ᠱᠢᠨ᠎᠎ᠡ ᠴᠠᠭ ᠦᠶ᠎ᠡ᠎ᠳ᠋ᠦ᠍ ᠭᠠᠪᠢᠶ᠎ᠠ ᠪᠠᠢᠭᠤᠯᠤᠶ᠎ᠠ > ᠮᠠᠨ᠎ᠤ᠋ ᠱᠢᠨ᠎᠎ᠡ ᠴᠠᠭ ᠦᠶ᠎ᠡ

2022-06-14 10:21:37

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3



ᠵᠦ᠍ ᠤᠶᠠᠩᠭ᠎ᠠ ᠪᠤᠯ ᠬᠥᠬᠡᠬᠣᠲᠠ ᠦᠨᠳᠦᠰᠦᠲᠡᠨ ᠎ᠦ ᠳᠡᠭᠡᠳᠦ ᠰᠤᠷᠭᠠᠭᠤᠯᠢ ᠎ᠶ᠋ᠢᠨ ᠰᠤᠷᠬᠤ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ ᠎ᠦᠨ ᠳᠡᠭᠡᠳᠦ ᠰᠤᠷᠭᠠᠭᠤᠯᠢ ᠎ᠶ᠋ᠢᠨ ᠵᠢᠭᠠᠨ ᠰᠤᠷᠭᠠᠯᠲᠠ ᠡᠷᠳᠡᠮ ᠱᠢᠨᠵᠢᠯᠡᠭᠡᠨ ᠎ᠦ ᠠᠯᠪᠠᠨ ᠭᠡᠷ ᠎ᠦᠨ ᠡᠷᠬᠢᠯᠡᠭ᠌ᠴᠢ ᠪᠤᠯᠤᠨ᠎ᠠ᠃

ᠪᠠᠭ᠍ᠰᠢ ᠎ᠶ᠋ᠢᠨ ᠲᠤᠰᠬᠠᠢ ᠮᠡᠷᠭᠡᠵᠢᠯ ᠎ᠤᠨ ᠶᠡᠬᠡ ᠳᠡᠭᠡᠳᠦ ᠰᠤᠷᠭᠠᠭᠤᠯᠢ᠎ᠠᠴᠠ ᠲᠡᠭᠦᠰᠦᠭ᠌ᠰᠡᠨ ᠪᠤᠯᠬᠤᠷ ᠲᠡᠷᠡ ᠮᠠᠨᠢ ᠬᠦᠰᠡᠨ ᠬᠦᠯᠢᠶᠡᠵᠦ ᠪᠠᠢᠬᠰᠠᠨ ᠪᠠᠬᠰᠢ ᠎ᠶᠢᠨ ᠠᠵᠢᠯ ᠎ᠳᠤ ᠬᠤᠪᠢᠶᠠᠬᠲᠠᠵᠠᠢ᠃ 10 ᠵᠢᠯ ᠱᠢᠬᠠᠮ ᠎ᠤᠨ ᠬᠤᠭᠤᠴᠠᠭᠠᠨ᠎ᠳᠤ᠂ ᠲᠡᠷᠡ ᠤᠶᠤᠨ ᠮᠡᠳᠡᠯᠭᠡ ᠪᠠᠨ ᠰᠤᠷᠤᠭᠴᠢᠳ ᠲᠠᠭᠠᠨ ᠶᠡᠬᠦᠯᠡᠵᠦ᠂ ᠰᠤᠷᠭᠠᠨ ᠬᠦᠮᠦᠵᠢᠯ ᠎ᠤᠨ ᠦᠢᠯᠡᠰ ᠲᠦ᠍ ᠭᠠᠭᠴᠠᠬᠠᠨ ᠰᠡᠳᠬᠢᠯ ᠎ᠶ᠋ᠢᠡᠷ ᠵᠢᠳᠬᠦᠵᠦ᠂ ᠬᠦᠰᠡᠯ ᠵᠡᠭᠦᠳᠦ᠍ ᠎ᠪᠡᠨ ᠲᠡᠷᠭᠡᠯᠰᠢᠬᠦᠯᠵᠦ ᠪᠠᠢᠨ᠎ᠠ᠃


1.jpg

《ᠪᠠᠬᠰᠢ》 ᠬᠡᠳᠡᠭ ᠡᠨᠡ ᠬᠦ᠌ ᠭᠠᠭᠴᠠᠭᠠᠨ ᠦᠰᠦᠭ ᠎ᠤᠨ ᠴᠠᠭᠠᠨ᠎ᠠ ᠳᠡᠭᠡᠳᠦ ᠰᠤᠷᠭᠠᠭᠤᠯᠢ ᠎ᠶ᠋ᠢᠨ ᠪᠠᠭ᠍ᠰᠢ ᠎ᠶ᠋ᠢᠨ ᠬᠠᠷᠢᠭᠤᠴᠠᠯᠭ᠎ᠠ ᠪᠠ ᠡᠭᠦᠷᠭᠡᠯᠡᠯ ᠨᠢᠭᠤᠬ᠍ᠲᠠᠵᠦ᠍ ᠪᠠᠢᠲᠠᠭ ᠎ᠢ ᠲᠡᠷᠡ ᠮᠡᠳᠡᠳᠡᠭ ᠪᠤᠯᠬᠤᠷ ᠵᠢᠭᠠᠨ ᠰᠤᠷᠭᠠᠯᠲᠠ ᠎ᠶᠢᠨ ᠠᠵᠢᠯ ᠎ᠳᠠᠭᠠᠨ ᠰᠢᠨ᠎ᠡ ᠎ᠶᠢ ᠡᠬᠦᠳᠴᠦ᠂ ᠰᠤᠷᠤᠭᠴᠢᠳ᠎ᠤᠨ ᠎ᠶ᠋ᠢᠡᠨ ᠦᠰᠦᠨ ᠪᠤᠢᠵᠢᠯᠲᠠ ᠎ᠶᠢ ᠠᠨᠭᠬᠠᠷᠴᠦ ᠡᠬᠦᠷᠭᠡ ᠬᠠᠷᠢᠭᠤᠴᠠᠯᠭ᠎ᠠ ᠎ᠳᠠᠭᠠᠨ ᠤᠰᠤᠯᠲᠠᠯ ᠦᠬᠡᠢ ᠴᠢᠷᠮᠠᠢᠨ ᠠᠵᠢᠯᠯᠠᠵᠦ᠂ ᠬᠢᠴᠢᠶᠡᠯ ᠎ᠦᠨ ᠲᠠᠩᠬᠢᠮ ᠎ᠤᠨ ᠵᠢᠭᠠᠨ ᠰᠤᠷᠭᠠᠯᠲᠠ ᠪᠠ ᠰᠣᠯᠢᠯᠴᠠᠭ᠎ᠠ ᠳᠤᠮᠳᠠ ᠪᠠᠨ ᠲᠡᠷᠡ ᠲᠠᠰᠤᠷᠠᠯᠲᠠ ᠥᠬᠡᠶ ᠳ᠋ᠦᠩᠨᠡᠯᠲᠡ ᠬᠢᠵᠦ᠍᠂ ᠣᠯᠠᠨ ᠵᠦᠶ᠋ᠯ ᠎ᠦᠨ ᠰᠤᠳᠤᠯᠭᠠᠨ ᠪᠠ ᠰᠤᠷᠬᠤ ᠪᠢᠴᠢᠭ ᠨᠠᠢᠷᠠᠭᠤᠯᠤᠨ ᠪᠢᠴᠢᠬᠦ᠌ ᠠᠵᠢᠯ ᠎ᠳᠤ ᠢᠳᠡᠪᠬᠢᠳᠡᠢ ᠤᠷᠤᠯᠴᠠᠨ᠂ ᠠᠵᠢᠯ ᠎ᠤᠨ ᠪᠠᠢᠷᠢ ᠎ᠶ᠋ᠢᠨ ᠎ᠶ᠋ᠢᠡᠨ ᠠᠯᠬᠤᠮ ᠪᠦᠷᠢ ᠎ᠶᠢ ᠯᠠᠪᠲᠠᠭᠤᠨ ᠠᠯᠬᠤᠬᠰᠠᠭᠠᠷ ᠢᠷᠡᠵᠡᠢ᠃


2.jpg

ᠲᠡᠷᠡ ᠲᠠᠨᠭᠲᠠ᠄ 《ᠪᠢ ᠡᠨᠡ ᠴᠠᠭ ᠦᠶ᠎ᠡ᠎ᠳᠦ ᠲᠠᠯᠠᠷᠬᠠᠲᠠᠭ᠂ ᠤᠴᠢᠷ ᠨᠢ ᠡᠨᠡ ᠴᠠᠭ ᠦᠶ᠎ᠡ ᠪᠢᠳᠡᠨ᠎ᠳᠦ ᠠᠪᠢᠶᠠᠰ ᠪᠢᠯᠢᠭ ᠎ᠢᠶᠡᠨ ᠪᠠᠲᠠᠷᠠᠭᠤᠯᠬᠤ ᠲᠠᠪᠴᠠᠩ ᠬᠠᠨᠭᠭᠠᠵᠦ ᠥᠭᠦᠭᠰᠡᠨ》 ᠭᠡᠵᠦ᠍ ᠬᠡᠯᠡᠳᠡᠭ᠃

ᠲᠡᠢᠮᠦ ᠡ᠂ ᠴᠠᠭ ᠦᠶ᠎ᠡ ᠪᠢᠳᠡᠨ᠎ᠳᠤ ᠤᠷᠤᠭᠰᠢ ᠲᠡᠮᠡᠦᠯᠬᠦ ᠬᠦᠴᠦᠨ ᠵᠤᠷᠢᠭ ᠪᠠ ᠬᠢᠵᠠᠭᠠᠯᠠᠰᠢ ᠦᠬᠡᠢ ᠬᠡᠬᠡᠨ ᠰᠠᠷᠠᠭᠤᠯ ᠢᠷᠡᠭᠡᠲᠦᠢ ᠎ᠶᠢ ᠤᠯᠭᠤᠬᠰᠠᠨ ᠶᠤᠮ᠃ ᠪᠢᠳᠡ ᠴᠢᠷᠮᠠᠢᠬᠤ ᠶᠤᠰᠤᠲᠠᠢ᠂ ᠤᠴᠢᠷ ᠨᠢ ᠡᠨᠡ ᠪᠣᠯ ᠪᠢᠳᠡᠨ᠎ᠦ ᠴᠠᠭ ᠦᠶ᠎ᠡ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠱᠢᠶᠠᠩ ᠲᠣᠤ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面