ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠮᠠᠨ᠎ᠤ᠋ ᠱᠢᠨ᠎᠎ᠡ ᠴᠠᠭ ᠦᠶ᠎ᠡ

2022-06-08 10:34:30

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠤᠶᠠᠨᠭᠭ᠎ᠠ ᠪᠤᠯ ᠰᠢᠯᠢ᠎ᠶᠢᠨ ᠭᠤᠤᠯ ᠠᠢᠮᠠᠭ᠎ᠤᠨ ᠪᠠᠷᠠᠭᠤᠨ ᠦᠵᠦᠮᠦᠴᠢᠨ ᠬᠤᠰᠢᠭᠤᠨ᠎ᠤ ᠬᠡᠦᠬᠡᠨ ᠪᠢᠯᠡ᠃ 2017 ᠤᠨ᠎ᠳᠤ ᠲᠡᠷᠡ ᠮᠠᠨᠢ ᠶᠡᠬᠡ ᠰᠤᠷᠭᠠᠭᠤᠯᠢ ᠪᠠᠨ ᠲᠡᠬᠦᠰᠦᠭᠡᠳ ᠬᠦᠳᠡᠬᠡ ᠬᠠᠷᠢᠵᠦ ᠦᠢᠯᠡᠰ ᠪᠤᠰᠠᠬᠵᠠᠢ᠃ ᠲᠡᠷᠡ 《ᠲᠠᠯ᠎ᠠ ᠨᠤᠲᠤᠭ᠎ᠤᠨ ᠲᠦᠷᠦᠭᠳᠡᠯ ᠰᠢᠯᠢ᠎ᠶᠢᠨ ᠭᠤᠤᠯ》 ᠬᠡᠮᠡᠬᠦ 《ᠰᠢ ᠭᠤᠸᠠ ᠸᠢᠳᠢᠤ᠋》 ᠪᠠ ᠦᠨᠦᠲᠦᠷ᠎ᠤᠨ ᠲᠡᠷᠢᠬᠦᠨ ᠮᠡᠳᠡᠭᠡ ᠵᠡᠷᠭᠡ ᠎ᠳᠤᠭᠠᠷ᠎ᠢ ᠨᠡᠪᠳᠡᠷᠡᠬᠦᠯᠵᠦ᠂ 4 ᠵᠢᠯ᠎ᠤᠨ ᠲᠠᠷᠠᠭ᠎ᠠ 200 ᠲᠦᠮᠡᠨ ᠬᠦᠷᠢᠶᠯᠡᠭᠴᠢ ᠲᠠᠢ ᠰᠦᠯᠵᠢᠶᠡᠨ ᠴᠤᠤᠲᠠᠨ ᠪᠤᠯᠵᠠᠢ᠃


4 ᠵᠢᠯ᠎ᠤᠨ ᠲᠤᠷᠰᠢ ᠲᠡᠷᠡ 1600 ᠭᠠᠷᠤᠢ ᠸᠢᠳᠢᠣ᠋ ᠰᠡᠬᠦᠳᠡᠷᠯᠡᠵᠦ᠂ ᠪᠠᠢᠭᠠᠯᠢᠯᠢᠭ ᠪᠦᠬᠡᠳ ᠪᠤᠷᠤᠭᠵᠢᠭᠤᠨ ᠬᠡᠪ ᠨᠠᠮᠪᠠ ᠪᠡᠷ ᠮᠠᠯᠵᠢᠬᠤ ᠤᠷᠤᠨ᠎ᠤ ᠦᠨᠡᠨ ᠪᠤᠲᠠᠲᠠᠢ ᠠᠮᠢᠲᠤᠷᠠᠯ᠎ᠢ ᠪᠦᠬᠦ ᠲᠡᠯᠡᠭᠡᠢ᠎ᠶᠢᠨ ᠬᠠᠷᠠᠭᠠᠨ᠎ᠳᠤ ᠲᠡᠯᠭᠡᠨ ᠦᠵᠡᠬᠦᠯᠦᠭᠰᠡᠨ ᠪᠢᠯᠡ᠃《ᠨᠢᠬᠡ ᠬᠦᠮᠦᠨ ᠡᠴᠡ ᠪᠤᠯᠤᠭᠠᠳ ᠨᠢᠬᠡ ᠨᠤᠲᠤᠭ᠎ᠢ ᠲᠠᠨᠢᠨ᠎ᠠ》 ᠭᠡᠳᠡᠭ᠎ᠶ᠋ᠢᠡᠷ ᠤᠶᠠᠨᠭᠭ᠎ᠠ ᠡᠴᠡ ᠪᠤᠯᠤᠭᠠᠳ ᠰᠦᠯᠵᠢᠶᠡᠨ ᠠᠨᠲᠠ ᠨᠠᠷ ᠰᠢᠯᠢ᠎ᠶᠢᠨ ᠭᠤᠤᠯ ᠠᠢᠮᠠᠭ ᠲᠦ᠍ ᠵᠢᠭᠤᠯᠴᠢᠯᠠᠬᠤ ᠪᠡᠷ ᠢᠷᠡᠵᠡᠭᠡᠳᠡᠭ ᠪᠤᠯᠤᠬᠰᠠᠨ ᠪᠠᠢᠨ᠎ᠠ᠃ ᠤᠶᠠᠨᠭᠭ᠎ᠠ ᠦᠪᠡᠷ᠎ᠤᠨ ᠨᠦᠯᠦᠬᠡᠯᠡᠬᠦ ᠬᠦᠴᠦᠨ᠎ᠶ᠋ᠢᠡᠷ᠎ᠶ᠋ᠢᠡᠨ ᠭᠠᠵᠠᠷ ᠤᠷᠤᠨ᠎ᠤ ᠪᠠᠨ ᠵᠢᠭᠤᠯᠴᠢᠯᠠᠯ᠎ᠤᠨ ᠬᠦᠭᠵᠢᠯᠳᠡ᠎ᠶᠢ ᠲᠠᠢᠴᠢᠯᠠᠬᠰᠠᠨ ᠪᠠᠢᠨ᠎ᠠ᠃


5.jpg

2019 ᠤᠨ᠎ᠳᠤ ᠲᠡᠷᠡ ᠬᠦᠳᠡᠭᠡ ᠠᠵᠦ ᠠᠬᠤᠢ ᠬᠦᠳᠡᠬᠡ ᠲᠤᠰᠬᠤᠨ᠎ᠤ ᠶᠠᠮᠦᠨ᠎ᠤ ᠤᠷᠢᠯᠭ᠎ᠠ ᠪᠡᠷ᠂ ᠬᠦᠬᠡᠨᠠᠭᠤᠷ᠎ᠤᠨ ᠶᠠᠲᠠᠭᠤ ᠬᠦᠴᠢᠷᠳᠡᠯᠳᠡᠢ ᠰᠢᠶᠠᠨ᠎ᠳᠤ ᠬᠦᠷᠴᠦ ᠬᠢᠴᠢᠶᠠᠯᠯᠡᠨ᠂ 《ᠰᠢᠶᠠᠨ᠎ᠤ ᠲᠠᠷᠤᠭ᠎ᠠ ᠢᠷᠡᠯ᠎ᠡ》《ᠲᠦᠮᠦᠰᠦᠨ ᠬᠦᠮᠦᠷᠬᠡ ᠪᠡᠷ ᠶᠠᠲᠠᠭᠤ᠎ᠶᠢ ᠲᠡᠳᠬᠦᠬᠦ ᠲᠦᠯᠦᠪᠯᠡᠬᠡ》ᠵᠡᠷᠭᠡ ᠰᠢᠭᠤᠳ ᠨᠡᠪᠳᠡᠷᠡᠬᠦᠯᠬᠡ ᠪᠡᠷ ᠲᠠᠮᠵᠢᠨ ᠲᠤᠬᠠᠢ᠎ᠶᠢᠨ ᠭᠠᠵᠠᠷ᠎ᠤᠨ ᠶᠠᠲᠠᠭᠤ ᠬᠦᠴᠢᠷᠳᠡᠯᠳᠡᠢ ᠬᠤᠰᠢᠭᠤ ᠰᠢᠶᠠᠨ᠎ᠳᠦ ᠬᠠᠪᠰᠤᠷᠤᠨ 100 ᠲᠦᠮᠡᠨ ᠲᠦᠬᠦᠷᠢᠭ ᠤᠷᠴᠢᠮ᠎ᠤᠨ ᠪᠦᠲᠦᠭᠡᠭᠳᠡᠬᠦᠨ᠎ᠢ ᠰᠦᠯᠵᠢᠶᠡᠨ ᠲᠡᠭᠡᠷ᠎ᠡ ᠬᠤᠲᠠᠯᠲᠤᠨ ᠦᠭᠴᠡᠢ᠃ ᠲᠡᠷᠡ ᠤᠷᠢᠳ ᠬᠤᠵᠢᠳ ᠪᠠᠷᠠᠭᠤᠨ ᠦᠵᠦᠮᠦᠴᠢᠨ ᠬᠤᠰᠢᠭᠤᠨ᠎ᠤ ᠵᠢᠭᠤᠯᠴᠢᠯᠠᠯ᠎ᠤᠨ ᠲᠦᠷᠢ ᠲᠦᠷᠬᠦ᠎ᠶᠢᠨ ᠡᠯᠴᠢ᠂ ᠪᠦᠬᠦ ᠤᠯᠤᠰ᠎ᠤᠨ ᠰᠢᠯᠢᠳᠡᠭ ᠡᠪ ᠬᠠᠮᠲᠦ ᠵᠠᠯᠠᠭᠤᠴᠤᠳ᠎ᠤᠨ ᠡᠪᠯᠡᠯ᠎ᠤᠨ ᠬᠡᠰᠢᠬᠦᠨ ᠵᠡᠷᠭᠡ ᠢᠷᠠᠭᠤ ᠠᠯᠲᠠᠷ᠎ᠢ ᠬᠦᠷᠳᠡᠭᠰᠡᠨ ᠪᠦᠬᠡᠳ 《ᠪᠦᠬᠦᠳᠡ ᠨᠠᠢᠷᠠᠮᠲᠠᠬᠤ ᠲᠤᠮᠲᠠᠲᠦ ᠠᠷᠠᠳ ᠤᠯᠤᠰ ᠪᠠᠢᠭᠤᠯᠤᠬᠲᠠᠬᠰᠠᠨ 70 ᠵᠢᠯ᠎ᠤᠨ ᠤᠢ᠎ᠶᠢ ᠪᠡᠯᠭᠡᠯᠡᠬᠦ》ᠲᠤᠷᠠᠰᠬᠠᠯ᠎ᠤᠨ ᠲᠡᠮᠳᠡᠭ᠎ᠢ ᠬᠦᠷᠳᠡᠨ᠂ ᠠᠨᠭᠬᠠᠲᠤᠭᠠᠷ ᠬᠤᠭᠤᠴᠠᠭᠠᠨ᠎ᠤ ᠶᠠᠲᠠᠭᠤ᠎ᠶᠢ ᠲᠡᠳᠬᠦᠬᠦ ᠤᠬᠤᠷ ᠸᠢᠳᠢᠤ᠋᠎ᠶᠢᠨ ᠤᠷᠤᠯᠲᠤᠭᠠᠨ᠎ᠤ ᠬᠦᠷᠡᠯ ᠮᠸᠲᠠᠯ᠂ ᠰᠢᠯᠢ᠎ᠶᠢᠨ ᠭᠤᠤᠯ ᠠᠢᠮᠠᠭ᠎ᠤᠨ ᠠᠨᠭᠬᠠᠲᠤᠭᠠᠷ ᠬᠤᠭᠤᠴᠠᠭᠠᠨ᠎ᠤ ᠰᠦᠯᠵᠢᠶᠡᠨ ᠴᠤᠤᠲᠠᠨ᠎ᠤ ᠤᠷᠤᠯᠲᠤᠭᠠᠨ᠎ᠤ ᠤᠬᠠᠭᠤᠯᠭ᠎ᠠ ᠲᠡᠯᠭᠡᠷᠡᠬᠦᠯᠬᠡ᠎ᠶᠢᠨ ᠮᠦᠨᠭᠬᠦᠨ ᠮᠸᠲᠠᠯ ᠁ ᠵᠡᠷᠭᠡ ᠠᠯᠢ ᠤᠯᠠᠨ ᠱᠠᠨᠭᠨᠠᠯ ᠬᠦᠬᠢᠬᠦᠯᠦᠯ᠎ᠶ᠋ᠢᠡᠷ ᠡᠨᠭᠭᠡᠷ᠎ᠶ᠋ᠢᠡᠨ ᠮᠢᠯᠢᠶᠠᠯᠭᠠᠵᠠᠢ᠃


1.jpg

ᠴᠠᠭ ᠦᠶ᠎ᠡ ᠠᠵᠠ ᠵᠠᠪᠰᠢᠶᠠᠨ᠎ᠢ ᠪᠦᠲᠦᠭᠡᠵᠦ᠂ ᠲᠡᠮᠡᠴᠡᠯ ᠴᠢᠷᠮᠠᠢᠯᠭ᠎ᠠ ᠬᠦᠰᠡᠯ ᠵᠡᠬᠦᠲᠦ᠎ᠶᠢ ᠲᠡᠷᠭᠡᠯᠰᠢᠬᠦᠯᠦᠨ᠎ᠡ᠃ ᠬᠦᠰᠡᠯ᠎ᠤᠨ᠎ᠶ᠋ᠢᠡᠨ ᠲᠦᠯᠦᠬᠡ ᠴᠤᠴᠠᠰᠢ ᠦᠬᠡᠢ ᠤᠷᠤᠭᠰᠢ ᠲᠡᠮᠡᠦᠯᠪᠡᠯ ᠢᠷᠡᠭᠡᠲᠦᠢ ᠲᠠᠨ᠎ᠳᠤ ᠯᠠᠪᠲᠠᠢ ᠠᠮᠵᠢᠯᠲᠠ᠎ᠶᠢᠨ ᠵᠢᠮᠢᠰ ᠪᠡᠯᠡᠭᠯᠡᠬᠦ ᠶᠤᠮ᠃ ᠡᠨᠡ ᠪᠤᠯ ᠰᠠᠶᠢ ᠴᠠᠭ ᠦᠶ᠎ᠡ᠎ᠶᠢᠨ ᠡᠩ᠎ᠤᠨ ᠬᠦᠮᠦᠰ ᠲᠦ᠍ ᠤᠯᠭᠤᠭᠰᠠᠨ ᠠᠵᠠ ᠵᠠᠪᠰᠢᠶᠠᠨ ᠶᠤᠮ᠃





  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠱᠢᠶᠠᠩ ᠲᠣᠣ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面