ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠮᠠᠨ᠎ᠤ᠋ ᠱᠢᠨ᠎᠎ᠡ ᠴᠠᠭ ᠦᠶ᠎ᠡ

2022-06-14 10:09:54

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3


ᠯᠦᠸᠧ ᠯᠠᠨ ᠶᠢᠩ ᠪᠣᠯ ᠬᠦᠯᠦᠨ ᠪᠤᠢᠷ ᠬᠤᠳᠡ᠎ᠶᠢᠨ ᠵᠠᠯᠠᠨ ᠠᠢᠯ ᠬᠤᠳᠠ ᠎ᠶ᠋ᠢᠨ ᠮᠥᠬᠥᠴᠢ ᠪᠠᠯᠭᠠᠰᠤ ᠎ᠶ᠋ᠢᠨ ᠭᠦᠩ ᠵᠢᠶᠠ ᠵᠢᠶᠧ ᠲᠣᠰᠭᠣᠨ᠎ᠤ ᠨᠠᠮ᠎ᠤᠨ ᠡᠬᠦᠷ ᠎ᠤᠨ ᠱᠦᠵᠢ ᠪᠣᠯᠤᠨ᠎ᠠ᠃ ᠲᠡᠷᠡ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠵᠠᠮ ᠳᠡᠭᠡᠷ᠎ᠡ ᠯᠠᠪᠳᠠᠭᠤᠨ ᠪᠠᠲᠤᠲᠠᠢ ᠠᠵᠢᠯᠯᠠᠵᠤ᠂ ᠲᠣᠰᠭᠣᠨ᠎ᠤ ᠠᠷᠠᠳ᠎ᠢ ᠳᠠᠢ᠌ᠴᠢᠯᠠᠨ ᠲᠠᠬᠢᠶ᠎ᠠ ᠲᠡᠵᠢᠭᠡᠭᠡᠳ ᠣᠷᠣᠯᠭ᠎ᠠ᠎ᠶ᠋ᠢ ᠨᠢ ᠨᠡᠮᠡᠭ᠌ᠳᠡᠭᠦᠯᠦᠨ ᠪᠠᠶᠠᠵᠢᠭᠤᠯᠪᠠ᠃


4.jpg

《ᠣᠳᠣᠬᠢᠴᠢᠯᠠᠭ᠍ᠰᠠᠨ ᠮᠠᠶᠢᠭ ᠎ᠢᠶᠡᠷ ᠲᠠᠬᠢᠶ᠎ᠠ ᠲᠡᠵᠢᠭᠡᠭᠡᠳ ᠬᠥᠮᠦᠨ ᠎ᠦ ᠬᠦᠴᠦ᠍᠂ ᠴᠠᠭ ᠪᠠ ᠥᠪᠡᠷ ᠎ᠦᠨ ᠥᠷᠲᠡᠭ ᠎ᠢ ᠶᠡᠬᠡ ᠎ᠪᠡᠷ ᠠᠷᠪᠢᠯᠠᠵᠦ᠂ ᠣᠳᠣᠬᠠᠨ ᠎ᠳᠤ ᠨᠢᠭᠡ ᠲᠠᠬᠢᠶᠠᠨ ᠴᠤᠷᠪᠠᠭ᠎ᠠ ᠡᠴᠡ ᠵᠢᠷᠭᠤᠭ᠎ᠠ ᠳᠣᠯᠣᠭᠠᠨ ᠲᠥᠭᠥᠷᠢᠭ ᠎ᠤᠨ ᠠᠰᠢᠭ ᠣᠯᠵᠤ ᠪᠤᠢ᠃ ᠲᠡᠷᠡᠴᠢᠯᠡᠨ ᠲᠣᠭ᠍ᠲᠠᠭ᠍ᠰᠠᠨ ᠪᠣᠷᠣᠯᠠᠭᠤᠯᠭ᠎ᠠ ᠎ᠶ᠋ᠢᠨ ᠠᠷᠭ᠎ᠠ ᠵᠠᠮ᠎ᠲᠠᠶ ᠪᠤᠯᠬᠤᠷ ᠪᠣᠷᠣᠯᠠᠭᠤᠯᠭ᠎ᠠ ᠎ᠶ᠋ᠢᠨ ᠲᠠᠯ᠎ᠠ ᠪᠡᠷ ᠰᠠᠨᠠᠭ᠎ᠠ ᠪᠤᠯᠬᠤ ᠦᠭᠡᠢ᠂ ᠣᠳᠣ ᠎ᠶ᠋ᠢᠨ ᠡᠵᠡᠩᠨᠡᠯᠲᠡ᠎ᠶ᠋ᠢᠨ ᠦᠷ᠎ᠡ ᠠᠱᠢᠭ ᠨᠡᠯᠢᠶᠡᠳ ᠵᠦᠭᠡᠷ ᠪᠠᠢᠨ᠎ᠠ》ᠭᠡᠵᠦ᠍ ᠯᠦᠸᠧ ᠯᠠᠨ ᠶᠢᠩ ᠪᠠᠶᠠᠷᠳᠠᠢ ᠶᠠᠷᠢᠨ᠎ᠠ᠃

《〈ᠲᠦᠮᠡᠨ ᠶᠠᠪᠤᠳᠠᠯ ᠎ᠤᠨ ᠲᠦᠷᠦᠭᠦᠦ ᠠᠯᠬᠤᠮ ᠨᠢ ᠬᠦᠴᠢᠷ〉ᠬᠡᠳᠡᠭ ᠵᠢᠡᠷ᠂ 2017 ᠣᠨ᠎ᠳᠤ ᠪᠢ ᠭᠠᠭ᠍ᠴᠠᠭᠠᠷ᠎ᠢᠶᠠᠨ ᠴᠠᠭᠠᠨ ᠥᠳᠥᠲᠦ ᠲᠠᠬᠢᠶ᠎ᠠ ᠲᠡᠵᠢᠭᠡᠬᠦ᠌ ᠦᠢᠯᠡᠰ ᠎ᠢ ᠲᠤᠷᠱᠢᠵᠤ ᠬᠢᠵᠠᠢ᠃ 100 ᠭᠠᠷᠤᠢ ᠲᠦᠮᠡᠨ ᠲᠥᠭᠥᠷᠢᠭ ᠎ᠦᠨ ᠪᠠᠯᠠ ᠮᠥᠩᠭᠥ᠌ ᠣᠷᠣᠭᠤᠯᠤᠭ᠍ᠰᠠᠨ᠎ᠤ ᠳᠠᠷᠠᠭ᠎ᠠ᠂ ᠪᠠᠯᠠ ᠮᠥᠩᠭᠥ᠌ ᠮᠢᠨᠢ ᠬᠦᠷᠦᠯᠴᠡᠬᠦ᠌ ᠥᠬᠡᠶ ᠪᠣᠯᠵᠣ᠂ ᠲᠥᠷᠥᠯ ᠰᠠᠳᠤᠨ ᠨᠠᠢᠵᠠ ᠨᠥᠬᠥᠳ᠎ᠡᠴᠡ ᠪᠡᠨ ᠵᠣᠭᠣᠰ ᠵᠢᠭᠡᠯᠡᠨ ᠲᠠᠯᠠᠪᠤᠷ ᠪᠠᠢᠭᠤᠯᠵᠤ᠂ ᠲᠣᠨᠣᠭ ᠲᠥᠬᠥᠭᠡᠷᠦᠮᠵᠢ ᠬᠤᠳᠠᠯᠳᠤᠨ ᠠᠪᠴᠤ᠌᠂ ᠲᠠᠬᠢᠶᠠᠨ ᠴᠤᠷᠪᠠᠭ᠎ᠠ ᠣᠷᠣᠭᠤᠯᠦᠨ᠂ ᠪᠣᠷᠣᠯᠠᠭᠤᠯᠬᠤ ᠵᠠᠮ ᠡᠷᠢᠵᠦ᠍ ᠁ ᠡᠢᠨᠬᠦ ᠡᠳᠦᠷᠵᠢᠨ ᠡᠷᠲᠡᠯᠡᠵᠦ᠍ ᠣᠷᠣᠢᠯᠠᠨ ᠪᠠᠢᠭᠠᠳ ᠤᠳᠤ ᠵᠢᠨ ᠲᠠᠬᠢᠶ᠎ᠠ ᠲᠡᠵᠢᠭᠡᠬᠦ᠌ ᠲᠠᠯᠠᠪᠤᠷ᠎ᠲᠠᠢ ᠪᠤᠯᠤᠬᠰᠠᠨ ᠰᠢᠦ》 ᠬᠡᠵᠦ ᠯᠦᠧᠧ ᠯᠠᠨ ᠶᠢᠩ ᠲᠡᠷᠡ ᠦᠶ᠎ᠠ᠎ᠶᠢᠨ ᠪᠠᠢᠳᠠᠯ᠎ᠢᠶᠡᠨ ᠡᠷᠬᠢᠴᠡᠬᠦᠯᠦᠨ ᠶᠠᠷᠢᠨ᠎ᠠ᠃


5.jpg


ᠲᠡᠭᠦᠨ ᠎ᠦ ᠲᠠᠰᠤᠷᠠᠯᠲᠠ ᠦᠭᠡᠢ ᠴᠢᠷᠮᠠᠢᠯᠭ᠎ᠠ ᠎ᠪᠠᠷ ᠲᠠᠮᠵᠢᠨ᠂ ᠳᠠᠬᠢᠶ᠎ᠠ ᠲᠡᠵᠢᠭᠡᠬᠦ᠌ ᠲᠠᠯᠠᠪᠤᠷ ᠎ᠤᠨ ᠬᠢᠨᠢ ᠦᠷ᠎ᠡ ᠠᠱᠢᠭ ᠡᠳᠦᠷ᠎ᠡᠴᠡ ᠡᠳᠦᠷ ᠰᠠᠢᠵᠢᠷᠠᠪᠡ᠃ ᠡᠳᠡᠭᠡᠷ ᠵᠢᠯ ᠎ᠦᠳ᠎ᠲᠦ᠂ ᠯᠦᠸᠧ ᠯᠠᠨ ᠶᠢᠩ ᠣᠳᠣᠬᠢᠴᠢᠯᠠᠬᠤ᠂ ᠵᠢᠷᠤᠮᠵᠢᠭᠤᠯᠬᠤ᠂ ᠠᠦ᠋ᠲ᠋ᠣᠴᠢᠯᠠᠬᠤ ᠵᠡᠷᠬᠡ ᠲᠡᠵᠢᠭᠡᠨ ᠦᠷᠡᠵᠢᠭᠦᠯᠬᠦ᠌ ᠠᠷᠭ᠎ᠠ ᠎ᠵᠢ ᠲᠠᠰᠤᠷᠠᠯᠳᠠ ᠦᠭᠡᠢ ᠰᠤᠷᠤᠯᠴᠠᠵᠦ᠂ ᠲᠠᠬᠢᠶ᠎ᠠ ᠲᠡᠵᠢᠬᠡᠬᠦ ᠲᠠᠯᠠᠪᠤᠷ ᠲᠦ᠍ ᠠᠦ᠋ᠲ᠋ᠣ᠋ ᠲᠥᠬᠥᠭᠡᠷᠦᠮᠵᠢ ᠤᠷᠤᠭᠤᠯᠦᠨ᠂ ᠤᠳᠤᠬᠢᠴᠢᠯᠠᠬᠰᠠᠨ ᠲᠡᠵᠢᠭᠡᠨ ᠦᠷᠡᠵᠢᠭᠦᠯᠬᠦ᠌ ᠰᠠᠭᠤᠷᠢᠨ᠎ᠳᠦ ᠨᠢ ᠬᠣᠶᠠᠷᠬᠠᠨ ᠬᠥᠮᠦᠨ ᠠᠵᠢᠯᠯᠠᠪᠠᠯ ᠬᠦᠷᠴᠢᠭᠡᠭᠦ ᠪᠤᠯᠤᠬᠰᠠᠨ ᠶᠤᠮ᠃ ᠡᠨᠡ ᠨᠢ ᠬᠥᠮᠦᠨ᠎ᠦ ᠬᠦᠴᠦ᠍ ᠪᠠ ᠪᠣᠳᠠᠰ᠎ᠤᠨ ᠬᠦᠴᠦ᠍᠎ᠶ᠋ᠢ ᠶᠡᠬᠡ ᠬᠡᠮᠵᠢᠶ᠎ᠡ ᠪᠡᠷ ᠠᠷᠪᠢᠯᠠᠬᠰᠠᠨ ᠪᠠᠢᠨ᠎ᠠ᠃

《ᠤᠳᠤ ᠲᠤᠰᠬᠤᠨ ᠎ᠤ ᠬᠠᠮᠳᠤ ᠎ᠶᠢᠨ ᠠᠵᠦ ᠠᠬᠤᠢ ᠎ᠶᠢᠨ ᠲᠡᠵᠢᠬᠡᠨ ᠦᠷᠡᠵᠢᠬᠦᠯᠬᠦ ᠲᠠᠯᠠᠪᠤᠷ ᠎ᠢ ᠬᠤᠪᠢ ᠬᠥᠮᠦᠨ᠎ᠳᠦ ᠳᠠᠭᠠᠭᠠᠴᠢᠯᠠᠭᠤᠯᠤᠨ ᠡᠵᠡᠩᠨᠡᠭᠦᠯᠵᠦ᠍᠂ ᠬᠤᠷᠢᠶᠠᠭ᠍ᠰᠠᠨ ᠲᠦᠷᠢᠶᠡᠰᠦᠨ ᠮᠥᠩᠭᠥ ᠪᠡᠷ ᠎ᠢᠶᠡᠨ ᠲᠣᠰᠭᠣᠨ᠎ᠳᠤ ᠵᠠᠮ ᠵᠠᠰᠠᠵᠤ᠂ ᠲᠣᠰᠭᠣᠨ ᠎ᠤ ᠠᠷᠠᠳ᠎ᠢ ᠬᠠᠪᠰᠤᠷᠤᠨ ᠲᠠᠷᠢᠶᠠᠨ ᠭᠠᠵᠠᠷ ᠎ᠤᠨ ᠵᠥᠷᠢᠭ ᠵᠠᠮ ᠎ᠢ ᠵᠠᠰᠠᠵᠤ ᠦᠭᠴᠡᠢ》ᠬᠡᠵᠦ ᠯᠦᠸᠧ ᠯᠠᠨ ᠶᠢᠩ ᠲᠠᠨᠢᠯᠴᠠᠭᠤᠯᠤᠨ᠎ᠠ᠃


3.jpg

ᠤᠢ᠍ᠢᠷ᠎ᠠ᠎ᠶ᠋ᠢᠨ ᠵᠢᠯ᠎ᠳᠦ᠂ ᠯᠦᠸᠧ ᠯᠠᠨ ᠶᠢᠩ ᠥᠪᠡᠷᠲᠡᠭᠡᠨ ᠵᠠᠰᠠᠬᠤ ᠣᠷᠣᠨ ᠎ᠤ ᠨᠠᠮ᠎ᠤᠨ ᠲᠥᠯᠥᠭᠡᠯᠡᠭ᠌ᠴᠢ᠂ ᠬᠥᠯᠥᠨ ᠪᠤᠢ᠌ᠷ ᠬᠤᠳᠠ ᠎ᠶᠢᠨ ᠨᠠᠮ᠎ᠤᠨ ᠲᠥᠯᠥᠭᠡᠯᠡᠭ᠌ᠴᠢ᠂ ᠲᠡᠷᠢᠭᠦᠨ ᠎ᠦ ᠬᠤᠪᠢ ᠬᠥᠮᠦᠨ᠎ᠢᠶᠡᠷ ᠰᠣᠩᠭᠣᠭ᠍ᠳᠠᠪᠠ᠃ ᠲᠡᠷᠡ᠄ 《ᠢᠷᠠᠭᠤ ᠠᠯᠳᠠᠷ ᠬᠦᠷᠳᠡᠭᠦ ᠳ᠋ᠡᠭᠡᠨ ᠪᠡᠶ᠎ᠡ ᠳᠡᠭᠡᠷᠡᠬᠢ ᠡᠭᠦᠷᠭᠡ ᠨᠡᠩ ᠬᠦᠨᠳᠦ ᠪᠣᠯᠤᠭ᠍ᠰᠠᠨ ᠬᠡᠳᠡᠭ ᠎ᠢ ᠮᠡᠳᠡᠵᠦ ᠪᠠᠢᠨ᠎ᠠ᠂ ᠪᠢ ᠲᠣᠰᠭᠣᠨ ᠎ᠤ ᠠᠷᠠᠳ ᠲᠠᠭᠠᠨ ᠬᠠᠷᠢᠭᠤᠴᠠᠵᠤ᠂ ᠲᠣᠰᠭᠣᠨ ᠎ᠤ ᠠᠵᠤ ᠠᠬᠤᠢ ᠎ᠶ᠋ᠢᠨ ᠦᠷ᠎ᠡ ᠠᠱᠢᠭ᠎ᠢ ᠳᠡᠭᠡᠭ᠌ᠰᠢᠯᠡᠭᠦᠯᠦᠨ᠂ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠵᠦ᠍᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠳᠤ ᠥᠪᠡᠷ᠎ᠦᠨ ᠬᠤᠪᠢ ᠨᠡᠮᠡᠷᠢ ᠎ᠪᠡᠨ ᠦᠵᠡᠭᠦᠯᠦᠨ᠎ᠡ》 ᠬᠡᠮᠡᠨ ᠢᠳᠡᠭᠡᠯᠳᠡᠢᠭᠡᠨ ᠬᠡᠯᠡᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠯᠢᠦ ᠯᠠᠨ ᠯᠠᠨ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面