2022-02-12 20:51:20
ᠱᠢᠨᠬᠤᠸᠠ ᠬᠣᠷᠢᠶᠠᠨ᠎ᠤ ᠪᠡᠭᠡᠵᠢᠩ᠎ᠦᠨ ᠶᠠᠨᠴᠢᠩ᠎ᠤᠨ 2 ᠰᠠᠷ᠎ᠠ᠎ᠶ᠋ᠢᠨ 10᠎ᠤ᠋ ᠴᠠᠬᠢᠯᠭᠠᠨ ᠮᠡᠳᠡᠭᠡ (ᠰᠤᠷᠪᠤᠯᠵᠢᠯᠠᠭ᠍ᠴᠢ ᠦ᠋ ᠺᠦᠨ ᠫᠸᠩ ᠶᠣᠣ ᠶᠢᠦ ᠮᠢᠩ ᠮᠠ ᠪᠠᠩ ᠵᠢᠶ᠍ᠸ) ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠴᠢᠷᠭ᠎ᠠ᠎ᠶ᠋ᠢᠨ ᠪᠦᠯᠬᠦᠮ᠎ᠦᠨ ᠪᠤᠤᠬᠢᠶ᠎ᠠ ᠤᠷᠤᠯᠳᠤᠭᠠᠨ 10᠎ᠤ᠋ ᠤᠷᠤᠢ ᠶᠠᠨᠴᠢᠩ᠎ᠤᠨ ᠤᠯᠤᠰ᠎ᠤᠨ ᠴᠢᠷᠭ᠎ᠠ᠎ᠶ᠋ᠢᠨ ᠲᠥᠪ᠎ᠲᠦ ᠥᠨᠳᠥᠷᠯᠡᠵᠦ᠍᠂ ᠭᠸᠷᠮᠠᠨ᠎ᠤ ᠠᠩᠭᠢ ᠵᠠᠯᠭᠠᠭ᠎ᠠ᠎ᠪᠠᠷ ᠭᠤᠷᠪᠠ ᠤᠳᠠᠭ᠎ᠠ ᠮᠠᠩᠯᠠᠢᠯᠠᠵᠤ᠂ ᠲᠤᠰ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠴᠢᠷᠭ᠎ᠠ᠎ᠶ᠋ᠢᠨ ᠲᠦᠷᠦᠯ ᠵᠦᠢᠯ᠎ᠦᠨ ᠪᠤᠢ ᠪᠦᠬᠦᠢ 4 ᠠᠯᠲᠠᠨ ᠮᠧᠳᠠᠯ᠎ᠢ ᠬᠠᠮᠤᠷᠴᠠᠢ᠃
ᠴᠢᠷᠭ᠎ᠠ᠎ᠶ᠋ᠢᠨ ᠪᠦᠯᠬᠦᠮ᠎ᠦᠨ ᠪᠤᠤᠬᠢᠶ᠎ᠠ ᠤᠷᠤᠯᠳᠤᠭᠠᠨ᠎ᠳᠤ᠂ ᠡᠷᠡᠭ᠌ᠲᠡᠶ᠎ᠶ᠋ᠢᠨ ᠭᠠᠭ᠍ᠴᠠ ᠬᠥᠮᠦᠨ᠂ ᠡᠮᠡᠭ᠌ᠲᠡᠶ᠎ᠶ᠋ᠢᠨ ᠭᠠᠭ᠍ᠴᠠ ᠬᠥᠮᠦᠨ ᠪᠠ ᠬᠣᠣᠰ ᠬᠥᠮᠦᠨ᠎ᠦ ᠲᠦᠷᠦᠯ ᠵᠦᠢᠯ᠎ᠦᠨ ᠨᠢᠭᠡ ᠤᠳᠠᠭᠠᠨ᠎ᠤ ᠭᠤᠯᠭᠤᠯᠲᠠ᠎ᠶ᠋ᠢ ᠲᠤᠰ ᠲᠤᠰ ᠪᠡᠶᠡᠯᠡᠭᠦᠯᠬᠦ᠌ ᠬᠡᠷᠡᠭ᠌ᠲᠡᠶ᠃ ᠤᠷᠤᠯᠳᠤᠭᠠᠨ᠎ᠤ ᠲᠡᠭᠦᠰᠭᠡᠯ᠎ᠦᠨ ᠱᠤᠭᠤᠮ᠎ᠤᠨ ᠳᠡᠭᠡᠷ᠎ᠡ ᠲᠠᠯ᠎ᠠ᠎ᠳᠤ ᠪᠤᠤᠬᠢᠶ᠎ᠠ ᠬᠦᠷᠦᠯᠴᠡᠬᠦ᠌ ᠬᠠᠪᠲᠠᠰᠤ ᠲᠣᠬᠢᠷᠠᠭᠤᠯᠵᠤ᠂ ᠲᠠᠮᠢᠷᠴᠢᠨ ᠲᠡᠭᠦᠰᠭᠡᠯ᠎ᠦᠨ ᠴᠡᠭ᠎ᠢ ᠦᠨᠭᠭᠡᠷᠡᠬᠦ᠎ᠡᠴᠡ ᠡᠮᠦᠨ᠎ᠡ᠂ ᠰᠠᠭᠤᠵᠤ ᠪᠠᠢᠭᠠᠳ ᠬᠦᠷᠦᠯᠴᠡᠬᠦ᠌ ᠬᠠᠪᠲᠠᠰᠤ᠎ᠶ᠋ᠢ ᠠᠯᠠᠭᠠᠳᠠᠵᠤ᠂ ᠳᠠᠷᠠᠭ᠎ᠠ ᠨᠢᠭᠡ ᠱᠢᠳᠠᠮ᠎ᠤᠨ ᠡᠬᠢᠯᠡᠯᠲᠡ᠎ᠶ᠋ᠢᠨ ᠴᠡᠭ᠎ᠦᠨ ᠭᠠᠷᠬᠤ ᠡᠭᠦᠳᠡ᠎ᠶ᠋ᠢ ᠨᠡᠭᠡᠭᠡᠵᠦ᠍᠂ ᠪᠦᠯᠬᠦᠮ᠎ᠤᠨ ᠪᠤᠤᠬᠢᠶ᠎ᠠ᠎ᠶ᠋ᠢ ᠪᠡᠶᠡᠯᠡᠭᠦᠯᠦᠨ᠎ᠡ᠃ ᠪᠦᠬᠦᠢᠯᠡ ᠤᠷᠤᠯᠳᠤᠭᠠᠨ ᠨᠢ ᠭᠤᠯᠭᠤᠯᠲᠠ᠎ᠶ᠋ᠢᠨ ᠶᠡᠷᠦᠩᠬᠡᠶ ᠬᠡᠷᠡᠭ᠌ᠯᠡᠭᠰᠡᠨ ᠴᠠᠭ᠎ᠵᠢᠡᠷ ᠨᠡᠷᠡᠰ᠎ᠦᠨ ᠳᠠᠷᠠᠭᠠᠯᠠᠯ ᠭᠠᠷᠭᠠᠵᠤ᠂ ᠬᠡᠷᠡᠭᠯᠡᠭᠰᠡᠨ ᠴᠠᠭ ᠬᠠᠮᠤᠭ᠎ᠤᠨ ᠣᠬᠣᠷ ᠪᠦᠯᠬᠦᠮ ᠨᠢ ᠢᠯᠠᠳᠠᠭ᠃
ᠪᠦᠯᠬᠦᠮ᠎ᠤᠨ ᠪᠤᠤᠬᠢᠶ᠎ᠠ ᠤᠷᠤᠯᠳᠤᠭᠠᠨ᠎ᠳᠤ ᠣᠷᠣᠯᠴᠠᠭ᠍ᠰᠠᠨ ᠭᠧᠷᠮᠠᠨ᠎ᠤ ᠠᠩᠭᠢ ᠨᠢ ᠡᠭᠦᠨ᠎ᠡᠴᠡ ᠡᠮᠦᠨ᠎ᠡ ᠲᠤᠰ ᠲᠤᠰ ᠡᠷᠡᠭ᠌ᠲᠡᠶ᠂ ᠡᠮᠡᠭ᠌ᠲᠡᠶ ᠵᠢᠴᠢ ᠬᠣᠥᠰ ᠬᠥᠮᠦᠨ᠎ᠦ ᠴᠢᠷᠭ᠎ᠠ᠎ᠶ᠋ᠢᠨ ᠠᠯᠲᠠᠨ ᠮᠧᠳᠠᠯ᠎ᠢ ᠣᠯᠤᠭ᠍ᠰᠠᠨ ᠶᠤᠬᠠᠨᠨ᠋ᠸ᠋ᠰ ᠯᠦᠳᠸᠢᠰᠢ᠂ ᠨᠠᠲ᠋ᠠᠯᠢ ᠭᠠᠢᠽᠸ᠋ᠨ᠋ᠪᠸ᠋ᠷᠡᠭ ᠵᠢᠴᠢ ᠳᠤᠪᠢᠶᠠᠰ ᠸᠡᠨᠳ᠋ᠸᠷ ᠪᠣᠯᠤᠨ ᠳᠤᠪᠢᠶᠠᠰ ᠠᠯᠲ᠋ᠸᠪᠠᠷ ᠪᠦᠷᠢᠯᠳᠦᠵᠡᠶ᠃ ᠬᠠᠮᠤᠭ ᠰᠡᠭᠦᠯ᠎ᠳᠦ ᠨᠢ ᠲᠠᠯᠠᠪᠠᠢ᠎ᠳᠤ ᠭᠠᠷᠤᠭ᠍ᠰᠠᠨ ᠲᠡᠳᠡ 3 ᠮᠢᠨᠦ᠋ᠲ 3 ᠰᠧᠺᠦ᠋ᠨ᠋ᠳ᠋ 406 ᠵᠢᠨ ᠬᠢᠷᠢ ᠪᠦᠲᠦᠮᠵᠢ᠎ᠪᠡᠷ ᠤᠷᠤᠯᠳᠤᠭᠠᠨ᠎ᠢ ᠪᠡᠶᠡᠯᠡᠭᠦᠯᠵᠦ᠍᠂ ᠮᠠᠳ᠋ᠷᠢᠨ ᠡᠸᠭ᠌ᠷᠡᠳ᠋ᠤᠨ ᠳᠠᠭᠠᠭᠤᠯᠤᠭᠰᠠᠨ ᠠᠦ᠋ᠰᠲ᠋ᠷᠢᠶ᠎ᠠ᠎ᠶ᠋ᠢᠨ ᠠᠩᠭᠢ᠎ᠶ᠋ᠢ ᠠᠷᠠᠢ ᠯᠡ ᠢᠯᠠᠵᠠᠢ᠃ ᠠᠦ᠋ᠰᠲ᠋ᠷᠢᠶ᠎ᠠ᠎ᠶ᠋ᠢᠨ ᠠᠩᠭᠢ 3 ᠮᠢᠨᠦ᠋ᠲ 3 ᠰᠧᠺᠦ᠋ᠨ᠋ᠳ᠋ 486 ᠵᠢᠨ ᠬᠢᠷᠢ ᠪᠦᠲᠦᠮᠵᠢ᠎ᠪᠡᠷ ᠳᠡᠳ᠋ᠯᠡᠵᠦ᠍᠂ ᠯᠠᠲ᠋ᠸᠢᠶ᠎ᠠ᠎ᠶ᠋ᠢᠨ ᠠᠩᠭᠢ ᠭᠤᠷᠪᠠᠳᠤᠭᠠᠷ᠎ᠲᠤ ᠣᠷᠣᠵᠠᠶ᠃
ᠹᠠᠨ ᠳ᠋ᠦᠸᠸ ᠶᠣᠣ᠂ ᠸᠠᠩ ᠫᠸᠢ ᠱᠢᠤᠸᠠᠨ ᠵᠢᠴᠢ ᠬᠤᠸᠠᠩ ᠶᠧ ᠪᠥᠸᠧ ᠪᠣᠯᠤᠨ ᠫᠸᠩ ᠵᠢᠶᠦ᠋ᠨ ᠶᠤᠸᠠᠢ ᠪᠡᠷ ᠪᠦᠷᠢᠯᠳᠦᠭ᠌ᠰᠡᠨ ᠳᠤᠮᠳᠠᠳᠤ ᠤᠯᠤᠰ᠎ᠤᠨ ᠠᠩᠬᠢ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠴᠢᠷᠭ᠎ᠠ᠎ᠶ᠋ᠢᠨ ᠪᠦᠯᠬᠦᠮ᠎ᠦᠨ ᠪᠤᠤᠬᠢᠶ᠎ᠠ ᠤᠷᠤᠯᠳᠤᠭᠠᠨ᠎ᠳᠤ ᠠᠩᠬ᠎ᠠ ᠤᠳᠠᠭ᠎ᠠ ᠤᠷᠤᠯᠴᠠᠵᠠᠢ᠃ ᠭᠤᠷᠪᠠᠳᠤᠭᠠᠷ᠎ᠲᠤ ᠲᠠᠯᠠᠪᠠᠢ᠎ᠳᠤ ᠭᠠᠷᠤᠭᠰᠠᠨ ᠳᠤᠮᠳᠠᠳᠤ ᠤᠯᠤᠰ᠎ᠤᠨ ᠠᠩᠭᠢ ᠡᠴᠦᠰ᠎ᠲᠡᠬᠡᠨ 3 ᠮᠢᠨᠦ᠋ᠲ 10 ᠰᠧᠺᠦ᠋ᠨ᠋ᠳ᠋ 182 ᠤ᠋ᠨ ᠬᠢᠷᠢ ᠪᠦᠲᠦᠮᠵᠢ᠎ᠪᠡᠷ ᠤᠷᠤᠯᠳᠤᠭᠠᠨ᠎ᠢᠶᠠᠨ ᠳᠠᠭᠤᠰᠭᠠᠵᠤ᠂ ᠪᠦᠬᠦ14 ᠠᠩᠭᠢ᠎ᠶ᠋ᠢᠨ 12 ᠳ᠋ᠤᠭᠠᠷ᠎ᠲᠤ ᠵᠢᠭ᠍ᠰᠠᠭᠠᠭ᠍ᠳᠠᠪᠠ᠃
ᠢᠩᠭᠢᠭᠡᠳ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠴᠢᠷᠭ᠎ᠠ᠎ᠶ᠋ᠢᠨ ᠲᠦᠷᠦᠯ ᠵᠦᠢᠯ᠎ᠤᠨ ᠪᠤᠢ ᠪᠦᠬᠦᠢ ᠤᠷᠤᠯᠳᠤᠭᠠᠨ ᠳᠠᠭᠤᠰᠴᠤ᠌᠂ ᠪᠤᠢ ᠪᠦᠬᠦᠢ ᠲᠦᠷᠦᠯ ᠵᠦᠢᠯ᠎ᠦᠨ ᠠᠯᠲᠠᠨ ᠮᠧᠳᠠᠯ᠎ᠢ ᠴᠥᠮ ᠭᠧᠷᠮᠠᠨ᠎ᠤ ᠠᠩᠭᠢ ᠲᠤᠰᠴᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃