2022-06-14 10:16:17
ᠡᠯ᠎ᠡ ᠲᠥᠷᠥᠯ᠎ᠦᠨ ᠡᠷᠡᠭᠦᠦ᠍᠎ᠶ᠋ᠢᠨ ᠬᠡᠷᠡᠭ᠎ᠢ 1000 ᠭᠠᠷᠤᠶ ᠳᠡᠩᠨᠡᠨ ᠢᠯᠡᠷᠡᠭᠦᠯᠵᠦ᠍᠂ 300 ᠭᠠᠷᠤᠶ ᠶᠠᠯᠠᠲᠠᠨ᠎ᠳᠤ ᠴᠣᠬᠢᠯᠲᠠ ᠥᠭ᠌ᠴᠦ ᠱᠢᠶ᠋ᠳᠪᠦᠷᠢᠯᠡᠨ᠂ 70 ᠭᠠᠷᠤᠶ ᠳᠤᠲᠠᠭᠠᠭ᠍ᠰᠠᠨ ᠶᠠᠯᠠᠲᠠᠨ᠎ᠢ ᠪᠠᠷᠢᠪᠴᠢᠯᠠᠵᠤ᠂ ᠬᠤᠪᠢ ᠬᠥᠮᠦᠨ᠎ᠦ ᠭᠤᠷᠪᠠᠳᠤᠭᠠᠷ ᠳᠡᠰ᠎ᠤᠨ ᠭᠠᠪᠢᠶ᠎ᠠ᠎ᠶᠢ ᠵᠢᠷᠭᠤᠭᠠᠨ ᠤᠳᠠᠭ᠎ᠠ ᠪᠠᠢᠭᠤᠯᠵᠤ᠂ 《ᠪᠥᠬᠥ᠌ ᠣᠷᠣᠨ᠎ᠤ ᠬᠠᠤᠯᠢ ᠬᠡᠷᠡᠭ᠌ᠵᠢᠭᠦᠯᠦᠭᠰᠡᠨ ᠱᠢᠯᠢᠳᠡᠭ ᠠᠷᠠᠳ᠎ᠤᠨ ᠴᠠᠭ᠍ᠳᠠᠭ᠎ᠠ》᠂ 《ᠪᠥᠬᠥ᠌ ᠣᠷᠣᠨ᠎ᠤ ᠬᠤᠯᠠᠭᠠᠢᠯᠠᠬᠤ ᠪᠤᠯᠢᠶᠠᠬᠤ ᠮᠡᠬᠡᠯᠡᠬᠦ᠌ ᠶᠠᠯᠠᠲᠤ ᠠᠵᠢᠯᠯᠠᠭ᠎ᠠ᠎ᠳᠤ ᠴᠣᠬᠢᠯᠲᠠ ᠥᠭ᠌ᠴᠦ ᠬᠡᠷᠡᠭ᠎ᠢ ᠢᠯᠡᠷᠡᠭᠦᠯᠦᠭ᠌ᠰᠡᠨ ᠬᠣᠱᠢᠭᠤᠴᠢ 》 ᠬᠡᠬᠦ ᠢᠷᠠᠭᠤ ᠠᠯᠲᠠᠷᠶ᠋ᠢᠡᠷ ᠡᠨᠭᠭᠡᠷᠶ᠋ᠢᠡᠨ ᠮᠢᠯᠢᠶᠠᠯᠭᠠᠪᠠ ᠁ ᠡᠨᠡ ᠪᠤᠯ ᠴᠠᠬᠲᠠᠭᠠᠨᠤ ᠠᠵᠢᠯ᠎ᠳᠤ 18 ᠵᠢᠯ ᠰᠢᠭᠤᠷᠬᠠᠢᠯᠠᠬᠰᠠᠨ ᠬᠤᠤ ᠵᠢᠶᠠᠨ ᠰᠢᠨ ᠨᠦᠬᠦᠷ᠎ᠤᠨ ᠠᠮᠵᠢᠯᠲᠠ᠃

ᠬᠤᠤ ᠵᠢᠶᠠᠨ ᠱᠢᠨ ᠥᠪᠥᠷ ᠮᠣᠩᠭᠣᠯ᠎ᠤᠨ ᠴᠠᠭ᠍ᠳᠠᠭᠠᠨ᠎ᠤ ᠰᠤᠷᠭᠠᠭᠤᠯᠢ᠎ᠠᠴᠠ ᠲᠡᠭᠦᠰᠦᠭ᠌ᠰᠡᠨ᠎ᠦ ᠳᠠᠷᠠᠭ᠎ᠠ ᠤᠯᠠᠭᠠᠨᠴᠠᠪ ᠬᠣᠲᠠ᠎ᠶ᠋ᠢᠨ ᠵᠦᠸᠧᠽᠢ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠬᠤᠤᠷ ᠴᠠᠭᠠᠵᠠᠯᠠᠬᠤ ᠶᠡᠬᠡ ᠠᠩᠭᠢ᠎ᠳᠤ ᠬᠤᠪᠢᠶᠠᠭ᠍ᠳᠠᠵᠤ᠂ ᠬᠤᠤᠷ ᠴᠠᠭᠠᠵᠠᠯᠠᠬᠤ ᠭᠠᠳᠠᠷ ᠦᠶ᠋ᠯᠡᠴᠢᠯᠡᠭᠡᠨ᠎ᠦ ᠠᠵᠢᠯ᠎ᠳᠤ ᠤᠷᠤᠯᠴᠠᠪᠠ᠃ ᠲᠡᠷᠡ ᠡᠩ᠎ᠤᠨ ᠴᠠᠭ ᠲᠦ᠍ ᠪᠤᠰᠤᠳ ᠠᠷᠠᠳ᠎ᠤᠨ ᠴᠠᠭ᠍ᠳᠠᠭ᠎ᠠ᠎ᠠᠴᠠ ᠬᠡᠷᠡᠭ ᠱᠢᠶ᠋ᠳᠪᠦᠷᠢᠯᠡᠬᠦ᠌ ᠮᠠᠲ᠋ᠧᠷᠢᠶᠠᠯ ᠵᠢᠭᠡᠯᠡᠵᠦ᠍ ᠰᠤᠷᠤᠯᠴᠠᠳᠠᠭ ᠪᠥᠭᠡᠳ ᠬᠡᠷᠡᠭ᠎ᠦᠨ ᠪᠠᠢᠳᠠᠯ᠎ᠢ ᠦᠨᠳᠦᠰᠦᠯᠡᠨ ᠦᠷᠭᠦᠯᠵᠢ ᠬᠣᠯᠪᠣᠭ᠍ᠳᠠᠯ ᠪᠥᠬᠥᠶ ᠬᠠᠤᠯᠢ ᠴᠠᠭᠠᠵᠠ ᠲᠠᠢ ᠬᠠᠷᠭᠤᠭᠤᠯᠵᠦ ᠦᠵᠡᠳᠡᠭ᠂ ᠡᠨᠡ ᠬᠦ᠌ ᠳᠠᠳᠭᠠᠯᠶ᠋ᠢᠡᠨ ᠲᠡᠷᠡ ᠣᠲᠣ ᠪᠣᠯᠲᠠᠯ᠎ᠠ ᠪᠠᠷᠢᠮᠲᠠᠯᠠᠬᠰᠠᠭᠠᠷ ᠪᠠᠢᠨ᠎ᠠ᠃
ᠬᠤᠤᠷ ᠴᠠᠭᠠᠵᠠᠯᠠᠬᠤ ᠶᠡᠬᠡ ᠠᠩᠭᠢ᠎ᠳᠤ ᠠᠵᠢᠯᠯᠠᠭ᠍ᠰᠠᠨ ᠳᠥᠷᠪᠡᠨ ᠵᠢᠯ᠎ᠤᠨ ᠲᠤᠷᠰᠢ᠂ ᠬᠤᠤ ᠵᠢᠶᠠᠨ ᠱᠢᠨ ᠡᠯ᠎ᠡ ᠲᠥᠷᠥᠯ᠎ᠦᠨ ᠬᠡᠷᠡᠭ᠎ᠢ 80 ᠭᠠᠷᠤᠶ ᠢᠯᠡᠷᠡᠭᠦᠯᠵᠦ᠍᠂ 110 ᠭᠠᠷᠤᠶ ᠬᠥᠮᠦᠨ᠎ᠳᠦ ᠴᠣᠬᠢᠯᠲᠠ ᠥᠭ᠌ᠴᠦ᠂ 5000 ᠭᠠᠷᠤᠶ ᠠᠮᠤ ᠴᠡᠴᠡᠭ᠎ᠢ ᠠᠷᠢᠯᠭᠠᠪᠠ᠃ ᠲᠡᠷᠡ ᠬᠠᠮᠲᠤ ᠠᠵᠢᠯᠯᠠᠭ᠍ᠰᠠᠳ᠎ᠲᠠᠶ᠎ᠪᠠᠨ 《ᠳᠥᠷᠪᠡ᠎ᠶ᠋ᠢ ᠨᠢᠭᠡ ᠴᠤᠬ᠍ᠴᠠᠵᠢᠭᠤᠯᠬᠤ》 ᠬᠤᠤᠷ ᠲᠠᠲᠠᠬᠤ᠎ᠶ᠋ᠢ ᠴᠠᠭᠠᠵᠠᠯᠠᠬᠤ ᠬᠠᠪᠰᠤᠷᠤᠨ ᠰᠤᠷᠭᠠᠬᠤ ᠬᠢᠨᠠᠨ ᠡᠵᠡᠮᠳᠡᠬᠦ᠌ ᠱᠢᠰᠲ᠋ᠧᠮ᠎ᠢ ᠪᠠᠢᠭᠤᠯᠵᠤ᠂ ᠬᠤᠤᠷ ᠠᠷᠢᠯᠭᠠᠬᠤ ᠱᠢᠷᠢᠰ ᠠᠵᠢᠯᠯᠠᠭ᠎ᠠ᠎ᠶᠢ ᠥᠷᠨᠢᠭᠦᠯᠵᠦ᠍᠂ ᠴᠣᠬᠢᠯᠲᠠ ᠥᠭ᠌ᠬᠦ ᠪᠠ ᠰᠡᠷᠭᠡᠢᠯᠡᠨ ᠬᠠᠮᠢᠶᠠᠷᠬᠤ᠎ᠶ᠋ᠢ ᠵᠡᠷᠭᠡ᠎ᠪᠡᠷ ᠠᠬᠢᠭᠤᠯᠵᠤ᠂ ᠢᠯᠡᠳᠲᠡ ᠦᠷ᠎ᠡ ᠪᠦᠲᠦᠮᠵᠢ ᠣᠯᠵᠠᠶ᠃

2008 ᠣᠨ᠎ᠤ 5 ᠰᠠᠷ᠎ᠠ᠎ᠳᠤ᠂ ᠬᠤᠤ ᠵᠢᠶᠠᠨ ᠱᠢᠨ ᠵᠦᠸᠧᠽᠢ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠲᠣᠪᠴᠢᠶᠠᠨ᠎ᠤ ᠡᠷᠡᠭᠦᠦ᠍᠎ᠶ᠋ᠢᠨ ᠴᠠᠭ᠍ᠳᠠᠭ᠎ᠠ᠎ᠶ᠋ᠢᠨ ᠶᠡᠬᠡ ᠠᠩᠬᠢ᠎ᠳᠤ ᠱᠢᠯᠵᠢᠨ ᠠᠵᠢᠯᠯᠠᠵᠦ᠂ ᠠᠷᠠᠳ᠎ᠤᠨ ᠴᠠᠭ᠍ᠳᠠᠭ᠎ᠠ᠂ ᠳᠤᠮᠳᠠ ᠠᠩᠬᠢ᠎ᠶ᠋ᠢᠨ ᠳᠠᠷᠤᠭ᠎ᠠ᠂ ᠵᠢᠭᠠᠨ ᠵᠢᠯᠤᠭᠤᠳᠤᠬ᠍ᠴᠢ ᠡᠴᠡ ᠶᠡᠬᠡ ᠠᠩᠬᠢ᠎ᠶ᠋ᠢᠨ ᠳᠠᠷᠤᠭ᠎ᠠ ᠬᠦᠷᠲᠡᠯ᠎ᠡ 13 ᠵᠢᠯ ᠰᠢᠷᠭᠠᠭᠤ ᠠᠵᠢᠯᠯᠠᠵᠠᠢ᠃ ᠡᠨᠡ ᠬᠤᠭᠤᠷᠤᠨᠲᠦ ᠲᠡᠷᠡ ᠪᠠᠰᠠ ᠵᠢᠷᠦᠬᠡᠨ ᠡᠪᠡᠳᠴᠢᠨᠶ᠋ᠢᠡᠷ ᠬᠤᠶᠠᠷ ᠤᠲᠠᠭᠠᠨ᠎ᠤ ᠮᠡᠰᠡ ᠵᠠᠰᠠᠯ ᠬᠢᠯᠭᠡᠭᠰᠡᠨ ᠪᠠᠢᠨ᠎ᠠ᠂ ᠨᠢᠬᠡᠲᠦᠭᠡᠷ ᠤᠲᠠᠭ᠎ᠠ ᠮᠡᠰᠡ ᠵᠠᠰᠠᠯ ᠬᠢᠯᠬᠡᠬᠡᠳ ᠭᠠᠭᠴᠠᠬᠠᠨ ᠭᠠᠷᠠᠭ ᠠᠮᠠᠷᠠᠵᠦ᠂ ᠬᠤᠶᠠᠲᠤᠭᠠᠷ ᠤᠲᠠᠭ᠎ᠠ ᠪᠠᠨ ᠬᠤᠶᠠᠷᠬᠠᠨ ᠭᠠᠷᠠᠭ ᠠᠮᠠᠷᠠᠮᠠᠬᠴᠠ ᠠᠵᠢᠯ᠎ᠳᠠᠭᠠᠨ ᠭᠠᠷᠴᠠᠢ᠃ 《ᠪᠢ ᠭᠡᠳᠡᠭ ᠬᠦᠮᠦᠨ᠂ ᠭᠡᠷᠡᠭᠶ᠋ᠢᠡᠨ ᠰᠢᠢᠳᠪᠦᠷᠢᠯᠡᠵᠦ ᠲᠠᠭᠤᠰᠬᠤ ᠦᠬᠡᠢ ᠪᠤᠯ ᠰᠠᠭᠤᠵᠦ ᠲᠤᠭᠲᠠᠬᠤ ᠪᠠᠨ ᠪᠤᠯᠢᠲᠠᠭ》 ᠭᠡᠵᠦ ᠬᠤᠤ ᠵᠢᠶᠠᠨ ᠰᠢᠨ ᠶᠠᠷᠢᠨ᠎ᠠ᠃
《ᠬᠡᠷᠪᠡ ᠴᠢᠮ᠎ᠠ᠎ᠳᠤ ᠪᠠᠰᠠ ᠨᠢᠭᠡ ᠤᠳᠠᠭ᠎ᠠ ᠰᠣᠩᠭᠣᠬᠤ ᠵᠠᠪᠱᠢᠶᠠᠨ ᠥᠭ᠌ᠪᠡᠯ᠂ ᠪᠠᠰᠠ ᠴᠠᠭ᠍ᠳᠠᠭ᠎ᠠ ᠪᠣᠯᠤᠨ᠎ᠠ ᠦᠦ? 》 ᠭᠡᠵᠦ ᠠᠰᠠᠭᠤᠬᠤ᠎ᠳᠤ᠂ 《ᠲᠡᠢᠮᠦ ᠵᠠᠪᠰᠢᠶᠠᠨ ᠪᠠᠢᠪᠠᠯ ᠪᠠᠰᠠ ᠴᠠᠭ᠍ᠳᠠᠭ᠎ᠠ ᠪᠣᠯᠤᠨ᠎ᠠ᠂ ᠪᠢ ᠪᠠᠰᠠ ᠨᠢᠭᠡᠳᠦᠭᠡᠷ ᠹᠷᠣᠨᠲ᠎ᠤᠨ ᠴᠠᠭ᠍ᠳᠠᠭ᠎ᠠ ᠪᠣᠯᠤᠨ᠎ᠠ》 ᠭᠡᠵᠦ᠍ ᠬᠤᠤ ᠵᠢᠶᠠᠨ ᠱᠢᠨ ᠡᠷᠡᠭᠡᠯᠵᠡᠬᠡ ᠦᠬᠡᠢ ᠬᠠᠷᠢᠭᠤᠯᠤᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠱᠢᠶᠠᠩ ᠲᠤᠤ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃