2022 ᠤᠨ᠎ᠤ᠋ ᠡᠪᠦᠯ᠎ᠦ᠋ᠨ ᠤᠯᠠᠷᠢᠯ᠎ᠤ᠋ᠨ ᠣᠯᠢᠮᠫᠢᠺ᠎ᠤ᠋ᠨ ᠴᠤᠭᠯᠠᠭᠠᠨ > ᠪᠣᠯᠵᠣᠭ᠎ᠠ

2022-02-09 09:12:49

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠰᠢᠨᠬᠤᠸᠠ ᠬᠤᠷᠢᠶᠠᠨ᠎ᠤ ᠪᠡᠭᠡᠵᠢᠩ᠎ᠤᠨ 2 ᠰᠠᠷ᠎ᠠ ᠵᠢᠨ 8᠎ᠤ ᠴᠠᠬᠢᠯᠭᠠᠨ ᠮᠡᠳᠡᠭᠡ(ᠰᠤᠷᠪᠤᠯᠵᠢᠯᠠᠭᠴᠢ ᠵᠤᠤ ᠵᠢᠶᠠᠨ ᠲᠦᠩ ᠭᠤᠤ ᠮᠸᠩ ᠳ᠋ᠦᠩ ᠢ ᠰᠢᠩ ) 2 ᠰᠠᠷ᠎ᠠ ᠵᠢᠨ 8 ᠎ᠤ ᠡᠳᠦᠷ᠂ ᠪᠡᠭᠡᠵᠢᠩ᠎ᠤᠨ ᠡᠪᠤᠯ᠎ᠤᠨ ᠤᠯᠠᠷᠢᠯ᠎ᠤᠨ ᠤᠯᠢᠮᠫᠢᠺ᠎ᠤᠨ ᠴᠢᠯᠦᠭᠡᠳᠤ ᠴᠡᠨᠡᠯᠡᠯᠳᠡ ᠵᠢᠨ ᠡᠮᠡᠭᠳᠡᠢ ᠵᠢᠨ ᠲᠤᠮᠤ ᠬᠠᠷᠠᠢᠯᠳᠠ ᠵᠢᠨ ᠲᠠᠪᠴᠠᠩ᠎ᠤᠨ ᠰᠢᠢᠳᠪᠦᠷᠢᠳᠤ ᠤᠷᠤᠯᠳᠤᠭᠠᠨ ᠳ᠋ᠦ᠂ ᠮᠠᠨ᠎ᠤ ᠤᠯᠤᠰ᠎ᠤᠨ ᠲᠠᠮᠢᠷᠴᠢᠨ ᠭᠦ ᠠᠢ ᠯᠢᠩ ᠬᠠᠮᠤᠭ᠎ᠤᠨ ᠰᠢᠯᠢᠳᠡᠭ ᠬᠤᠶᠠᠷ ᠴᠡᠨᠡᠯᠡᠯᠳᠡ ᠵᠢᠨ ᠶᠡᠷᠦᠩᠬᠡᠢ ᠬᠤᠪᠢ 188.25 ᠬᠤᠪᠢ ᠵᠢᠨ ᠬᠢᠷᠢ ᠪᠦᠳᠦᠮᠵᠢ ᠪᠡᠷ ᠮᠠᠩᠯᠠᠢᠯᠠᠵᠠᠢ᠃


QQ图片20220209091648.png


ᠠᠩᠬᠠᠨ᠎ᠤ ᠬᠤᠶᠠᠷ ᠴᠡᠨᠡᠯᠡᠯᠳᠡ ᠪᠠᠷ ᠭᠦ ᠠᠢ ᠯᠢᠩ ᠶᠡᠷᠦᠩᠬᠡᠢ ᠬᠤᠪᠢ ᠪᠠᠷ ᠭᠤᠷᠪᠠᠳᠤᠭᠠᠷ ᠳᠦ᠍ ᠪᠠᠢᠷᠢᠯᠠᠵᠤ ᠪᠠᠢᠭᠰᠠᠨ ᠴᠦ᠍᠂ ᠡᠴᠤᠰ᠎ᠤᠨ ᠴᠡᠨᠡᠯᠡᠯᠳᠡ ᠪᠠᠷ ᠦᠪᠡᠷ᠎ᠤᠨ ᠶᠡᠷᠦ ᠡᠴᠡ ᠪᠡᠶᠡᠯᠡᠭᠦᠯᠵᠦ ᠪᠠᠢᠭ᠎ᠠ ᠦᠭᠡᠢ ᠬᠦᠴᠢᠷ ᠬᠦᠳᠡᠯᠭᠡᠭᠡᠨ᠎ᠢᠶᠡᠷ ᠲᠡᠭᠦᠯᠳᠡᠷ ᠰᠠᠢᠬᠠᠨ ᠴᠡᠨᠡᠯᠡᠯᠳᠡ᠎ᠶᠢ ᠪᠡᠶᠡᠯᠡᠭᠦᠯᠵᠦ 94.5 ᠬᠤᠪᠢ ᠤᠯᠵᠤ᠂ ᠨᠡᠢᠳᠡ ᠬᠤᠪᠢ᠎ᠶᠢ 188.25 ᠪᠤᠯᠭᠠᠵᠤ ᠡᠴᠤᠰ ᠳᠦ᠍ ᠮᠠᠩᠯᠠᠢᠯᠠᠪᠠ᠃

ᠬᠠᠮᠤᠭ᠎ᠤᠨ ᠲᠦᠷᠦᠭᠦᠨ ᠳ᠋ᠦ ᠶᠠᠪᠤᠭᠳᠠᠭᠰᠠᠨ ᠲᠤᠮᠤ ᠲᠠᠪᠴᠠᠩ᠎ᠤᠨ ᠤᠷᠤᠯᠳᠤᠭᠠᠨ ᠳ᠋ᠦ᠂ ᠭᠦ ᠠᠢ ᠯᠢᠩ ᠰᠠᠯᠬᠢᠨ᠎ᠤ ᠨᠦᠯᠦᠭᠡ ᠡᠴᠡ ᠪᠤᠯᠵᠤ᠂ ᠬᠠᠷᠠᠢᠯᠳᠠ ᠳ᠋ᠦ ᠠᠯᠳᠠᠰᠢ ᠭᠠᠷᠭᠠᠭᠰᠠᠨ ᠪᠤᠯᠪᠠᠴᠤ ᠡᠴᠤᠰ ᠲᠡᠭᠡᠨ 8᠎ᠤ ᠡᠳᠦᠷ᠎ᠤᠨ ᠰᠢᠢᠳᠪᠦᠷᠢᠳᠤ ᠤᠷᠤᠯᠳᠤᠭᠠᠨ ᠳ᠋ᠦ ᠲᠠᠪᠰᠢᠵᠤ᠂ ᠬᠤᠪᠢ ᠬᠦᠮᠦᠨ᠎ᠤ ᠠᠩᠬᠠᠨ᠎ᠤ ᠠᠯᠳᠠᠨ ᠮᠸᠳᠠᠯ᠎ᠢ ᠲᠡᠮᠡᠴᠡᠬᠦ ᠬᠦᠰᠡᠯ ᠮᠦᠷᠦᠭᠡᠳᠦᠯ᠎ᠢᠶᠡᠨ ᠪᠡᠶᠡᠯᠡᠭᠦᠯᠵᠦ ᠪᠢᠯᠡ᠃

18 ᠨᠠᠰᠤᠳᠠᠢ ᠭᠦ ᠠᠢ ᠯᠢᠩ ᠨᠢᠭᠡᠨᠳᠡ ᠲᠡᠯᠡᠭᠡᠢ ᠵᠢᠨ ᠲᠡᠰ᠎ᠤᠨ ᠨᠡᠷᠡᠳᠤ ᠴᠡᠨᠡᠯᠡᠯᠳᠡ ᠵᠢᠨ ᠲᠠᠮᠢᠷᠴᠢᠨ ᠪᠤᠯᠤᠭᠰᠠᠨ ᠪᠢᠯᠡ᠂ ᠲᠡᠷᠡ ᠴᠢᠯᠦᠭᠡᠳᠦ ᠮᠠᠶᠢᠭ᠎ᠤᠨ ᠴᠡᠨᠡᠯᠡᠯᠳᠡ ᠵᠢᠨ U ᠬᠡᠯᠪᠡᠷᠢ ᠵᠢᠨ ᠲᠠᠯᠠᠪᠤᠷ᠂ ᠦᠭᠰᠦᠬᠦ ᠲᠠᠯᠠᠪᠠᠢ ᠵᠢᠨ ᠰᠠᠭᠠᠳ ᠲᠠᠪᠠᠬᠤ ᠤᠷ᠎ᠠ ᠮᠡᠷᠭᠡᠵᠢᠯ᠎ᠤᠨ ᠲᠦᠷᠦᠯ ᠵᠦᠢᠯ ᠳ᠋ᠦ ᠤᠯᠠᠨ ᠤᠳᠠᠭ᠎ᠠ ᠲᠡᠯᠡᠭᠡᠢ ᠵᠢᠨ ᠮᠠᠩᠯᠠᠢ ᠪᠤᠯᠵᠤ ᠦᠩᠭᠡᠷᠡᠵᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面