2022-02-12 20:49:30
ᠱᠢᠨᠬᠤᠸᠠ ᠬᠣᠷᠢᠶᠠᠨ᠎ᠤ ᠪᠡᠭᠡᠵᠢᠩ᠎ᠦᠨ 2 ᠰᠠᠷ᠎ᠠ᠎ᠶ᠋ᠢᠨ 10 ᠤ᠋ ᠴᠠᠬᠢᠯᠭᠠᠨ ᠮᠡᠳᠡᠭᠡ ( ᠰᠤᠷᠪᠤᠯᠵᠢᠯᠠᠭ᠍ᠴᠢ ᠱᠢᠶᠠ ᠽᠢ ᠯᠢᠨ ᠯᠢᠦ ᠶᠠᠩ ᠲᠤᠤ )10 ᠤ᠋ ᠡᠳᠦᠷ᠂ ᠤᠯᠤᠰ᠎ᠤᠨ ᠥᠨᠳᠥᠷ ᠠᠭᠤᠯᠠ᠎ᠶ᠋ᠢᠨ ᠴᠡᠨᠡᠯᠡᠯᠲᠡ᠎ᠶ᠋ᠢᠨ ᠲᠥᠪ ᠤ᠋ᠨ ᠬᠢᠨ ᠥᠨᠳᠥᠷ ᠠᠭᠤᠯᠠ᠎ᠶ᠋ᠢᠨ ᠴᠡᠨᠡᠯᠡᠯᠲᠡ᠎ᠶ᠋ᠢᠨ ᠡᠷᠡᠭ᠌ᠲᠡᠶ᠎ᠶ᠋ᠢᠨ ᠪᠦᠷᠢᠨ ᠴᠢᠳᠠᠪᠤᠷᠢ᠎ᠳᠤ ᠤᠷᠤᠯᠳᠤᠭᠠᠨ᠎ᠢ ᠤᠭ᠍ᠲᠤᠪᠠ᠃ ᠠᠦ᠋ᠰᠲ᠋ᠷᠢᠶ᠎ᠠ᠎ᠶ᠋ᠢᠨ ᠲᠠᠮᠢᠷᠴᠢᠨ ᠶᠤᠬᠠᠨᠨ᠋ᠸ᠋ᠰ ·ᠱᠲ᠋ᠷᠤᠯᠼ ᠡᠷᠭᠢᠯᠲᠡ᠎ᠶ᠋ᠢᠨ ᠲᠥᠷᠥᠯ ᠵᠦᠢᠯ᠎ᠢᠶᠡᠨ ᠭᠠᠷᠮᠠᠭᠠᠶ ᠪᠠᠳᠠᠷᠠᠭᠤᠯᠤᠭ᠍ᠰᠠᠨ᠎ᠢᠶᠠᠷ ᠨᠣᠷᠸᠠᠶ᠎ᠶ᠋ᠢᠨ ᠨᠠᠷᠠᠲᠤ ᠵᠠᠩᠵᠤᠨ ᠠᠯᠸ᠋ᠺᠰᠠᠨᠳᠠᠷ·ᠾᠢᠯᠳ᠋ ᠡᠴᠡ ᠳᠠᠪᠠᠵᠤ᠂ ᠠᠯᠲᠠᠨ ᠮᠧᠳᠠᠯ ᠣᠯᠪᠠ᠃ ᠳᠤᠮᠳᠠᠳᠤ ᠤᠯᠤᠰ᠎ᠤᠨ ᠲᠠᠮᠢᠷᠴᠢᠨ ᠵᠠᠩ ᠶᠠᠩ ᠮᠢᠩ᠂ ᠱᠢᠤᠢ ᠮᠢᠩ ᠹᠦ᠋ ᠤᠷᠤᠯᠳᠤᠭᠠᠨ᠎ᠢᠶᠠᠨ ᠤᠷᠤᠭ᠍ᠰᠢᠲᠠᠶ ᠳᠠᠭᠤᠰᠭᠠᠵᠤ 16 ᠳ᠋ᠤᠭᠠᠷ ᠪᠠ 17 ᠳ᠋ᠤᠭᠠᠷ᠎ᠲᠤ ᠵᠢᠭ᠍ᠰᠠᠭᠠᠭ᠍ᠳᠠᠵᠠᠶ᠂ ᠡᠨᠡ ᠪᠣᠯ ᠳᠤᠮᠳᠠᠳᠤ ᠤᠯᠤᠰ᠎ᠤᠨ ᠲᠠᠮᠢᠷᠴᠢᠳ᠎ᠤᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠤᠰ ᠲᠥᠷᠥᠯ ᠵᠦᠢᠯ᠎ᠳᠦ ᠣᠯᠤᠭ᠍ᠰᠠᠨ ᠬᠠᠮᠤᠭ᠎ᠤᠨ ᠰᠠᠢᠨ ᠬᠢᠷᠢ ᠪᠦᠲᠦᠮᠵᠢ ᠪᠣᠯᠤᠨ᠎ᠠ᠃
ᠥᠨᠳᠥᠷ ᠠᠭᠤᠯᠠ᠎ᠶ᠋ᠢᠨ ᠴᠡᠨᠡᠯᠡᠯᠲᠡ᠎ᠶ᠋ᠢᠨ ᠡᠷᠡᠭ᠌ᠲᠡᠶ᠎ᠶ᠋ᠢᠨ ᠪᠦᠷᠢᠨ ᠴᠢᠳᠠᠪᠤᠷᠢ᠎ᠳᠤ ᠤᠷᠤᠯᠳᠤᠭᠠᠨ ᠳ᠋ᠦ ᠭᠤᠯᠭᠤᠨ ᠪᠠᠭᠤᠬᠤ ᠪᠠ ᠡᠷᠭᠢᠬᠦ᠌ ᠬᠣᠶᠠᠷ ᠪᠠᠭ᠎ᠠ ᠵᠦᠢᠯ ᠬᠤᠪᠢᠶᠠᠵᠤ᠂ ᠬᠣᠶᠠᠷ ᠪᠠᠭ᠎ᠠ ᠵᠦᠢᠯ ᠢ᠋ ᠬᠦᠢᠴᠡᠳᠬᠡᠬᠦ ᠶᠠᠷᠤᠩᠬᠡᠢ ᠴᠠᠬ ᠨᠢ ᠬᠡᠳᠦᠶ ᠤᠬᠤᠷ ᠪᠤᠯ ᠨᠡᠷᠡᠰ᠎ᠦᠨ ᠵᠢᠭ᠍ᠰᠠᠭᠠᠯᠲᠠ ᠨᠢ ᠲᠡᠳᠦᠶ ᠥᠨᠳᠥᠷ ᠪᠠᠶ᠋ᠢᠳᠠᠭ᠃ ᠦᠳᠡ᠎ᠶ᠋ᠢᠨ ᠡᠮᠦᠨ᠎ᠡ ᠶᠠᠪᠤᠭ᠍ᠳᠠᠭ᠍ᠰᠠᠨ ᠭᠤᠯᠭᠤᠨ ᠪᠠᠭᠤᠬᠤ ᠤᠷᠤᠯᠳᠤᠭᠠᠨ ᠳ᠋ᠤ᠂ ᠨᠣᠷᠸᠠᠶ᠎ᠶ᠋ᠢᠨ ᠨᠠᠷᠠᠲᠤ ᠲᠠᠮᠢᠷᠴᠢᠨ ᠾᠢᠯᠳ᠋ 1 ᠮᠢᠨᠦ᠋ᠲ 43 ᠰᠧᠺᠦ᠋ᠨ᠋ᠳ᠋ 12 ᠤ᠋ᠨ ᠬᠢᠷᠢ ᠪᠦᠲᠦᠮᠵᠢ ᠣᠯᠤᠭ᠍ᠰᠠᠨ ᠪᠣᠯᠪᠠᠴᠤ᠌ ᠵᠥᠪᠬᠡᠨ 0.02 ᠰᠧᠺᠦ᠋ᠨ᠋ᠳ᠋᠎ᠦᠨ ᠪᠠᠭᠤᠷᠠᠶ ᠳᠠᠪᠠᠭᠤᠯᠢᠭ᠎ᠢᠶᠠᠷ ᠺᠠᠨᠠᠳᠠ᠎ᠶ᠋ᠢᠨ ᠲᠠᠮᠢᠷᠴᠢᠨ ᠵᠠᠮᠸ᠋ᠰ·ᠺᠯᠠᠦ᠋ᠹᠤᠷᠳ᠋ᠠᠴᠠ ᠤᠷᠢᠲᠠᠵᠤ᠂ ᠲᠦᠷ ᠲᠡᠷᠢᠭᠦᠨ᠎ᠳᠦ ᠣᠷᠣᠵᠠᠶ᠃
《ᠡᠨᠡ ᠨᠢ ᠡᠴᠤᠰ ᠤ᠋ᠨ ᠨᠡᠷᠡᠰ ᠤ᠋ᠨ ᠵᠢᠬᠰᠠᠭᠠᠯᠳᠠ ᠪᠢᠰᠢ᠂ ᠤᠴᠢᠷ ᠨᠢ ᠡᠷᠭᠢᠬᠦ ᠤᠷᠤᠯᠳᠤᠭᠠᠨ᠎ᠳᠤ ᠪᠠᠢᠳᠠᠯ ᠬᠤᠪᠢᠷᠠᠵᠤ ᠮᠡᠳᠡᠬᠦ ᠶᠤᠮ》᠃ ᠭᠤᠯᠭᠤᠨ ᠪᠠᠭᠤᠬᠤ ᠤᠷᠤᠯᠳᠤᠭᠠᠨ᠎ᠤ ᠳᠠᠷᠠᠭ᠎ᠠ ᠾᠢᠯᠳ᠋᠄ 《ᠪᠢ ᠨᠢᠭᠡᠨᠲᠡ ᠬᠣᠶᠠᠷ ᠵᠢᠯ ᠡᠷᠭᠢᠯᠳᠠ ᠵᠢᠨ ᠤᠷᠤᠯᠳᠤᠭᠠᠨ ᠬᠢᠬᠡᠳᠤᠢ᠂ ᠪᠢ ᠬᠡᠷᠬᠢᠨ ᠬᠢᠬᠦ ᠪᠡᠨ ᠮᠡᠳᠡᠬᠦ᠌ ᠦᠭᠡᠢ ᠪᠣᠯᠵᠠᠶ》 ᠬᠡᠵᠤ ᠬᠡᠯᠡᠪᠡ᠃ ᠡᠾᠢᠯᠳ᠋ ᠤ᠋ᠨ ᠲᠡᠷᠢᠭᠦᠯᠡᠬᠦ᠌ ᠪᠠᠢᠷᠢ᠎ᠶ᠋ᠢ ᠱᠲ᠋ᠷᠤᠯᠼ ᠮᠠᠰᠢ ᠲᠦᠷᠭᠡᠨ᠎ᠢᠶᠡᠷ ᠡᠪᠳᠡᠵᠤ᠂ ᠡᠴᠦᠰ᠎ᠲᠡᠬᠡᠨ ᠱᠲ᠋ᠷᠤᠯᠼ 2 ᠮᠢᠨᠦ᠋ᠲ 31.43 ᠰᠧᠺᠦ᠋ᠨ᠋ᠳ᠋ ᠤ᠋ᠨ ᠶᠡᠷᠦᠩᠬᠡᠶ ᠬᠢᠷᠢ ᠪᠦᠲᠦᠮᠵᠢ᠎ᠪᠡᠷ ᠠᠯᠲᠠᠨ ᠮᠧᠳᠠᠯ ᠣᠯᠵᠤ᠂ ᠾᠢᠯᠳ᠋ ᠳᠡᠳ᠋ᠯᠡᠵᠦ᠍᠂ ᠺᠯᠠᠦ᠋ᠹᠤᠷᠳ᠋ ᠵᠡᠰ ᠮᠧᠳᠠᠯ ᠣᠯᠵᠠᠶ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃