ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠮᠠᠨ᠎ᠤ᠋ ᠱᠢᠨ᠎᠎ᠡ ᠴᠠᠭ ᠦᠶ᠎ᠡ

2022-06-09 10:57:07

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3



《1000 ᠵᠢᠩ ᠎ᠡᠴᠡ ᠳᠣᠷᠣᠭ᠍ᠰᠢᠬᠢ᠂ 1000 ᠵᠢᠩ ᠎ᠡᠴᠡ ᠳᠡᠭᠡᠭ᠌ᠰᠢᠬᠢ ᠪᠦᠷ ᠪᠠᠢᠨ᠎ᠠ᠂ ᠦᠨ᠎ᠡ᠎ᠨᠢ ᠠᠳᠠᠯᠢ ᠥᠬᠡᠶ᠂ 2 ᠲᠦᠮᠡ ᠭᠠᠷᠤᠶ᠂ 3 ᠲᠦᠮᠡ ᠭᠠᠷᠤᠶ᠎ᠶᠢᠨ ᠦᠬᠡᠷ ᠪᠦᠷ ᠪᠠᠢᠨ᠎ᠠ᠂ ᠤᠯᠠᠭᠠᠨ ᠦᠬᠡᠷ ᠬᠤᠳᠠᠯᠳᠤᠨ ᠠᠪᠬᠤ ᠰᠠᠨᠠᠭ᠎ᠠ ᠲᠠᠶ ᠬᠥᠮᠦᠰ ᠠᠩᠬᠠᠷᠤᠯ ᠬᠠᠨᠳᠤᠭᠤᠯᠤᠭᠠᠷᠠᠢ ᠁》 ᠲᠦᠩᠯᠢᠶᠣᠤ ᠬᠤᠳᠠ᠎ᠶ᠋ᠢᠨ ᠬᠣᠷᠴᠢᠨ ᠵᠡᠭᠦᠨ ᠭᠠᠷᠤᠨ ᠬᠣᠢᠲᠤ ᠬᠣᠱᠢᠭᠤᠨ᠎ᠤ ᠪᠠᠭᠠᠳᠠᠯ᠎ᠠ᠎ᠰᠤᠮᠤᠨ ᠎ᠤ ᠵᠤᠤ ᠎ᠶ᠋ᠢᠨ ᠰᠦᠮ᠎ᠠ ᠭᠠᠴᠠᠭᠠᠨ ᠎ᠤ ᠨᠠᠷᠠᠨᠴᠡᠴᠡᠭ ᠦᠬᠡᠷ᠎ᠦᠨ ᠬᠠᠱᠢᠶᠠᠨ ᠳ᠋ᠠᠭᠠᠨ᠎ᠱᠢᠭᠤᠳ ᠨᠡᠪᠲᠡᠷᠡᠭᠦᠯᠬᠡ ᠬᠢᠵᠦ ᠪᠠᠢᠯ᠎ᠠ᠃ ᠨᠠᠷᠠᠨᠴᠡᠴᠡᠭ ᠡᠴᠡ ᠦᠬᠡᠷ ᠎ᠦᠨ ᠡᠭᠦᠯᠳᠡᠷ᠂ ᠨᠠᠰᠦ ᠵᠢᠯ ᠪᠠ ᠦᠨ᠎ᠡ ᠬᠠᠩᠰᠢ ᠎ᠵᠢ ᠨᠢ ᠲᠠᠨᠢᠯᠴᠠᠭᠤᠯᠤᠬᠰᠠᠨ᠎ᠤ ᠲᠠᠷᠠᠭ᠎ᠠ 8 ᠤᠯᠠᠭᠠᠨ ᠦᠬᠡᠷ ᠎ᠢ ᠨᠢ ᠰᠧᠴᠤᠸᠠᠨ ᠎ᠤ ᠬᠤᠳᠠᠯᠳᠤᠭᠠᠴᠢᠨ ᠵᠠᠬᠢᠶᠠᠯᠠᠬᠰᠠᠨ ᠪᠠᠢᠨ᠎ᠠ᠃


1.jpg


ᠨᠠᠷᠠᠨᠴᠡᠴᠡᠭ᠎ᠦᠨ ᠬᠢᠨ ᠎ᠤ 260 ᠦᠬᠡᠷ ᠪᠤᠢ᠂ ᠣᠳᠣᠬᠢᠴᠢᠯᠠᠭ᠍ᠰᠠᠨ ᠲᠡᠵᠢᠭᠡᠨ ᠦᠷᠡᠵᠢᠭᠦᠯᠬᠦ᠌ ᠠᠷᠭ᠎ᠠ ᠮᠠᠶᠢᠭ᠎ᠢᠶᠡᠷ ᠳᠠᠮᠵᠢᠨ ᠬᠦᠷᠢᠶ᠎ᠠ ᠬᠡᠪᠴᠢᠶ᠎ᠠ ᠨᠢ ᠠᠭᠠᠵᠢᠮ᠎ᠢᠶᠠᠷ ᠥᠷᠭᠡᠵᠢᠵᠡᠢ᠃ ᠲᠡᠬᠦᠨ ᠎ᠤ ᠲᠠᠨᠢᠯᠴᠠᠭᠤᠯᠤᠬᠰᠠᠨ᠎ᠢᠶᠡᠷ᠂ ᠰᠢᠭᠤᠳ ᠨᠡᠪᠳᠡᠷᠡᠬᠦᠯᠬᠡ ᠪᠡᠷ ᠲᠠᠮᠵᠢᠨ ᠵᠢᠯ ᠎ᠳᠦ 1000 ᠭᠠᠷᠤᠶ ᠦᠬᠡᠷ ᠬᠤᠳᠠᠯᠳᠤᠵᠦ᠂ 100 ᠭᠠᠷᠤᠶ ᠲᠦᠮᠡᠨ ᠲᠥᠭᠥᠷᠢᠭ ᠎ᠦᠨ ᠣᠷᠣᠯᠭ᠎ᠠ ᠣᠯᠵᠤ ᠪᠤᠢ᠃ ᠨᠠᠷᠠᠨᠴᠡᠴᠡᠭ ᠢᠨᠲᠧᠷ ᠰᠦᠯᠵᠢᠶ᠎ᠠ᠎ᠵᠢ ᠠᠰᠢᠬᠯᠠᠬᠰᠠᠨ 4 ᠵᠢᠯ ᠎ᠤᠨ ᠬᠤᠭᠤᠴᠠᠭᠠᠨ᠎ᠳᠦ ᠨᠡᠢᠳᠡ 5.8 ᠲᠦᠮᠡᠨ ᠬᠦᠷᠢᠶᠡᠯᠡᠭᠴᠢ ᠲᠠᠢ ᠪᠤᠯᠪᠠ᠃ ᠲᠡᠷᠡ ᠪᠠᠰᠠ ᠲᠣᠰᠭᠣᠨ᠎ᠤ ᠪᠠᠨ ᠨᠠᠶ᠋ᠮᠠ ᠶᠢᠰᠦᠨ ᠬᠥᠮᠦᠨ᠎ᠲᠡᠶ ᠬᠠᠮᠳᠤᠷᠠᠨ ᠰᠦᠯᠵᠢᠶᠡᠨ ᠳᠡᠭᠡᠷᠡᠬᠢ ᠪᠣᠷᠣᠯᠠᠭᠤᠯᠭ᠎ᠠ᠎ᠶ᠋ᠢᠨ ᠲᠠᠪᠴᠠᠩ ᠵᠢᠡᠷ ᠳᠠᠮᠵᠢᠨ᠂ ᠭᠠᠴᠠᠭᠠᠨ᠎ᠤ ᠪᠠᠨ ᠠᠮᠢᠳᠤ ᠦᠬᠡᠷ ᠎ᠤᠨ ᠠᠷᠠᠯᠵᠢᠶᠠᠨ᠎ᠤ ᠵᠠᠬ᠎ᠠ ᠳᠡᠯᠭᠡᠭᠦᠷ ᠎ᠢ ᠬᠦᠭᠵᠢᠬᠡᠵᠦ᠂ ᠮᠠᠯᠴᠢᠳ ᠎ᠢ ᠭᠡᠷ᠎ᠡᠴᠡ᠎ᠪᠡᠨ ᠭᠠᠷᠤᠯ ᠦᠭᠡᠢ ᠪᠡᠷ ᠦᠬᠡᠷ ᠮᠠᠯ᠎ᠢᠶᠡᠨ ᠪᠦᠬᠦ᠌ ᠤᠯᠤᠰ᠎ᠤᠨ ᠡᠯ᠎ᠡ ᠭᠠᠵᠠᠷ᠎ᠲᠤ ᠬᠤᠳᠠᠯᠳᠤᠵᠦ ᠲᠡᠢᠯᠬᠦ ᠪᠤᠯᠭᠠᠪᠠ᠃


2.jpg

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠯᠢᠦ ᠯᠠᠨ ᠯᠠᠨ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面