2022 ᠤᠨ᠎ᠤ᠋ ᠡᠪᠦᠯ᠎ᠦ᠋ᠨ ᠤᠯᠠᠷᠢᠯ᠎ᠤ᠋ᠨ ᠣᠯᠢᠮᠫᠢᠺ᠎ᠤ᠋ᠨ ᠴᠤᠭᠯᠠᠭᠠᠨ > ᠪᠣᠯᠵᠣᠭ᠎ᠠ

2022-02-09 09:14:09

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠱᠢᠨᠬᠤᠸᠠ ᠬᠣᠷᠢᠶᠠᠨ᠎ᠤ ᠾᠧᠪᠧᠶ᠎ᠶ᠋ᠢᠨ ᠴᠥᠩ ᠯᠢ᠎ᠶ᠋ᠢᠨ 2 ᠰᠠᠷ᠎ᠠ᠎ᠶ᠋ᠢᠨ 7 ᠎ᠤ᠋ ᠴᠠᠬᠢᠯᠭᠠᠨ ᠮᠡᠳᠡᠭᠡ (ᠰᠤᠷᠪᠤᠯᠵᠢᠯᠠᠭ᠍ᠴᠢ ᠵᠧᠩ ᡁᠢ ᠯᠢᠦ ᠪᠥᠸᠧ ᠶᠠᠩ ᠺᠠᠶ) 7 ᠎ᠤ᠋ ᠡᠳᠦᠷ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠳᠠᠩ ᠬᠠᠪᠲᠠᠰᠤ᠎ᠪᠠᠷ ᠴᠠᠨᠠᠯᠠᠬᠤ ᠡᠷᠡᠭ᠌ᠲᠡᠶ᠎ᠶ᠋ᠢᠨ ᠬᠥᠲᠥᠯ ᠳᠡᠭᠡᠷᠡᠬᠢ ᠰᠠᠭᠠᠳ ᠳᠠᠪᠠᠬᠤ ᠤᠷ᠎ᠠ ᠮᠡᠷᠭᠡᠵᠢᠯ᠎ᠦᠨ ᠱᠢᠶ᠋ᠳᠪᠦᠷᠢᠲᠦ ᠤᠷᠤᠯᠳᠤᠭᠠᠨ᠎ᠤ ᠬᠣᠶᠠᠳᠤᠭᠠᠷ ᠡᠭᠡᠯᠵᠢ᠎ᠳᠦ᠂ 《ᠰᠢᠤᠸᠠᠢ ᠴᠠᠩ ᠴᠸᠩ》ᠤᠷᠤᠯᠳᠤᠭᠠᠨ᠎ᠤ ᠵᠠᠮ᠎ᠤᠨ ᠬᠠᠮᠤᠭ᠎ᠤᠨ ᠰᠡᠭᠦᠯᠴᠢ᠎ᠶ᠋ᠢᠨ ᠨᠢᠭᠡ ᠬᠡᠰᠡᠭ ᠲᠠᠪᠴᠠᠩ ᠬᠠᠷᠠᠢᠯᠲᠠ᠎ᠶ᠋ᠢᠨ ᠲᠤᠭᠤᠷᠢᠭ ᠲᠸ᠋᠂ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠠᠩᠬ᠎ᠠ ᠣᠷᠣᠯᠴᠠᠭ᠍ᠰᠠᠨ 17 ᠨᠠᠰᠤᠲᠠᠶ ᠵᠠᠯᠠᠭᠤ ᠲᠠᠮᠢᠷᠴᠢᠨ ᠰᠸ᠋ ᠢ ᠮᠢᠩ ᠦᠨᠳᠦᠷ ᠳᠡᠭᠡᠷ᠎ᠡ ᠡᠴᠡ ᠯᠠᠪᠳᠠᠭᠤᠨ᠎ᠵᠢᠡᠷ ᠪᠠᠭᠤᠵᠦ᠂ ᠪᠥᠬᠥ᠌ ᠲᠠᠯᠠᠪᠠᠶ ᠳ᠋ᠦ ᠠᠩᠬᠠᠳᠠᠭ᠍ᠴᠢ 1800 ᠭᠷᠠᠳᠦ᠋ᠰ᠎ᠦᠨ ᠬᠥᠳᠡᠯᠦᠯ᠎ᠢᠶᠡᠷ ᠬᠠᠮᠤᠭ᠎ᠤᠨ ᠰᠡᠭᠦᠯ ᠳ᠋ᠦ ᠮᠥᠩᠭᠥᠨ ᠮᠧᠳᠠᠯ ᠣᠯᠵᠠᠶ᠃ ᠡᠨᠡ ᠪᠣᠯ ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠲᠥᠯᠥᠭᠡᠯᠡᠭ᠌ᠴᠢᠳ᠎ᠦᠨ ᠪᠦᠯᠬᠦᠮ᠎ᠦᠨ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠩᠬᠠᠳᠠᠭ᠍ᠴᠢ ᠴᠠᠰᠤᠨ ᠳᠡᠭᠡᠷᠡᠬᠢ ᠲᠥᠷᠥᠯ ᠵᠦᠶ᠋ᠯ᠎ᠦᠨ ᠱᠠᠩᠨᠠᠯ᠎ᠤᠨ ᠮᠧᠳᠠᠯ ᠪᠣᠯᠬᠤ ᠪᠥᠭᠡᠳ ᠳᠤᠮᠳᠠᠳᠤ ᠤᠯᠤᠰ᠎ᠤᠨ᠎ᠳᠠᠩ᠎ᠬᠠᠪᠲᠠᠰᠤ᠎ᠪᠠᠷ ᠴᠠᠨᠠᠯᠠᠬᠤ ᠠᠩᠬᠠᠳᠠᠭ᠍ᠴᠢ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠡᠷᠡᠭ᠌ᠲᠡᠶ᠎ᠶ᠋ᠢᠨ ᠲᠥᠷᠥᠯ ᠵᠦᠶ᠋ᠯ᠎ᠦᠨ ᠱᠠᠩᠨᠠᠯ᠎ᠤᠨ ᠮᠧᠳᠠᠯ ᠪᠣᠯᠤᠨ᠎ᠠ᠃


QQ图片20220209091654.png


6 ᠎ᠤ᠋ ᠡᠳᠦᠷ᠎ᠦᠨ ᠬᠢᠷᠢ ᠬᠡᠮ᠎ᠦᠨ ᠤᠷᠤᠯᠳᠤᠭᠠᠨ᠎ᠢᠶᠠᠷ 12 ᠲᠠᠮᠢᠷᠴᠢᠨ ᠱᠢᠶ᠋ᠳᠪᠦᠷᠢᠲᠦ ᠤᠷᠤᠯᠳᠤᠭᠠᠨ᠎ᠳᠤ᠎ᠣᠷᠣᠵᠤ᠂᠎ᠰᠸ᠋ ᠢ ᠮᠢᠩ ᠬᠢᠷᠢ ᠬᠡᠮ᠎ᠦᠨ ᠤᠷᠤᠯᠳᠤᠭᠠᠨ᠎ᠤ ᠨᠢᠭᠡᠳᠦᠭᠡᠷ ᠬᠠᠷᠠᠢᠯᠳᠠ᠎ᠶ᠋ᠢᠨ 86.80 ᠬᠤᠪᠢ᠎ᠪᠠᠷ ᠨᠢᠭᠡᠳᠦᠭᠡᠷ᠎ᠲᠦ ᠣᠷᠣᠪᠠ᠃ ᠱᠢᠶ᠋ᠳᠪᠦᠷᠢᠲᠦ ᠤᠷᠤᠯᠳᠤᠭᠠᠨ᠎ᠳ᠋ᠦ᠎ᠬᠢᠷᠢ ᠬᠡᠮ᠎ᠦᠨ ᠤᠷᠤᠯᠳᠤᠭᠠᠨ᠎ᠤ ᠳᠡᠰ ᠳᠡᠪᠱᠢᠬᠰᠡᠨ ᠨᠡᠷᠡᠰ᠎ᠦᠨ ᠳᠠᠷᠠᠭᠠᠯᠠᠯ᠎ᠤᠨ ᠲᠤᠨᠭᠭᠤᠷᠤᠤ ᠳᠠᠷᠠᠭᠠᠯᠠᠯ᠎ᠵᠢᠡᠷ ᠤᠷᠤᠯᠳᠤᠭᠠᠨ᠎ᠤ ᠲᠠᠯᠠᠪᠤᠷ ᠳᠦ᠍ ᠤᠷᠤᠵᠤ᠂ ᠲᠠᠮᠢᠷᠴᠢᠨ ᠨᠢᠭᠡ ᠪᠦᠷᠢ ᠭᠤᠷᠪᠠ ᠤᠳᠠᠭ᠎ᠠ ᠭᠤᠯᠭᠤᠵᠤ᠂ ᠭᠤᠷᠪᠠᠨ ᠡᠭᠡᠯᠵᠢ᠎ᠶ᠋ᠢᠨ ᠬᠠᠮᠤᠭ᠎ᠤᠨ ᠰᠠᠢᠨ ᠬᠢᠷᠢ ᠪᠦᠲᠦᠮᠵᠢ᠎ᠪᠡᠷ ᠨᠡᠷᠡᠰ᠎ᠢ ᠵᠢᠭ᠍ᠰᠠᠭᠠᠪᠠ᠃ 2004 ᠣᠨ᠎ᠤ 2 ᠰᠠᠷ᠎ᠠ᠎ᠶ᠋ᠢᠨ 18 ᠎ᠤ᠋ ᠡᠳᠦᠷ ᠲᠥᠷᠥᠭ᠌ᠰᠡᠨ ᠰᠸ᠋ ᠢ ᠮᠢᠩ ᠪᠣᠯ ᠲᠡᠳᠡᠨ᠎ᠦ ᠳᠣᠲᠣᠷᠠᠬᠢ ᠨᠠᠰᠤ ᠪᠡᠷ ᠬᠠᠮᠤᠭ᠎ᠤᠨ ᠪᠠᠭ᠎ᠠ ᠲᠠᠮᠢᠷᠴᠢᠨ ᠮᠥᠨ᠂ ᠲᠡᠷᠡ ᠮᠥᠩᠭᠥᠨ ᠮᠧᠳᠠᠯ᠎ᠢᠶᠠᠷ ᠦᠪᠡᠷ᠎ᠤᠨ ᠪᠡᠶ᠎ᠡ ᠳ᠋ᠡᠭᠡᠨ ᠤᠷᠢᠳᠴᠢᠯᠠᠨ ᠨᠠᠰᠤᠨ᠎ᠳᠤ ᠬᠦᠷᠦᠭ᠌ᠰᠡᠳ᠎ᠦᠨ ᠪᠡᠯᠡᠭ ᠬᠦᠷᠭᠡᠪᠡ᠃

ᠡᠴᠦᠰ᠎ᠲᠦ ᠫᠠᠷᠤᠲ᠂ ᠰᠸ᠋ ᠢ ᠮᠢᠩ᠂ ᠮᠠᠺᠮᠤᠷᠢᠰ ᠲᠤᠰ ᠲᠤᠰ ᠡᠮᠦᠨ᠎ᠡ ᠭᠤᠷᠪᠠ᠎ᠳᠤ ᠣᠷᠣᠵᠠᠶ᠃ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠳᠠᠩ ᠬᠠᠪᠲᠠᠰᠤ᠎ᠪᠠᠷ ᠴᠠᠨᠠᠯᠠᠬᠤ ᠬᠥᠲᠥᠯ ᠳᠡᠭᠡᠷᠡᠬᠢ ᠰᠠᠭᠠᠳ ᠳᠠᠪᠠᠬᠤ ᠤᠷ᠎ᠠ ᠮᠡᠷᠭᠡᠵᠢᠯ ᠨᠢ ᠲᠤᠮᠤ ᠬᠠᠷᠠᠢᠯᠲᠠ᠎ᠶ᠋ᠢᠨ ᠲᠠᠪᠴᠠᠩ᠎ᠲᠠᠶ ᠬᠠᠮᠲᠤ ᠨᠢᠭᠡ ᠲᠠᠮᠢᠷᠴᠢᠨ᠎ᠤ ᠣᠷᠣᠨ ᠲᠣᠭ᠎ᠠ᠎ᠶ᠋ᠢ ᠬᠡᠷᠡᠭ᠌ᠯᠡᠬᠦ᠌ ᠪᠣᠯᠤᠨ᠎ᠠ᠂ ᠰᠸ᠋ ᠢ ᠮᠢᠩ ᠳᠠᠬᠢᠨ ᠪᠡᠭᠡᠵᠢᠩ ᠳ᠋ᠦ ᠬᠦᠷᠴᠦ᠂ 14 ᠤ᠋ ᠡᠳᠦᠷ ᠡᠬᠢᠯᠡᠬᠦ ᠱᠸᠦ ᠭᠠᠩ᠎ᠤᠨ ᠶᠡᠬᠡ ᠬᠠᠷᠠᠢᠯᠲᠠ᠎ᠵᠢᠨ ᠲᠠᠪᠴᠠᠩ᠎ᠤᠨ ᠳᠠᠩ ᠬᠠᠪᠲᠠᠰᠤ᠎ᠪᠠᠷ ᠴᠠᠨᠠᠯᠠᠬᠤ ᠲᠤᠮᠤ ᠬᠠᠷᠠᠢᠯᠲᠠ᠎ᠶ᠋ᠢᠨ ᠲᠠᠪᠴᠠᠩ᠎ᠤᠨ ᠤᠷᠤᠯᠳᠤᠭᠠᠨ᠎ᠳᠤ ᠣᠷᠣᠯᠴᠠᠬᠤ ᠪᠣᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面