2022 ᠤᠨ᠎ᠤ᠋ ᠡᠪᠦᠯ᠎ᠦ᠋ᠨ ᠤᠯᠠᠷᠢᠯ᠎ᠤ᠋ᠨ ᠣᠯᠢᠮᠫᠢᠺ᠎ᠤ᠋ᠨ ᠴᠤᠭᠯᠠᠭᠠᠨ > ᠪᠣᠯᠵᠣᠭ᠎ᠠ

2022-02-12 20:45:27

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠱᠢᠨᠬᠤᠸᠠ ᠬᠣᠷᠢᠶᠠᠨ᠎ᠤ ᠾᠧᠪᠧᠶ᠎ᠶ᠋ᠢᠨ ᠴᠥᠩ ᠯᠢ᠎ᠶ᠋ᠢᠨ 2 ᠰᠠᠷ᠎ᠠ᠎ᠶ᠋ᠢᠨ 10᠎ᠤ᠋ ᠴᠠᠬᠢᠯᠭᠠᠨ ᠮᠡᠳᠡᠭᠡ (ᠰᠤᠷᠪᠤᠯᠵᠢᠯᠠᠭ᠍ᠴᠢ ᠵᠦ᠍ ᠴᠢᠩ ᠴᠧᠨ ᠳ᠋ᠢ)10 ᠎ᠤ᠋ ᠡᠳᠦᠷ᠂ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠱᠢᠨ᠎ᠡ᠎ᠪᠡᠷ ᠨᠡᠮᠡᠭ᠌ᠳᠡᠭ᠌ᠰᠡᠨ ᠲᠥᠷᠥᠯ ᠵᠦᠶ᠋ᠯ ᠴᠢᠯᠥᠭᠡᠲᠦ ᠮᠠᠶᠢᠭ᠎ᠤᠨ ᠴᠠᠨᠠᠯᠠᠯᠳᠠ ᠵᠢᠨ ᠤᠭᠳᠠᠷᠭᠤᠢ ᠳ᠋ᠡᠬᠢ ᠮᠡᠷᠭᠡᠵᠢᠯ᠎ᠦᠨ ᠡᠷᠡᠭᠳᠡᠢ ᠡᠮᠡᠭᠳᠡᠢ ᠵᠢᠨ ᠪᠦᠯᠬᠦᠮ᠎ᠦᠨ ᠱᠢᠶ᠋ᠳᠪᠦᠷᠢᠲᠦ ᠤᠷᠤᠯᠳᠤᠭᠠᠨ ᠴᠢᠭᠤᠯᠤᠯᠲᠤ ᠬᠠᠭᠠᠯᠭ᠎ᠠ᠎ᠶ᠋ᠢᠨ ᠤᠷᠤᠯᠳᠤᠭᠠᠨ᠎ᠤ ᠲᠣᠭᠣᠷᠢᠭ᠎ᠲᠤ ᠶᠠᠪᠤᠭ᠍ᠳᠠᠵᠤ᠂ ᠳᠤᠮᠳᠠᠳᠤ ᠤᠯᠤᠰ᠎ᠤᠨ ᠠᠩᠭᠢ᠎ᠶ᠋ᠢᠨ ᠱᠢᠤᠢ ᠮᠸᠩ ᠲᠤᠤ᠂ ᠵᠢᠶᠠ ᠽᠦᠩ ᠶᠠᠩ ᠪᠣᠯᠤᠨ ᠴᠢ ᠭᠤᠸᠠᠩ ᠫᠦ ᠵᠡᠷᠭᠡ ᠭᠤᠷᠪᠠᠨ ᠬᠠᠰᠢᠷ ᠲᠠᠮᠢᠷᠴᠢᠨ ᠮᠥᠩᠭᠥᠨ ᠮᠧᠳᠠᠯ ᠣᠯᠵᠠᠶ᠃


QQ图片20220212201926.png


2 ᠰᠠᠷ᠎ᠠ᠎ᠶ᠋ᠢᠨ 10 ᠎ᠤ᠋ ᠡᠳᠦᠷ᠂ ᠪᠡᠭᠡᠵᠢᠩ᠎ᠦᠨ 2022 ᠣᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠮᠠᠶᠢᠭ᠎ᠤᠨ ᠴᠠᠨᠠᠯᠠᠯᠳᠠ ᠵᠢᠨ ᠤᠭᠳᠠᠷᠭᠤᠢ ᠳ᠋ᠡᠬᠢ ᠮᠡᠷᠭᠡᠵᠢᠯ᠎ᠦᠨ ᠡᠷᠡᠭᠳᠡᠢ ᠡᠮᠡᠭᠳᠡᠢ ᠵᠢᠨ ᠪᠦᠯᠬᠦᠮ᠎ᠦᠨ ᠱᠢᠶ᠋ᠳᠪᠦᠷᠢᠲᠦ ᠤᠷᠤᠯᠳᠤᠭᠠᠨ ᠴᠢᠭᠤᠯᠤᠯᠲᠤ ᠬᠠᠭᠠᠯᠭ᠎ᠠ᠎ᠶ᠋ᠢᠨ ᠤᠷᠤᠯᠳᠤᠭᠠᠨ᠎ᠤ ᠲᠣᠭᠣᠷᠢᠭ᠎ᠲᠤ ᠶᠠᠪᠤᠭ᠍ᠳᠠᠵᠤ᠂ ᠳᠤᠮᠳᠠᠳᠤ ᠤᠯᠤᠰ᠎ᠤᠨ ᠠᠩᠭᠢ ᠳᠡᠳ᠋ᠯᠡᠪᠡ᠃ ᠵᠢᠷᠤᠭ ᠪᠤᠯ ᠲᠤᠬᠠᠶ᠎ᠶ᠋ᠢᠨ ᠡᠳᠦᠷ᠂ ᠳᠤᠮᠳᠠᠳᠤ ᠤᠯᠤᠰ᠎ᠤᠨ ᠠᠩᠭᠢ᠎ᠶ᠋ᠢᠨ ᠲᠠᠮᠢᠷᠴᠢᠨ ᠱᠢᠤᠢ ᠮᠸᠩ ᠲᠤᠤ (ᠳᠤᠮᠳᠠᠬᠢ) ᠤᠷᠤᠯᠳᠤᠭᠠᠨ᠎ᠤ ᠳᠠᠷᠠᠭ᠎ᠠ ᠠᠩᠭᠢ᠎ᠶ᠋ᠢᠨ ᠨᠠᠢᠵᠠ ᠴᠢ ᠭᠤᠸᠠᠩ ᠫᠦ (ᠵᠡᠭᠦᠨᠳᠡᠬᠢ)᠂ ᠵᠢᠶᠠ ᠽᠦᠩ ᠶᠠᠩ᠎ᠲᠠᠶ ᠬᠠᠮᠲᠤ᠌ ᠪᠠᠢᠭ᠎ᠠ ᠨᠢ᠃

ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠱᠢᠤᠢ ᠴᠠᠩ ᠰᠡᠭᠦᠳᠡᠷᠯᠡᠪᠡ


ᠱᠢᠶ᠋ᠳᠪᠦᠷᠢᠲᠦ ᠤᠷᠤᠯᠳᠤᠭᠠᠨ᠎ᠤ ᠠᠩᠬᠠᠨ᠎ᠤ ᠡᠭᠡᠯᠵᠢ᠎ᠳᠦ ᠳᠤᠮᠳᠠᠳᠤ ᠤᠯᠤᠰ᠂ ᠣᠷᠣᠰ᠎ᠤᠨ ᠣᠯᠢᠮᠫᠢᠺ᠎ᠤᠨ ᠵᠥᠪᠯᠡᠯ᠂ ᠪᠸᠯᠤᠷᠦ᠋ᠰᠢᠶ᠎ᠠ᠂ ᠺᠠᠨᠠᠳᠠ᠂ ᠠᠮᠧᠷᠢᠺᠠ᠂ ᠰᠸᠢᠰ ᠵᠡᠷᠭᠡ 6 ᠠᠩᠭᠢ ᠤᠷᠤᠯᠳᠤᠭᠠᠨ᠎ᠳᠤ ᠣᠷᠣᠯᠴᠠᠪᠠ᠃ ᠤᠭᠳᠠᠷᠭᠤᠢ ᠳ᠋ᠡᠬᠢ ᠮᠡᠷᠭᠡᠵᠢᠯ᠎ᠦᠨ ᠤᠷᠤᠯᠳᠤᠭᠠᠨ ᠨᠢ ᠡᠭᠡᠯᠵᠢ ᠪᠦᠷᠢ ᠳ᠋ᠦ ᠲᠠᠮᠢᠷᠴᠢᠨ ᠪᠤᠯᠭᠠᠨ ᠨᠢᠭᠡ ᠤᠳᠠᠭ᠎ᠠ ᠦᠰᠦᠷᠬᠦ᠌᠂ ᠡᠬᠢᠯᠡᠵᠦ᠍ ᠦᠰᠦᠷᠬᠦ᠌᠂ ᠤᠭᠳᠠᠷᠭᠤᠢ ᠳ᠋ᠡᠬᠢ ᠬᠥᠳᠡᠯᠭᠡᠭᠡᠨ ᠪᠠ ᠭᠠᠵᠠᠷ ᠳᠦ᠍ ᠪᠠᠭᠤᠬᠤ ᠭᠤᠷᠪᠠᠨ ᠬᠡᠰᠡᠭ᠎ᠦᠨ ᠢᠯᠡᠷᠡᠯ᠎ᠦᠨ ᠬᠤᠪᠢ᠎ᠶ᠋ᠢ ᠬᠦᠴᠢᠷ᠎ᠦᠨ ᠬᠡᠮᠵᠢᠶ᠎ᠡ᠎ᠶ᠋ᠢᠨ ᠢᠯᠡᠳᠭᠡᠮᠵᠢ᠎ᠪᠡᠷ ᠬᠠᠮᠤᠭ ᠡᠴᠦᠰ᠎ᠦᠨ ᠬᠤᠪᠢ ᠪᠣᠯᠭᠠᠳᠠᠭ ᠪᠤᠯᠬᠤᠷ ᠲᠠᠮᠢᠷᠴᠢᠳ ᠬᠥᠳᠡᠯᠭᠡᠭᠡᠨ᠎ᠦ ᠬᠦᠴᠢᠷ᠎ᠦᠨ ᠬᠡᠮᠵᠢᠶ᠎ᠡ ᠪᠠ ᠪᠡᠶᠡᠯᠡᠭᠦᠯᠬᠦ ᠬᠡᠮᠵᠢᠶ᠎ᠡ᠎ᠶ᠋ᠢ ᠨᠠᠩ ᠰᠠᠢᠲᠤᠷ ᠲᠡᠩᠴᠡᠭᠦᠷᠢᠱᠢᠭᠦᠯᠪᠡᠯ ᠰᠠᠶᠢ ᠨᠠᠩ ᠥᠨᠳᠥᠷ ᠬᠤᠪᠢ ᠣᠯᠵᠤ ᠴᠢᠳᠠᠨ᠎ᠠ᠃

ᠱᠢᠢᠳᠪᠦᠷᠢᠲᠦ ᠤᠷᠤᠯᠳᠤᠭᠠᠨ᠎ᠤ ᠬᠣᠶᠠᠳᠤᠭᠠᠷ ᠡᠭᠡᠯᠵᠢ᠎ᠳᠦ ᠱᠢᠤᠢ ᠮᠧᠩ ᠲᠤᠤ ᠪᠣᠯᠤᠨ ᠺᠠᠦ᠋ᠳ᠋ᠸᠢᠯ᠎ᠤᠨ ᠬᠥᠳᠡᠯᠭᠡᠭᠡᠨ᠎ᠦ ᠬᠦᠴᠢᠷ᠎ᠦᠨ ᠢᠯᠡᠳᠭᠡᠮᠵᠢ ᠬᠤᠪᠢᠷᠠᠭᠰᠠᠨ ᠦᠭᠡᠢ᠃ ᠳᠠᠬᠢᠨᠲᠠ ᠥᠨᠳᠥᠷ ᠪᠤᠯᠭᠠᠭᠰᠠᠨ᠎ᠤ ᠳᠠᠷᠠᠭ᠎ᠠ᠂ ᠡᠨᠡ ᠤᠳᠠᠭ᠎ᠠ ᠱᠢᠤᠢ ᠮᠧᠩ ᠲᠤᠤ ᠨᠠᠩ ᠭᠠᠷᠮᠠᠭᠠᠶ ᠢᠯᠡᠷᠡᠯ᠎ᠢᠶᠡᠷ106.03 ᠎ᠶ᠋ᠢᠨ ᠥᠨᠳᠥᠷ ᠬᠤᠪᠢ ᠣᠯᠵᠤ᠂ ᠦᠷᠢᠰᠦᠯᠳᠦᠭᠴᠢ᠎ᠶᠢᠨ᠎ᠢᠶᠡᠨ 88.86 ᠬᠤᠪᠢ᠎ᠠᠴᠠ ᠤᠷᠢᠲᠠᠵᠠᠶ᠃ ᠭᠡᠪᠡᠴᠦ᠍ ᠠᠮᠧᠷᠢᠺᠠ᠎ᠶ᠋ᠢᠨ ᠡᠷᠡᠭ᠌ᠲᠡᠶ ᠲᠠᠮᠢᠷᠴᠢᠨ ᠺᠷᠢᠰᠲ᠋ᠤᠹᠸᠯ ᠯᠢᠯᠢᠰ ᠬᠦᠴᠢᠷ᠎ᠦᠨ ᠬᠡᠮᠵᠢᠶ᠎ᠡ᠎ᠪᠡᠨ ᠳᠡᠭᠡᠭ᠌ᠰᠢᠯᠡᠭᠦᠯᠦᠭᠡᠳ 5.000 ᠎ᠲᠤ᠌ ᠬᠦᠷᠴᠦ᠍ ᠨᠢᠭᠡ ᠯᠡ ᠳᠡᠭᠡᠷ᠎ᠡ ᠠᠮᠵᠢᠯᠲᠠ ᠣᠯᠵᠤ᠂ 135.00᠎ᠤ᠋ᠨ ᠪᠦᠬᠦ᠌ ᠲᠠᠯᠠᠪᠠᠢ ᠳ᠋ᠦ ᠬᠠᠮᠤᠭ ᠥᠨᠳᠥᠷ ᠬᠤᠪᠢ ᠣᠯᠵᠠᠶ; ᠵᠢᠶᠠ ᠽᠦᠩ ᠶᠠᠩ ᠬᠦᠴᠢᠷ᠎ᠦᠨ ᠢᠯᠡᠳᠭᠡᠮᠵᠢ᠎ᠪᠡᠨ ᠬᠤᠪᠢᠷᠠᠭᠤᠯᠤᠭ᠍ᠰᠠᠨ ᠦᠭᠡᠢ ᠪᠣᠯᠪᠠᠴᠤ᠌ ᠭᠠᠵᠠᠷ ᠲᠦ᠍ ᠪᠠᠭᠤᠬᠤ ᠦᠶᠡᠰ ᠨᠡᠯᠢᠶᠡᠳ ᠶᠡᠬᠡ ᠠᠯᠳᠠᠰᠢ ᠭᠠᠷᠴᠤ᠌᠂ ᠵᠥᠪᠬᠡᠨ 96.02 ᠬᠤᠪᠢ ᠣᠯᠵᠠᠶ᠃ ᠴᠢ ᠭᠤᠸᠠᠩ ᠫᠦ᠎ᠶ᠋ᠢᠨ ᠬᠠᠮᠤᠭ ᠰᠡᠭᠦᠯ᠎ᠦᠨ ᠨᠢᠭᠡ ᠦᠰᠦᠷᠦᠯᠲᠡ ᠨᠢ ᠮᠥᠨ ᠯᠡ ᠬᠦᠴᠢᠷ᠎ᠦᠨ ᠬᠡᠮᠵᠢᠶ᠎ᠡ᠎ᠶ᠋ᠢᠨ ᠢᠯᠡᠳᠭᠡᠮᠵᠢ 4.525 ᠎ᠶ᠋ᠢ ᠰᠣᠩᠭᠣᠨ᠂ ᠭᠠᠷᠮᠠᠭᠠᠶ ᠪᠡᠶᠡᠯᠡᠭᠦᠯᠵᠦ᠍᠂ 122.17 ᠬᠤᠪᠢ ᠣᠯᠵᠠᠶ᠃ ᠭᠡᠪᠡᠴᠦ᠍ ᠡᠨᠡ ᠨᠢ ᠠᠮᠧᠷᠢᠺᠠ᠎ᠶ᠋ᠢᠨ ᠠᠩᠭᠢ᠎ᠡᠴᠡ ᠬᠤᠵᠢᠭᠳᠠᠵᠠᠢ᠃ ᠠᠮᠧᠷᠢᠺᠠ᠎ᠶ᠋ᠢᠨ ᠠᠩᠭᠢ ᠶᠡᠷᠦᠩᠬᠡᠶ ᠬᠤᠪᠢ ᠨᠢ 338.34 ᠬᠤᠪᠢ᠎ᠪᠠᠷ ᠮᠠᠩᠯᠠᠢᠯᠠᠵᠤ᠂ ᠳᠤᠮᠳᠠᠳᠤ ᠤᠯᠤᠰ᠎ᠤᠨ ᠠᠩᠭᠢ 324.22 ᠬᠤᠪᠢ᠎ᠪᠠᠷ ᠳᠡᠳ᠋ᠯᠡᠵᠦ᠍᠂ ᠺᠠᠨᠠᠳᠠ᠎ᠶ᠋ᠢᠨ ᠠᠩᠭᠢ 290.98 ᠬᠤᠪᠢ᠎ᠪᠠᠷ ᠭᠤᠷᠪᠠᠳᠤᠭᠠᠷ᠎ᠲᠤ ᠣᠷᠣᠵᠠᠶ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面