2022 ᠤᠨ᠎ᠤ᠋ ᠡᠪᠦᠯ᠎ᠦ᠋ᠨ ᠤᠯᠠᠷᠢᠯ᠎ᠤ᠋ᠨ ᠣᠯᠢᠮᠫᠢᠺ᠎ᠤ᠋ᠨ ᠴᠤᠭᠯᠠᠭᠠᠨ > ᠪᠣᠯᠵᠣᠭ᠎ᠠ

2022-02-12 21:09:04

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

IMG_2087(20220212-210856).JPG


ᠫᠢᠶᠧᠸ᠋ᠩᠼᠠᠩ᠎ᠤᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠳᠤᠮᠳᠠᠳᠤ ᠤᠯᠤᠰ᠎ᠤᠨ ᠡᠷᠡᠭ᠌ᠲᠡᠶ᠎ᠶ᠋ᠢᠨ ᠲᠦᠷᠭᠡᠨ ᠲᠡᠱᠢᠯᠲᠡ᠎ᠳᠦ ᠠᠮᠵᠢᠯᠲᠠ ᠡᠭᠦᠳᠴᠦ᠂ 500 ᠮᠧᠲ᠋ᠷ᠎ᠦᠨ ᠬᠦᠷᠡᠯ ᠮᠧᠳᠠᠯ ᠣᠯᠤᠭ᠍ᠰᠠᠨ ᠭᠣᠸ᠋ ᠲᠢᠩ ᠢᠦᠶ ᠥᠨᠥᠳᠦᠷ ᠡᠨᠡᠬᠦ᠌ ᠤᠷᠤᠯᠳᠤᠭᠠᠨ᠎ᠤ ᠲᠦᠷᠦᠯ᠎ᠦᠨ ᠱᠠᠩᠨᠠᠯ᠎ᠤᠨ ᠮᠧᠳᠠᠯ᠎ᠤᠨ ᠲᠦᠯᠦᠭᠡ ᠦᠷᠢᠰᠦᠯᠳᠦᠬᠦ ᠪᠣᠯᠤᠨ᠎ᠠ᠃ ᠬᠡᠳᠦᠢᠪᠡᠷ ᠬᠦᠴᠦᠷᠬᠡᠭ ᠦᠷᠢᠰᠦᠯᠳᠦᠭᠴᠢᠳ ᠬᠤᠷᠠᠨ ᠴᠤᠭ᠍ᠯᠠᠷᠠᠭ᠍ᠰᠠᠨ ᠪᠣᠯᠪᠠᠴᠤ᠌ ᠭᠣᠸ᠋ ᠲᠢᠩ ᠢᠦᠶ ᠡᠬᠢᠨ᠎ᠤ 100 ᠮᠧᠲ᠋ᠷ᠎ᠦᠨ ᠬᠤᠷᠳᠤᠴᠠ ᠪᠡᠷ᠎ᠢᠶᠡᠨ ᠳᠡᠯᠡᠬᠡᠢ᠎ᠶᠢᠨ ᠲᠡᠷᠢᠭᠦᠨ ᠳ᠋ᠤ᠎ᠵᠢᠭᠰᠠᠭᠠᠭᠳᠠᠳᠠᠭ ᠪᠥᠭᠡᠳ ᠪᠠᠰᠠ ᠮᠠᠨ᠎ᠤ ᠤᠯᠤᠰ᠎ᠤᠨ᠎ᠢᠶᠡᠨ ᠲᠥᠯᠥᠭᠡᠯᠡᠭ᠌ᠴᠢᠳ᠎ᠦᠨ ᠪᠦᠯᠬᠦᠮ᠎ᠦᠨ ᠲᠤᠭ᠍ᠴᠢ ᠪᠤᠯᠤᠭᠰᠠᠨ ᠪᠤᠯᠬᠤᠷ ᠬᠥᠮᠦᠰ ᠲᠡᠭᠦᠨ᠎ᠦ ᠠᠮᠵᠢᠯᠲᠠ ᠠᠪᠴᠢᠷᠠᠬᠤ᠎ᠶ᠋ᠢ ᠬᠦᠰᠡᠨ ᠬᠦᠯᠢᠶᠡᠬᠦ᠌ ᠤᠴᠢᠷ ᠱᠢᠯᠲᠠᠭᠠᠨ ᠪᠦᠷᠢᠨ ᠶᠤᠮ ᠃

ᠳᠤᠮᠳᠠᠳᠤ ᠤᠯᠤᠰ᠎ᠤᠨ ᠲᠥᠯᠥᠭᠡᠯᠡᠭ᠌ᠴᠢᠳ᠎ᠦᠨ ᠪᠦᠯᠬᠦᠮ᠎ᠦᠨ ᠨᠥᠭᠥᠭᠡ ᠨᠢᠭᠡ ᠲᠤᠭ᠍ᠴᠢ ᠵᠣᠣ ᠳ᠋ᠠᠨ ᠡᠮᠡᠭ᠌ᠲᠡᠶ᠎ᠶ᠋ᠢᠨ ᠪᠣᠯᠣᠳ ᠠᠷᠠᠯᠲᠤ ᠴᠠᠰᠤᠨ ᠲᠡᠷᠭᠡᠨ᠎ᠤ ᠤᠷᠤᠯᠳᠤᠭᠠᠨ᠎ᠳᠦ ᠤᠷᠤᠯᠴᠠᠨ᠎ᠠ᠂ ᠨᠢᠭᠡᠨᠲᠡ ᠲᠡᠭᠦᠰᠦᠭ᠌ᠰᠡᠨ ᠲᠦᠷᠦᠭᠦᠦ ᠬᠣᠶᠠᠷ ᠡᠭᠡᠯᠵᠢ᠎ᠶ᠋ᠢᠨ ᠭᠤᠯᠭᠤᠯᠲᠠ᠎ᠳᠤ ᠲᠡᠷᠡ ᠳᠥᠷᠪᠡᠳᠦᠭᠡᠷ᠎ᠲᠦ ᠲᠦᠷ ᠤᠷᠤᠵᠤ᠂ ᠠᠩᠭᠢ ᠶ᠋ᠢᠨ ᠨᠠᠢᠵᠠ ᠯᠢ ᠢᠦᠶ ᠰᠢ ᠨᠢ 10 ᠳ᠋ᠤᠭᠠᠷ᠎ᠲᠤ ᠲᠦᠷ ᠣᠷᠣᠵᠤ ᠪᠠᠢᠨ᠎ᠠ ᠃ ᠲᠦᠷ ᠨᠢᠭᠡᠳᠦᠭᠡᠷ᠎ᠲᠦ ᠣᠷᠣᠵᠤ ᠪᠠᠢᠭ᠎ᠠ ᠠᠦ᠋ᠰᠲ᠋ᠷᠠᠯᠢᠶ᠎ᠠ ᠎ᠶ᠋ᠢᠨ ᠲᠠᠮᠢᠷᠴᠢᠨ ᠵᠢᠶᠠᠺᠸᠯᠢᠨ·ᠨᠠᠷᠠᠺᠸᠲ ᠵᠣᠣ ᠳ᠋ᠠᠨ ᠎ᠠᠴᠠ 0.32 ᠰᠧᠺᠦ᠋ᠨ᠋ᠳ᠋ ᠬᠤᠷᠳᠤᠨ ᠪᠠᠢᠯ᠎ᠠ᠃ ᠵᠣᠣ ᠳ᠋ᠠᠨ ᠦᠨᠦᠳᠦᠷ᠎ᠤᠨ ᠬᠠᠮᠤᠭ ᠰᠡᠭᠦᠯᠴᠢ ᠎ᠶ᠋ᠢᠨ ᠬᠣᠶᠠᠷ ᠡᠭᠡᠯᠵᠢ ᠎ᠶ᠋ᠢᠨ ᠭᠤᠯᠭᠤᠯᠲᠠ ᠳ᠋ᠤ ᠲᠡᠭᠦᠯᠳᠡᠷ ᠰᠠᠢᠬᠠᠨ ᠤᠷᠤᠯᠳᠤᠵᠤ᠂ ᠱᠠᠩᠨᠠᠯ᠎ᠤᠨ ᠮᠧᠳᠠᠯ ᠤᠯᠬᠤ ᠎ᠶ᠋ᠢ ᠬᠦᠰᠡᠵᠦ᠍ ᠪᠠᠢᠨ᠎ᠠ᠃


IMG_2088(20220212-210904).JPG

ᠢᠷᠡᠯᠲᠡ᠄ ᠰᠢᠨᠬᠤᠸᠠ ᠬᠤᠷᠢᠶ᠎ᠠ᠎ᠶᠢᠨ ᠪᠢᠴᠢᠯ ᠪᠦᠷᠬᠡ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面