᠡᠴᠡ ᠲᠡᠭᠦᠰᠦᠭᠰᠡᠨ 13 ᠲᠦᠮᠡ ᠡᠴᠡ ᠳᠡᠭᠡᠭ᠌ᠰᠢ ᠤᠶᠤᠳᠠᠳ ᠲᠦ᠍ ᠠᠵᠢᠯ ᠣᠯᠭᠣᠬᠤ ᠪᠤᠶᠤ ᠠᠵᠢᠯ ᠣᠯᠭᠣᠬᠤ ᠴᠢᠭ᠌ᠯᠡᠯ ᠢ᠋ ᠨᠢ ᠨᠠᠢᠳᠠᠪᠤᠷᠢᠵᠢᠭᠤᠯᠪᠠ᠃ ᠡᠭᠦᠨᠦ ᠬᠠᠮᠲᠤ᠂ ᠬᠣᠲᠠ ᠪᠠᠯᠭᠠᠰᠤᠨ ᠤ᠋ ᠳᠠᠩᠰᠠᠯᠠᠭᠤᠯᠤᠭ᠍ᠰᠠᠨ ᠠᠵᠢᠯ ᠠᠯᠳᠠᠯᠲᠠ ᠵᠢᠨ ᠨᠣᠷᠮᠠ ᠵᠢ ᠢᠮᠠᠭ᠍ᠲᠠ 4% ᠣᠷᠴᠢᠮ ᠤ᠋ᠨ ᠨᠡᠯᠢᠶᠡᠳ ᠳᠤᠤᠷᠠ ᠲᠦᠪᠱᠢᠨ ᠳ᠋ᠤ ᠡᠵᠡᠮᠳᠡᠵᠦ᠂ ᠠᠷᠠᠳ ᠣᠯᠠᠨ ᠤ᠋ ᠠᠵᠢᠯ ᠤᠯᠭᠤᠯᠲᠠ ᠵᠢ ᠨᠠᠩ ᠪᠠᠲᠤ ᠨᠠᠩ ᠲᠣᠭ᠍ᠲᠠᠪᠤᠷᠢᠲᠠᠶ ᠪᠣᠯᠭᠠᠪᠠ ᠃
《ᠨᠠᠢᠭᠡᠮᠤᠨ ᠬᠦᠴᠦᠳᠠᠢ ᠪᠠᠳᠤᠯᠠᠭᠠ ᠪᠢᠳᠠᠨᠦ ᠠᠮᠢᠳᠤᠷᠠᠯᠢ ᠤᠯᠠᠮ ᠨᠠᠢᠳᠠᠪᠤᠷᠢᠳᠠᠢ ᠪᠤᠯᠭᠠᠯᠠ》
《ᠨᠠᠰᠤᠵᠢᠯ ᠤ᠋ᠨ ᠠᠰᠠᠷᠠᠮᠵᠢ ᠵᠢᠨ ᠮᠥᠩᠭᠥ᠌ ᠪᠠᠰᠠ ᠥᠰᠦᠭᠰᠡᠨ ᠰᠢᠤ! ᠤᠳᠤ ᠮᠠᠨᠦ ᠬᠤᠶᠠᠷ ᠨᠠᠰᠤᠳᠠᠨᠦ ᠰᠠᠷᠠ ᠵᠢᠨ ᠴᠠᠯᠢᠩ 7000 ᠭᠠᠷᠤᠶ ᠲᠥᠭᠥᠷᠢᠭ ᠲᠦ᠍ ᠬᠦᠷᠤᠯᠠ᠂ ᠪᠠᠰᠠ ᠬᠤᠶᠠᠭᠤᠯᠠ ᠪᠠᠨ ᠡᠮ ᠡᠮᠨᠡᠯᠭᠡ ᠵᠢᠨ ᠳᠠᠭᠠᠳᠭᠠᠯᠲᠠᠢ᠂ ᠲᠠᠢᠮᠦ ᠡᠴᠡ ᠡᠪᠡᠳᠴᠢᠯᠡᠭᠡᠳ ᠡᠮᠨᠡᠯᠭᠡ ᠳ᠋ᠤ ᠰᠠᠭᠤᠬᠰᠠᠨ ᠴᠸ᠋ ᠬᠠᠭᠠᠰ ᠢᠯᠡᠬᠦᠤ ᠵᠠᠷᠤᠳᠠᠯ ᠮᠦᠡᠭᠬᠦᠵᠢ ᠨᠢ ᠲᠠᠡᠭᠰᠠ ᠳᠡᠢᠯᠴᠢᠬᠠᠳᠠᠭ᠂ ᠠᠮᠢᠳᠤᠷᠠᠯ ᠲᠠᠪᠠᠲᠠᠢ ᠪᠠᠢᠨᠠ》 ᠭᠡᠵᠦ ᠱᠢᠯᠢ ᠵᠢᠨ ᠭᠣᠣᠯ ᠠᠢᠮᠠᠭ ᠤ᠋ᠨ ᠠᠪᠠᠭᠠ ᠬᠣᠱᠢᠭᠤᠨ ᠤ᠋ ᠠᠵᠢᠯ ᠡᠴᠡ ᠪᠠᠨ ᠠᠮᠠᠷᠠᠭᠰᠠᠨ ᠨᠠᠰᠤᠳᠠᠨ ᠸᠧᠢ ᠬᠤᠸᠠ ᠪᠠᠶᠠᠷᠳᠠᠢ ᠬᠡᠯᠡᠨᠡ᠃
ᠨᠡᠢᠭᠡᠮᠦᠨ ᠪᠠᠲᠤᠯᠠᠭᠠ ᠪᠣᠯ ᠠᠷᠠᠳ ᠤ᠋ᠨ ᠠᠮᠢᠳᠤᠷᠠᠯ ᠤ᠋ᠨ ᠰᠠᠭᠤᠷᠢ ᠪᠤᠯᠬᠤ ᠪᠦᠭᠡᠳ ᠠᠵᠤ ᠠᠬᠤᠢ ᠨᠡᠢᠭᠡᠮᠦᠨ ᠬᠥᠭ᠌ᠵᠢᠯᠲᠡ ᠵᠢᠨ 《ᠲᠣᠭ᠍ᠲᠠᠪᠤᠷᠢᠵᠢᠭᠤᠯᠤᠭ᠍ᠴᠢ》 ᠮᠥᠨ᠃ 2012 ᠣᠨ ᠡᠴᠡ ᠨᠠᠭᠠᠰᠢ ᠮᠠᠨ ᠤ᠋ ᠤᠷᠤᠨ ᠤ᠋ ᠨᠡᠢᠭᠡᠮᠦᠨ ᠪᠠᠲᠤᠯᠠᠭᠠ ᠵᠢᠨ ᠲᠥᠷᠥ ᠵᠢᠨ ᠪᠣᠳᠣᠯᠭᠠ ᠵᠢᠨ ᠱᠢᠰᠲᠸᠮ ᠠᠯᠬᠤᠮ ᠠᠯᠬᠤᠮ ᠢ᠋ᠶ᠋ᠡᠷ ᠲᠡᠭᠦᠯᠳᠡᠷᠵᠢᠵᠦ᠍᠂ ᠪᠥᠷᠬᠥᠬᠥ ᠬᠥᠮᠦᠰ ᠨᠢ ᠲᠠᠰᠤᠷᠠᠯᠲᠠ ᠤᠢ᠍ᠭᠡᠢ ᠥᠷᠭᠡᠳᠴᠦ᠍ ᠂ ᠬᠦᠷᠲᠡᠮᠵᠢ ᠶ᠋ᠢᠨ ᠲᠦᠪᠰᠢᠨ ᠠᠯᠬᠤᠮ ᠠᠯᠬᠤᠮ ᠢ᠋ᠶ᠋ᠡᠷ ᠳᠡᠭᠡᠭ᠌ᠰᠢᠯᠡᠪᠡ᠃
ᠪᠥᠬᠥ᠌ ᠣᠷᠣᠨ ᠤ᠋ ᠦᠨᠳᠦᠰᠦᠨ ᠨᠠᠰᠤᠵᠢᠯ ᠤ᠋ᠨ ᠳᠠᠭᠠᠳᠭᠠᠯᠳᠤ ᠣᠷᠣᠯᠴᠠᠭ᠍ᠰᠠᠨ ᠬᠥᠮᠦᠨᠦ ᠲᠣᠭᠠ 2021 ᠣᠨ ᠤ᠋ ᠡᠴᠦᠰ ᠲᠦ᠍ 1614.8 ᠲᠦᠮᠡ ᠪᠤᠯᠤᠨ ᠨᠡᠮᠡᠭ᠌ᠳᠡᠵᠦ᠍᠂ ᠨᠠᠰᠤᠵᠢᠯ ᠤ᠋ᠨ ᠳᠠᠭᠠᠳᠭᠠᠯ ᠤ᠋ᠨ ᠲᠦᠷᠢᠮ ᠢ᠋ ᠦᠨᠳᠦᠰᠦᠨᠳᠡᠭᠡᠨ ᠨᠡᠢᠳᠡᠮ ᠪᠦᠷᠬᠦᠭᠦᠯᠪᠡ ; ᠪᠥᠬᠥ᠌ ᠣᠷᠣᠨ ᠤ᠋ ᠦᠨᠳᠦᠰᠦᠨ ᠡᠮᠴᠢᠯᠡᠭᠡᠨ ᠤ᠋ ᠳᠠᠭᠠᠳᠭᠠᠯᠳᠤ ᠣᠷᠣᠯᠴᠠᠭ᠍ᠰᠠᠨ ᠬᠥᠮᠦᠨᠦ ᠲᠣᠭᠠ 2192.19 ᠲᠦᠮᠡ ᠪᠠᠢᠵᠤ ᠂ ᠳᠠᠭᠠᠳᠭᠠᠯᠳᠤ ᠣᠷᠣᠯᠴᠠᠭ᠍ᠰᠠᠨ ᠨᠣᠷᠮᠠ 95% ᠳ᠋ᠤ ᠬᠥᠷᠪᠡ ᠃
ᠨᠡᠢᠭᠡᠮᠦᠨ ᠪᠠᠲᠤᠯᠠᠭᠠ ᠵᠢᠨ ᠲᠤᠤᠷ ᠢ᠋ ᠨᠢᠭ᠍ᠲᠠ ᠪᠥᠭᠡᠳ ᠪᠠᠬᠢ ᠰᠦᠯᠵᠢᠬᠦ ᠶ᠋ᠢᠨ ᠬᠠᠮᠲᠤ᠂ ᠮᠠᠨ ᠤ᠋ ᠤᠷᠤᠨ ᠥᠪᠡᠷᠲᠡᠭᠡᠨ ᠵᠠᠰᠠᠬᠤ ᠣᠷᠣᠨ ᠡᠴᠡ ᠠᠢᠮᠠᠭ ᠬᠣᠲᠠ᠂ ᠬᠣᠱᠢᠭᠤ ᠱᠢᠶᠠᠨ ( ᠬᠣᠲᠠ ᠂ ᠲᠣᠭᠣᠷᠢᠭ )᠂ ᠰᠤᠮᠤ ᠱᠢᠶᠠᠩ ᠪᠠᠯᠭᠠᠰᠤ᠂ ᠭᠠᠴᠠᠭᠠ ᠲᠣᠰᠭᠣᠨ (ᠨᠡᠢᠭᠡᠮ ᠲᠣᠭᠣᠷᠢᠭ) ᠬᠦᠷᠲᠡᠯᠡ ᠲᠠᠪᠤᠨ ᠱᠠᠲᠤᠨ ᠤ᠋ ᠦᠶ᠋ᠯᠡᠴᠢᠯᠡᠭᠡᠨᠦ ᠲᠤᠤᠷ ᠢ᠋ ᠪᠠᠢᠭᠤᠯᠵᠤ᠂ ᠪᠥᠬᠥ᠌ ᠣᠷᠣᠨ ᠢ᠋ ᠪᠥᠷᠬᠥᠭᠰᠡᠨ ᠪᠠᠷᠢᠮᠵᠢᠶᠠᠵᠢᠭᠤᠯᠤᠭ᠍ᠰᠠᠨ᠂ ᠣᠳᠣᠬᠢᠴᠢᠯᠠᠭ᠍ᠰᠠᠨ ᠨᠡᠢᠭᠡᠮᠦᠨ ᠪᠠᠲᠤᠯᠠᠭᠠ ᠵᠢᠨ ᠰᠦᠯᠵᠢᠶᠡᠨ ᠳᠡᠭᠡᠷᠡᠬᠢ ᠪᠠ ᠪᠤᠳᠠᠳᠤ ᠴᠤᠭᠴᠠ ᠵᠢᠨ ᠭᠠᠷᠲᠠᠨ ᠭᠦᠶ᠋ᠴᠡᠳᠭᠡᠬᠦ᠌ ᠦᠶ᠋ᠯᠡᠴᠢᠯᠡᠭᠡᠨᠦ ᠲᠢᠩᠬᠢᠮ ᠢ᠋ ᠦᠨᠳᠦᠰᠦᠨᠳᠡᠭᠡᠨ ᠪᠠᠢᠭᠤᠯᠪᠠ᠃ 2021 ᠣᠨ ᠤ᠋ ᠰᠡᠭᠦᠯᠴᠢ ᠪᠣᠯᠲᠠᠯᠠ᠂ ᠨᠡᠢᠭᠡᠮᠦᠨ ᠪᠠᠲᠤᠯᠠᠭᠠ ᠵᠢᠨ ᠺᠠᠷᠲᠲᠠᠶ ᠬᠥᠮᠦᠨᠦ ᠲᠣᠭᠠ 2173.65 ᠲᠦᠮᠡ ᠳ᠋ᠤ ᠬᠦᠷᠴᠦ᠍ ᠂ ᠠᠷᠠᠳ ᠣᠯᠠᠨ ᠨᠠᠩ ᠲᠥᠬᠥᠮ ᠂ ᠲᠦᠷᠭᠡᠨ ᠂ ᠥᠨᠳᠥᠷ ᠪᠦᠲᠦᠮᠵᠢᠲᠡᠶ ᠨᠡᠢᠭᠡᠮᠦᠨ ᠪᠠᠲᠤᠯᠠᠭᠠ ᠵᠢᠨ ᠦᠶ᠋ᠯᠡᠴᠢᠯᠡᠭᠡ ᠭᠥᠷᠳᠡᠪᠡ ᠃
《ᠡᠷᠡᠭᠦᠯ ᠡᠨᠭᠭᠡ ᠵᠢᠨ ᠮᠠᠨᠠᠭᠠᠴᠢ ᠪᠢᠳᠠᠨᠦ ᠠᠮᠢᠳᠤᠷᠠᠯ ᠢ ᠤᠯᠠᠮ ᠵᠤᠯ ᠵᠢᠷᠭᠠᠯᠳᠠᠢ ᠪᠤᠯᠭᠠᠯᠠ》
《ᠡᠮᠴᠢ ᠡ ᠂ ᠬᠡᠳᠦᠨ ᠡᠳᠦᠷ ᠤᠨ ᠡᠮᠦᠨᠡ ᠪᠢ ᠠᠭᠤᠯᠠ ᠠᠪᠠᠷᠢᠭᠠᠳ ᠨᠢᠷᠤᠭᠤ ᠪᠠᠨ ᠬᠡᠮᠲᠦᠭᠡᠵᠡᠢ᠂ ᠶᠠᠭᠠᠬᠢᠵᠤ ᠵᠠᠰᠠᠬᠤ ᠪᠤᠢ? 》 ᠭᠡᠵᠤ ᠡᠬᠦᠯᠡᠨ ᠡᠮᠴᠢᠯᠡᠭᠡ ᠪᠠᠷ ᠲᠠᠮᠵᠢᠨ᠂ 35 ᠨᠠᠰᠤᠲᠠᠶ ᠡᠪᠡᠳᠴᠢᠲᠡᠨ ᠸᠠᠩ ᠬᠠᠨ ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮᠨᠡᠯᠭᠡ ᠵᠢᠨ ᠬᠣᠷᠢᠶᠠᠨ ᠤ᠋ ᠡᠷᠬᠢᠯᠡᠭ᠌ᠴᠢ ᠡᠮᠴᠢ ᠸᠴᠢᠷ ᠵᠢᠡᠷ ᠨᠢᠷᠦᠭᠤ ᠪᠠᠨ ᠡᠮᠨᠡᠬᠦᠯᠤᠨᠠ ᠃
《 ᠭᠡᠷᠲᠡᠬᠡᠨ ᠰᠠᠭᠤᠵᠤ ᠪᠠᠢᠭᠠᠳ ᠡᠪᠡᠳᠴᠢᠨ ᠢ᠋ᠶ᠋ᠡᠨ ᠡᠮᠨᠡᠬᠦᠯᠴᠢᠭᠡᠨᠠ ᠂ ᠡᠮ ᠢ᠋ ᠴᠦ᠍ ᠭᠡᠷ ᠲᠦ᠍ ᠬᠦᠷᠭᠡᠵᠦ᠍ ᠦᠭᠬᠦᠴᠢᠭᠡᠨᠠ᠂ ᠶᠤᠰᠤᠲᠠᠢ ᠳᠦᠭᠦᠮ ᠪᠤᠯᠵᠠᠢ᠂ ᠡᠷᠡᠭᠦᠯ ᠡᠨᠭᠭᠡ ᠵᠢᠨ ᠮᠠᠨᠠᠭᠠᠴᠢ ᠪᠢᠳᠠᠨᠦ ᠠᠮᠢᠳᠤᠷᠠᠯ ᠢ᠋ ᠨᠡᠩ ᠵᠣᠯ ᠵᠢᠷᠭᠠᠯᠲᠠᠶ ᠪᠣᠯᠭᠠᠪᠠ》 ᠭᠡᠵᠦ ᠸᠠᠩ ᠬᠠᠨ ᠰᠡᠳᠭᠢᠯ ᠬᠠᠨᠤᠮᠵᠢᠲᠠᠢ ᠬᠡᠯᠡᠨᠡ᠃ ᠣᠳᠣᠬᠠᠨᠳᠤ ᠮᠠᠨ ᠤ᠋ ᠣᠷᠣᠨ ᠤ᠋ ᠣᠯᠠᠨ ᠡᠮᠨᠡᠯᠭᠡ ᠵᠢᠨ ᠬᠣᠷᠢᠶᠠ ᠡᠭᠦᠯᠡᠨ ᠡᠮᠴᠢᠯᠡᠭᠡᠨᠦ ᠲᠠᠰᠤᠭ ᠭᠠᠷᠭᠠᠵᠤ᠂ ᠨᠠᠷᠠᠲᠤ ᠲᠤᠰᠭᠠᠶ ᠮᠡᠷᠭᠡᠵᠢᠯᠲᠡᠨ ᠲᠣᠮᠢᠯᠠᠨ ᠰᠦᠯᠵᠢᠶᠡᠨ ᠳᠡᠭᠡᠷᠡ ᠡᠮᠴᠢᠯᠡᠭᠡ ᠦᠷᠨᠢᠬᠦᠯᠵᠦ᠂ ᠣᠯᠠᠨ ᠲᠦᠮᠡᠨ ᠢ ᠬᠡᠷᠲᠡᠭᠡᠨ ᠴᠢᠨᠠᠷ ᠰᠠᠢᠲᠠᠶ ᠡᠮᠴᠢᠯᠡᠭᠡᠨᠦ ᠦᠶ᠋ᠯᠡᠴᠢᠯᠡᠭᠡ ᠬᠦᠷᠲᠡᠵᠦ᠍ ᠳᠡᠢᠯᠬᠦ ᠪᠤᠯᠭᠠᠪᠠ ᠃
ᠪᠦᠬᠦ᠌ ᠠᠷᠠᠳ ᠤ᠋ᠨ ᠡᠷᠡᠭᠦᠯ ᠮᠡᠨᠳᠦ ᠪᠠᠢᠬᠤ ᠦᠭᠡᠢ ᠪᠣᠯ ᠪᠦᠬᠦ᠌ ᠲᠠᠯᠠ ᠵᠢᠨ ᠴᠢᠨᠡᠭᠡᠯᠢᠭ ᠨᠡᠢᠭᠡᠮ ᠪᠠᠢᠵᠤ ᠴᠢᠳᠠᠬᠤ ᠦᠭᠡᠢ᠃ ᠮᠠᠨ ᠤ᠋ ᠤᠷᠤᠨ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠪᠠᠢᠭᠤᠯᠤᠮᠵᠢᠵᠢᠨ ᠥᠭᠡᠷᠡᠴᠢᠯᠡᠯᠲᠡ ᠵᠢ ᠲᠠᠰᠤᠷᠠᠯᠲᠠ ᠥᠬᠡᠶ ᠭᠦᠨᠵᠡᠭᠡᠢᠷᠡᠭᠦᠯᠵᠦ᠍᠂ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠦᠶ᠋ᠯᠡᠴᠢᠯᠡᠭᠡᠨᠦ ᠱᠢᠰᠲ᠋ᠧᠮ ᠪᠣᠯᠤᠨ ᠦᠨᠳᠦᠰᠦᠨ ᠡᠮᠴᠢᠯᠡᠭᠡᠨᠦ ᠪᠠᠲᠤᠯᠠᠭᠠ ᠵᠢᠨ ᠱᠢᠰᠲ᠋ᠧᠮ ᠤ᠋ᠨ ᠪᠠᠢᠭᠤᠯᠤᠯᠲᠠ ᠵᠢ ᠴᠢᠩᠭᠠᠳᠭᠠᠪᠠ᠃ ᠮᠠᠨ ᠤ᠋ ᠤᠷᠤᠨ ᠤ᠋ ᠠᠷᠠᠳ ᠲᠦᠮᠡᠨᠦ ᠡᠷᠡᠭᠦᠯ ᠮᠡᠨᠳᠦ ᠶ᠋ᠢᠨ ᠲᠦᠪᠱᠢᠨ ᠢᠯᠡᠳᠲᠡ ᠳᠡᠭᠡᠭ᠌ᠰᠢᠯᠡᠵᠤ᠂ ᠬᠥᠮᠦᠨ ᠳᠤᠮᠳᠠᠴᠢ ᠵᠢᠨ ᠵᠢᠱ᠌ᠢᠭ᠌ᠰᠡᠨ ᠨᠠᠰᠤᠨ ᠬᠤᠲᠤᠭ 2010 ᠣᠨᠳᠤ 74.4 ᠪᠠᠢᠭ᠍ᠰᠠᠨ ᠡᠴᠡ 2018 ᠣᠨᠳᠤ 77 ᠪᠣᠯᠤᠨ ᠳᠡᠭᠡᠭ᠌ᠰᠢᠯᠡᠪᠡ ᠃ ᠵᠢᠷᠮᠦᠰᠦᠨ ᠡᠮᠡᠭ᠌ᠲᠡᠶ ᠂ ᠨᠢᠯᠬᠠ ᠬᠡᠦᠬᠡᠳᠦᠨ ᠦᠬᠦᠯᠦᠨ ᠨᠣᠷᠮᠠ ᠲᠣᠰ ᠲᠣᠰ 2012 ᠣᠨᠳᠤ 20.14 /10 ᠲᠦᠮᠡ᠂ 6.37 ᠪᠠᠢᠭ᠍ᠰᠠᠨ ᠡᠴᠡᠪᠠᠨ 2020 ᠣᠨᠳᠤ 14.92 /10 ᠲᠦᠮᠡ ᠂ 3.56 ᠪᠣᠯᠤᠨ ᠳᠤᠷᠤᠬᠰᠢᠯᠠᠪᠠ ᠃ ᠪᠦᠬᠦ᠌ ᠣᠷᠣᠨ ᠤ᠋ ᠰᠠᠭᠤᠭᠠᠯᠢ ᠠᠷᠠᠳ ᠤ᠋ᠨ ᠡᠷᠡᠭᠦᠯ ᠮᠡᠨᠳᠦ ᠶ᠋ᠢᠨ ᠬᠡᠪ ᠪᠣᠯᠪᠠᠰᠤᠷᠠᠯ ᠤ᠋ᠨ ᠲᠦᠪᠱᠢᠨ 2012 ᠣᠨ ᠳ᠋ᠥ᠍ 7.9% ᠪᠠᠢᠬᠰᠠᠨ ᠡᠴᠡ ᠳᠡᠭᠡᠭᠰᠢᠯᠡᠭᠡᠳ 2020 ᠣᠨ ᠳ᠋ᠥ᠍ 20.1% ᠪᠣᠯᠪᠠ ᠃
ᠡᠭᠦᠨᠦ ᠬᠠᠮᠲᠤ᠂ ᠮᠠᠨ ᠤ᠋ ᠤᠷᠤᠨ ᠤ᠋ ᠬᠣᠱᠢᠭᠤ ᠱᠢᠶᠠᠨ ᠤ᠋ ᠱᠠᠲᠤᠨ ᠤ᠋ ᠠᠯᠪᠠᠨ ᠡᠴᠡ ᠪᠠᠢᠭᠤᠯᠤᠭ᠍ᠰᠠᠨ ᠡᠮᠨᠡᠯᠭᠡ ᠵᠢᠨ ᠬᠣᠷᠢᠶᠠ ᠪᠣᠯᠤᠨ ᠬᠣᠲᠠ ᠵᠢᠨ ᠠᠯᠪᠠᠨᠠᠴᠠ ᠪᠠᠢᠭᠤᠯᠤᠭ᠍ᠰᠠᠨ ᠡᠮᠨᠡᠯᠭᠡ ᠵᠢᠨ ᠬᠣᠷᠢᠶᠠ ᠵᠢᠨ ᠶᠡᠷᠦᠩᠬᠡᠢᠯᠡᠭ᠌ᠰᠡᠨ ᠥᠭᠡᠷᠡᠴᠢᠯᠡᠯᠲᠡ ᠵᠢ ᠪᠥᠷᠬᠥᠭᠦᠯᠵᠦ᠍᠂ ᠬᠣᠲᠠ ᠬᠥᠳᠡᠭᠡ ᠵᠢ ᠪᠥᠷᠬᠥᠭᠰᠡᠨ ᠦᠨᠳᠦᠰᠦᠨ ᠱᠠᠲᠤᠨ ᠤ᠋ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠦᠶ᠋ᠯᠡᠴᠢᠯᠡᠭᠡᠨᠦ ᠱᠢᠰᠲ᠋ᠧᠮ ᠢ᠋ ᠦᠨᠳᠦᠰᠦᠨᠳᠡᠭᠡᠨ ᠪᠠᠢᠭᠤᠯᠪᠠ᠃ ᠣᠯᠠᠨ ᠲᠦᠮᠡᠨᠦ 《ᠡᠪᠡᠳᠴᠢᠨ ᠦᠵᠡᠭᠦᠯᠬᠦ᠌ ᠳ᠋ᠤ ᠬᠦᠴᠢᠷᠲᠡᠶ》᠂ 《ᠡᠪᠡᠳᠴᠢᠨ ᠦᠵᠡᠭᠦᠯᠬᠦ᠌ ᠳ᠋ᠤ ᠦᠨᠡᠲᠡᠶ》 ᠪᠠᠢᠬᠤ ᠵᠡᠷᠭᠡ ᠠᠰᠠᠭᠤᠳᠠᠯ ᠢ᠋ ᠪᠦᠲᠦᠮᠵᠢᠲᠡᠶᠪᠡᠷ ᠰᠢᠢᠳᠪᠤᠷᠢᠯᠡᠪᠡ᠃ ᠮᠤᠵᠢ ᠠᠯᠤᠰᠯᠠᠨ ᠣᠨᠳᠣᠣ ᠭᠠᠵᠠᠷᠲᠤ ᠡᠮᠨᠡᠭᠦᠯᠦᠭ᠌ᠰᠡᠨ ᠡᠮᠨᠡᠯᠭᠡ ᠳ᠋ᠤ ᠰᠠᠭᠤᠭ᠍ᠰᠠᠨ ᠰᠤᠢᠳᠭᠡᠯ ᠢ ᠱᠢᠭᠤᠳ ᠲᠠᠰᠤᠯᠤᠨ ᠪᠤᠳᠤᠬᠤ ᠵᠢ ᠪᠦᠬᠦ ᠤᠯᠤᠰ ᠲᠦ᠍ ᠲᠦᠷᠦᠭᠦᠯᠡᠨ ᠪᠡᠶᠡᠯᠡᠭᠦᠯᠵᠦ᠍᠂ ᠡᠮ ᠡᠮᠨᠡᠯᠭᠡ ᠡᠷᠡᠭᠦᠯ ᠬᠠᠮᠠᠭᠠᠯᠠᠯ ᠤ᠋ᠨ ᠪᠠᠢᠭᠤᠯᠤᠮᠵᠢ ᠵᠢᠨ ᠥᠭᠡᠷᠡᠴᠢᠯᠡᠯᠲᠡ ᠵᠢᠨ ᠦᠷᠡ ᠪᠦᠲᠦᠭᠡᠯ ᠨᠢ ᠲᠦᠭ ᠲᠦᠮᠡᠨ ᠠᠢᠯ ᠡᠷᠦᠬᠡ ᠳ᠋ᠤ ᠲᠠᠰᠤᠷᠠᠯᠲᠠ ᠦᠭᠡᠢ ᠠᠱᠢᠭ ᠬᠦᠷᠲᠡᠭᠡᠪᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃