ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠮᠠᠨ᠎ᠤ᠋ ᠱᠢᠨ᠎᠎ᠡ ᠴᠠᠭ ᠦᠶ᠎ᠡ

2022-06-08 10:57:32

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠥᠪᠥᠷ ᠮᠣᠩᠭᠣᠯ᠎ᠤᠨ ᠠᠯᠠᠱᠠ ᠪᠠᠷᠠᠭᠤᠨ ᠬᠣᠱᠢᠭᠤᠨ᠎ᠤ ᠲᠠᠩᠰᠤᠭ ᠪᠤᠯᠠᠭ ᠰᠤᠮᠤ᠎ᠶ᠋ᠢᠨ ᠬᠠᠮᠤᠭ᠎ᠤᠨ ᠬᠣᠢᠲᠤ ᠵᠠᠬ᠎ᠠ᠎ᠳᠤ᠂ ᠳᠤᠮᠳᠠᠳᠤ ᠮᠣᠩᠭᠣᠯ ᠬᠣᠶᠠᠷ ᠤᠯᠤᠰ᠎ᠤᠨ ᠬᠢᠯᠢ ᠳᠡᠭᠡᠷ᠎ᠡ᠂ ᠱᠢᠨ᠎ᠡ᠎ᠪᠡᠷ ᠵᠠᠰᠠᠭ᠍ᠰᠠᠨ ᠬᠠᠢᠷ ᠴᠢᠯᠠᠭᠤᠨ ᠵᠠᠮ ᠨᠢ ᠡᠵᠡᠭᠦᠢ ᠭᠣᠪᠢ᠎ᠶ᠋ᠢ ᠵᠦᠰᠦᠨ ᠰᠢᠭᠤᠳ ᠨᠢᠮ᠎ᠠ ᠨᠠᠰᠤᠲᠠᠨ᠎ᠤ ᠬᠡᠷ᠎ᠤᠨ ᠡᠭᠦᠳᠡᠨ᠎ᠳᠦ ᠬᠦᠷᠤᠨ᠎ᠠ᠃


1.jpg


ᠬᠠᠭᠠᠰ ᠵᠠᠭᠤᠨ ᠎ᠤ ᠡᠮᠦᠨ᠎ᠡ᠂ ᠨᠢᠮ᠎ᠠ ᠡᠨᠳᠡ ᠢᠷᠡᠵᠦ᠍᠂ ᠡᠬᠡ ᠤᠯᠤᠰ᠎ᠤᠨ ᠬᠢᠯᠢ᠎ᠵᠢ ᠰᠠᠬᠢᠨ ᠬᠠᠮᠠᠭᠠᠯᠠᠵᠦ᠂ ᠲᠤᠤᠷᠠᠶ ᠰᠢᠬ ᠦᠨᠳᠦᠰᠦ ᠬᠠᠳᠬᠤᠪᠠ᠃

1971 ᠣᠨ᠎ᠳᠤ᠂ 25 ᠨᠠᠰᠤᠲᠠᠶ ᠨᠢᠮ᠎ᠠ ᠵᠠᠰᠠᠭ᠎ᠤᠨ ᠣᠷᠳᠣᠨ᠎ᠤ ᠤᠷᠢᠶᠠᠯᠠᠭ᠎ᠠ᠎ᠶ᠋ᠢ ᠳᠠᠭᠠᠵᠤ᠂ 3 ᠨᠠᠰᠤᠲᠠᠶ ᠬᠦᠦ ᠪᠣᠯᠤᠨ ᠳᠡᠭᠦᠦ᠂ ᠡᠵᠢ ᠲᠠᠢ ᠪᠠᠨ 200 ᠺᠢᠯᠣᠮᠧᠲ᠋ᠷ᠎ᠦᠨ ᠴᠠᠭᠠᠨᠠᠬᠢ ᠨᠤᠲᠤᠭ᠎ᠠᠴᠠ᠎ᠪᠠᠨ ᠳᠤᠮᠳᠠᠳᠤ ᠮᠣᠩᠭᠣᠯ᠎ᠤᠨ ᠬᠢᠯᠢ᠎ᠶ᠋ᠢᠨ ᠱᠤᠭᠤᠮ᠎ᠠᠴᠠ ᠪᠠᠷᠤᠭ 10 ᠺᠢᠯᠣᠮᠧᠲ᠋ᠷ ᠵᠠᠢᠲᠠᠶ ᠭᠣᠪᠢ ᠨᠤᠲᠤᠭ᠎ᠲᠤ ᠨᠡᠭᠦᠨ ᠢᠷᠡᠵᠤ᠂ ᠮᠠᠯᠵᠢᠬᠤ᠎ᠶᠢᠨ ᠵᠡᠷᠭᠡ ᠪᠡᠷ ᠬᠢᠯᠢ ᠬᠢᠵᠠᠭᠠᠷ᠎ᠢ ᠰᠠᠬᠢᠨ ᠬᠠᠮᠠᠭᠠᠯᠠᠪᠠ᠃

1972 ᠣᠨ᠎ᠳᠤ᠂ ᠳᠡᠭᠦᠦ ᠨᠢ ᠠᠯᠠᠱᠠ ᠵᠡᠭᠦᠨ ᠬᠣᠱᠢᠭᠤᠨ᠎ᠳᠤ ᠠᠵᠢᠯ ᠣᠯᠵᠤ ᠲᠠᠳᠠᠨ ᠡᠴᠡ ᠰᠠᠯᠵᠤ ᠶᠠᠪᠤᠬᠤ ᠪᠡᠷ ᠪᠤᠯᠪᠡ᠃ ᠰᠠᠯᠬᠤ ᠦᠶᠡᠰ᠂ ᠳᠡᠭᠦᠦ ᠨᠢ᠄《ᠨᠢᠮ᠎ᠠ ᠶ᠋ᠢ ᠬᠡᠦᠬᠡᠳ᠎ᠤᠨ᠎ᠢᠶᠡᠨ ᠬᠤᠵᠢᠮ᠎ᠢ ᠪᠤᠳᠤᠪᠠᠯ ᠡᠨᠳᠡ᠎ᠡᠴᠡ ᠨᠡᠭᠦᠵᠦ᠍ ᠶᠠᠪᠤᠪᠡᠯ ᠳᠠᠭᠠᠷᠠᠨ᠎ᠠ》 ᠬᠡᠵᠦ ᠰᠠᠨᠠᠭᠤᠯᠤᠬᠰᠠᠨ᠎ᠳᠦ᠂ ᠨᠢᠮ᠎ᠠ᠄ 《ᠪᠢ ᠡᠨᠳᠡ ᠬᠢᠯᠢ ᠰᠠᠬᠢᠬᠤ ᠪᠡᠷ ᠢᠷᠡᠭ᠌ᠰᠡᠨ ᠶᠤᠮ᠂ ᠶᠠᠪᠤᠨ᠎ᠠ ᠭᠡᠪᠡᠯ ᠶᠠᠪᠤᠴᠢᠬᠠᠳᠠᠭ ᠪᠢᠰᠢ ᠰᠢᠤ ! 》 ᠬᠡᠪᠡ᠃


2.jpg


ᠰᠡᠭᠦᠯᠡᠷ ᠨᠢ ᠬᠢᠯᠢ᠎ᠶ᠋ᠢᠨ ᠪᠠᠢᠳᠠᠯ ᠨᠠᠮᠳᠠᠬᠤ᠎ᠶ᠋ᠢ ᠳᠠᠭᠠᠯᠳᠤᠨ᠂ ᠪᠤᠰᠤᠳ ᠬᠣᠶᠠᠷ ᠮᠠᠯᠵᠢᠬᠤ ᠡᠷᠦᠭᠡ ᠬᠣᠢᠨ᠎ᠠ ᠬᠣᠢᠨ᠎ᠠ ᠡᠴᠡ ᠪᠠᠨ ᠨᠡᠭᠦᠵᠦ᠍ ᠶᠠᠪᠤᠭ᠍ᠰᠠᠨ ᠪᠥᠭᠡᠳ ᠨᠢᠮ᠎ᠠ ᠎ᠵᠢ ᠲᠡᠳᠡᠨ ᠲᠠᠢ ᠬᠠᠮᠳᠤ ᠨᠡᠬᠦᠵᠦ ᠶᠠᠪᠤᠬᠤ᠎ᠵᠢ ᠬᠦᠰᠡᠪᠡ᠃ ᠨᠢᠮ᠎ᠠ᠄ 《ᠪᠦᠭᠦᠳᠡᠭᠡᠷ᠎ᠢᠶᠡᠨ ᠶᠠᠪᠤᠴᠢᠬᠠᠪᠠᠯ ᠬᠡᠨ ᠬᠢᠯᠢ᠎ᠶ᠋ᠢ ᠰᠠᠬᠢᠨ ᠬᠠᠮᠠᠭᠠᠯᠠᠬᠤ ᠪᠣᠶ?》 ᠬᠡᠵᠤ ᠦᠷᠭᠦᠯᠵᠢᠯᠡᠨ ᠬᠢᠯᠢ ᠬᠠᠮᠠᠭᠠᠯᠠᠵᠤ ᠰᠠᠭᠤᠪᠡ᠃

1975ᠣᠨ᠎ᠳᠤ᠂ ᠨᠢᠮ᠎ᠠ ᠰᠠᠨᠠᠭᠠᠴᠢᠯᠠᠭ᠎ᠠ᠎ᠠᠴᠠ᠎ᠪᠠᠨ ᠲᠤᠮᠳᠠᠳᠤ ᠤᠯᠤᠰ᠎ᠤᠨ ᠡᠪ ᠬᠠᠮᠳᠤ ᠨᠠᠮ᠎ᠳᠤ ᠣᠷᠣᠬᠤ ᠭᠤᠶᠤᠴᠢᠯᠠᠯ ᠎ᠤᠨ ᠪᠢᠴᠢᠭ᠎ᠢᠶᠡᠨ ᠲᠤᠱᠢᠶᠠᠪᠠ᠃ ᠤᠳᠠᠯ ᠦᠭᠡᠢ᠂ ᠲᠡᠷᠡ ᠢᠷᠠᠭᠤ ᠠᠯᠳᠠᠷ ᠲᠠᠢ ᠪᠡᠷ ᠨᠢᠬᠡᠨ ᠡᠪ ᠬᠠᠮᠲᠤ ᠨᠠᠮ᠎ᠤᠨ ᠭᠡᠱᠢᠭᠦᠨ ᠪᠣᠯᠪᠠ᠃ ᠲᠡᠷᠡ᠄ 《ᠨᠠᠮ᠎ᠳᠤ ᠣᠷᠣᠴᠢᠬᠠᠪᠠᠯ ᠪᠢ ᠨᠡᠩ ᠡᠷᠡᠰ ᠪᠠᠲᠤ᠎ᠪᠠᠷ ᠡᠬᠡ ᠤᠯᠤᠰ᠎ᠤᠨ ᠬᠢᠯᠢ ᠬᠢᠵᠠᠭᠠᠷ᠎ᠢ ᠰᠠᠬᠢᠨ ᠬᠠᠮᠠᠭᠠᠯᠠᠨ᠎ᠠ》 ᠬᠡᠪᠡ᠃


3.jpg


ᠨᠢᠮ᠎ᠠ ᠨᠠᠰᠤ ᠠᠬᠠᠱᠢᠷᠠᠵᠤ᠂ ᠬᠦᠦ ᠬᠠᠲᠠᠪᠦ᠋ᠬᠡ ᠡᠵᠢ᠎ᠶ᠋ᠢᠨ᠎ᠢᠶᠡᠨ ᠭᠠᠷ᠎ᠠᠴᠠ 《ᠪᠤᠤᠬᠢᠶ᠎ᠠ》 ᠵᠠᠯᠭᠠᠨ ᠦᠷᠭᠦᠯᠵᠢᠯᠡᠨ ᠬᠢᠯᠢ ᠰᠠᠬᠢᠵᠦ ᠠᠵᠢᠯᠯᠠᠪᠠ᠃ ᠤᠯᠠᠨ ᠵᠢᠯ᠎ᠦᠨ ᠲᠤᠷᠰᠢ᠂ ᠡᠬᠡ ᠬᠦᠦ ᠬᠣᠶᠠᠭᠤᠯᠠ ᠬᠢᠯᠢ ᠬᠢᠵᠠᠭᠠᠷ᠎ᠢ ᠰᠠᠬᠢᠨ ᠬᠠᠮᠠᠭᠠᠯᠠᠵᠤ᠂ ᠬᠢᠯᠢ᠎ᠶ᠋ᠢᠨ ᠱᠤᠭᠤᠮ᠎ᠢ ᠨᠡᠢ᠌ᠳᠡ 18 ᠲᠦᠮᠡ ᠭᠠᠷᠤᠢ ᠺᠢᠯᠤᠮᠸᠲᠷ ᠲᠣᠭᠣᠷᠢᠨ ᠬᠠᠮᠠᠭᠠᠯᠠᠵᠤ᠂ ᠬᠢᠯᠢ᠎ᠶ᠋ᠢᠨ ᠬᠠᠮᠠᠭᠠᠯᠠᠯᠲᠠ᠎ᠶ᠋ᠢᠨ ᠰᠤᠮᠤᠨ ᠠᠩᠬᠢ᠎ᠳᠤ ᠤᠯᠠᠨ ᠠᠷᠪᠢᠨ ᠬᠢᠯᠢ᠎ᠶᠢᠨ ᠰᠡᠵᠢᠭ᠌ᠳᠡᠢ ᠬᠥᠮᠦᠰ᠎ᠦᠨ ᠶᠠᠪᠤᠵᠤ ᠰᠠᠭᠤᠭ᠍ᠰᠠᠨ ᠪᠠᠢᠳᠠᠯ᠎ᠢ ᠮᠡᠳᠡᠭᠦᠯᠪᠡ ᠃

ᠡᠳᠦᠭᠡ ᠨᠢᠮ᠎ᠠ᠎ᠨᠠᠰᠤᠳᠡᠨ᠎ᠤ ᠠᠮᠢᠳᠤᠷᠠᠯ ᠢᠯᠡᠳᠲᠡ ᠰᠠᠢᠵᠢᠷᠠᠵᠤ᠂ ᠵᠠᠰᠠᠭ᠎ᠤᠨ ᠣᠷᠳᠣᠨ᠎ᠤ ᠬᠠᠮᠢᠶ᠎ᠠ ᠪᠦᠬᠦᠢ ᠰᠠᠯᠠᠭ᠎ᠠ ᠮᠥᠴᠢᠷ᠎ᠡᠴᠡ ᠲᠡᠳᠡᠨ᠎ᠳᠦ ᠰᠠᠯᠬᠢ ᠭᠡᠷᠡᠯ ᠬᠠᠷᠢᠯᠴᠠᠨ ᠨᠥᠬᠥᠪᠥᠷᠢᠯᠡᠭ᠌ᠰᠡᠨ ᠴᠠᠬᠢᠯᠭᠠᠨ ᠭᠠᠷᠭᠠᠬᠤ ᠮᠠᠱᠢᠨ᠂ 《ᠡᠯᠡᠰᠦᠨ ᠴᠦᠯ᠎ᠤᠨ 110》 ᠶᠠᠷᠢᠯᠴᠠᠭᠤᠷ ᠮᠠᠱᠢᠨ᠂ ᠬᠢᠯᠢ ᠰᠠᠬᠢᠬᠤ᠎ᠳᠤ ᠬᠡᠷᠡᠭ᠌ᠯᠡᠬᠦ᠌ ᠮᠣᠲ᠋ᠣᠷ ᠲᠡᠷᠭᠡ ᠵᠡᠷᠭᠡ᠎ᠶ᠋ᠢ ᠲᠤᠬᠢᠷᠠᠭᠤᠯᠵᠤ ᠥᠭ᠌ᠴᠡᠢ᠃

2020 ᠣᠨ ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ ᠎ᠤᠨ ᠬᠣᠷᠢᠶᠠᠨ ᠎ᠤ ᠤᠬᠠᠭᠤᠯᠬᠤ ᠬᠡᠯᠲᠡᠰ᠎ᠡᠴᠡ ᠨᠢᠮ᠎ᠠ᠎ᠨᠠᠰᠤᠳᠡᠨ᠎ᠳᠤ 《ᠤᠮᠠᠷᠠᠲᠤ ᠬᠢᠯᠢ᠎ᠶ᠋ᠢᠨ ᠵᠢᠱ᠌ᠢᠶᠡᠴᠢ 》 ᠵᠢᠨ ᠢᠷᠠᠭᠤ ᠠᠯᠳᠠᠷ ᠣᠯᠭᠣᠬᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠯᠢᠦ ᠯᠠᠨ ᠯᠠᠨ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面