2022-02-19 20:31:24
ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠲᠠᠯᠠᠪᠤᠷ᠎ᠤᠨ ᠮᠥᠰᠥᠨ ᠭᠠᠳᠠᠷᠭᠤ ᠵᠢᠨ 《ᠲᠡᠯᠬᠡᠴᠡ》᠎ᠪᠡᠷ 《ᠳᠤᠮᠳᠠᠳᠤ ᠤᠯᠤᠰ᠎ᠤᠨ ᠭᠣᠢᠳᠠ ᠰᠠᠢᠬᠠᠨ 》 ᠢ᠋ ᠭᠠᠢᠬᠠᠭᠤᠯᠤᠯ᠎ᠠ
ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠡᠬᠢᠯᠡᠭ᠌ᠰᠡᠨ᠎ᠡᠴᠡ ᠨᠠᠭᠠᠰᠢ᠂ ᠤᠷᠤᠯᠳᠤᠭᠠᠨ᠎ᠤ ᠲᠠᠯᠠᠪᠤᠷ᠎ᠲᠠᠬᠢ ᠬᠤᠷᠴᠠ ᠱᠢᠷᠦᠭᠦᠨ ᠤᠷᠤᠯᠳᠤᠭᠠᠨ᠎ᠤ ᠪᠠᠢᠳᠠᠯ ᠨᠢ ᠣᠯᠠᠨ᠎ᠤ ᠠᠩᠬᠠᠷᠤᠯ᠎ᠢ ᠲᠠᠲᠠᠭ᠍ᠰᠠᠨ᠎ᠢᠶᠡᠷ ᠪᠠᠷᠠᠬᠤ ᠥᠬᠡᠶ ᠤᠷᠤᠯᠳᠤᠭᠠᠨ᠎ᠤ ᠲᠠᠯᠠᠪᠤᠷ᠎ᠲᠠᠬᠢ 3D ᠮᠥᠰᠥᠨ ᠭᠠᠳᠠᠷᠭᠤᠳ᠋ᠡᠬᠢ ᠵᠢᠷᠤᠭ ᠲᠦᠷᠰᠦ ᠵᠢᠨ ᠬᠡᠷᠡᠯ ᠲᠤᠰᠭᠠᠯᠲᠠ ᠵᠢᠨ ᠦᠵᠡᠬᠦᠯᠬᠡ ᠨᠢ ᠬᠥᠮᠦᠰ᠎ᠦᠨ ᠠᠩᠬᠠᠷᠤᠯ᠎ᠢ ᠶᠡᠬᠡᠳᠡ ᠲᠠᠲᠠᠵᠤ ᠪᠢᠯᠠ᠃
ᠲᠤᠰ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ᠂ ᠣᠯᠢᠮᠫᠢᠺ᠎ᠤᠨ ᠳᠠᠮᠵᠢᠭᠤᠯᠤᠨ ᠨᠡᠪᠲᠡᠷᠡᠭᠦᠯᠬᠦ᠌ ᠦᠢᠯᠡᠴᠢᠯᠡᠭᠡᠨ᠎ᠦ ᠺᠣᠮᠫᠠᠨᠢ(OBS) ᠲᠤᠰᠭᠠᠢᠯᠠᠨ ᠡᠳᠡᠭᠡᠷ ᠤᠷᠤᠯᠳᠤᠭᠠᠨ᠎ᠡᠴᠡ ᠡᠮᠦᠨᠡᠬᠢ ᠮᠥᠰᠥᠨ ᠭᠠᠳᠠᠷᠭᠤ ᠳ᠋ᠡᠬᠢ ᠵᠢᠷᠤᠭ ᠲᠦᠷᠰᠦ ᠵᠢᠨ ᠬᠡᠷᠡᠯ ᠲᠤᠰᠭᠠᠯᠲᠠᠶ᠋ᠢᠨ ᠠᠭᠤᠯᠭ᠎ᠠ᠎ᠶ᠋ᠢ ᠰᠡᠭᠦᠳᠡᠷᠯᠡᠨ ᠤᠯᠠᠨ ᠨᠠᠢᠳᠠ ᠵᠢᠨ ᠲᠤᠬᠢᠶ᠎ᠠ ᠪᠤᠯᠭᠠᠨ ᠦᠢᠯᠡᠳᠴᠦ᠍᠂ ᠪᠦᠬᠦ᠌ ᠪᠥᠮᠪᠥᠷᠴᠡᠭ᠎ᠲᠦ ᠳᠠᠮᠵᠢᠭᠤᠯᠤᠨ ᠨᠡᠪᠲᠡᠷᠡᠭᠦᠯᠪᠠ᠃
《ᠮᠥᠰᠥᠨ ᠤᠷᠳᠤᠨ》 ᠤ᠋ ᠵᠢᠵᠢᠭ ᠭᠤᠯᠭᠤᠭᠤᠷ ᠴᠢᠯᠠᠭᠤᠨ ᠪᠦᠮᠪᠦᠬᠡ᠂ 《ᠮᠥᠰᠤ᠎ᠳᠤ ᠲᠣᠷᠭᠠᠨ ᠪᠦᠴᠠ》 ᠵᠢᠨ ᠲᠦᠷᠭᠡᠨ᠎ᠤ ᠭᠠᠯᠲᠤ ᠲᠡᠷᠭᠡ᠂ ᠡᠣ ᠺᠸ ᠰᠦᠩ ᠲᠠᠯᠠᠪᠤᠷ ᠣᠷᠳᠣᠨ᠎ᠤ 《ᠪᠢᠩ ᠳ᠋ᠦᠨ ᠳ᠋ᠦᠨ》 ᠁ ᠡᠳᠡᠬᠡᠷ ᠪᠦᠲᠦᠭᠡᠯᠴᠢ ᠴᠢᠨᠠᠷᠲᠠᠢ ᠵᠢᠷᠤᠭ ᠲᠥᠯᠥᠪᠯᠡᠭᠡ᠎ᠶ᠋ᠢᠨ ᠠᠭᠤᠯᠭ᠎ᠠ᠂ ᠭᠣᠢᠳᠠ ᠰᠠᠢᠬᠠᠨ ᠬᠡᠷᠡᠯ ᠲᠤᠰᠭᠠᠯᠳᠠ ᠵᠢᠨ ᠦᠵᠡᠮᠵᠢ ᠨᠢ ᠦᠵᠡᠭ᠌ᠴᠢᠳ᠎ᠦᠨ ᠮᠠᠭ᠍ᠲᠠᠭᠠᠯ ᠰᠠᠢᠱᠢᠶᠠᠯ᠎ᠢ ᠣᠯᠵᠠᠢ᠃
ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠪᠠ ᠡᠪᠦᠯ᠎ᠦᠨ ᠤᠯᠠᠷᠢᠯ᠎ᠤᠨ ᠵᠡᠮᠳᠡᠭ᠌ᠴᠦᠳ᠎ᠦᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠯᠪᠠᠨ᠎ᠤ ᠲᠠᠯ᠎ᠠ᠎ᠶ᠋ᠢᠨ ᠪᠡᠶ᠎ᠡ᠎ᠶ᠋ᠢᠨ ᠲᠠᠮᠢᠷ᠎ᠤᠨ ᠦᠵᠡᠭᠦᠯᠭᠡ ᠪᠠ ᠱᠠᠩᠨᠠᠯ ᠣᠯᠭᠣᠬᠤ ᠶᠣᠰᠣᠯᠠᠯ᠎ᠤᠨ ᠦᠶ᠋ᠯᠡᠴᠢᠯᠡᠭᠡ ᠵᠢ ᠲᠡᠮᠵᠢᠭᠰᠡᠨ ᠠᠷᠠᠯᠵᠢᠶᠠᠴᠢᠨ ᠪᠧᠶ ᠤᠣ ᠪᠦᠯᠦᠭ᠌ᠯᠡᠯ᠂ ᠲᠣᠰ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠨᠢ ᠲᠣᠰ ᠲᠣᠰ ᠤᠯᠤᠰ᠎ᠤᠨ ᠤᠮᠪᠠᠯᠲᠠ᠎ᠶ᠋ᠢᠨ ᠲᠥᠪ᠂ ᠤᠯᠤᠰ᠎ᠤᠨ ᠪᠡᠶ᠎ᠡ᠎ᠶ᠋ᠢᠨ ᠲᠠᠮᠢᠷ᠎ᠤᠨ ᠣᠷᠳᠣᠨ᠂ ᠨᠡᠢᠰᠯᠡᠯ᠎ᠦᠨ ᠪᠡᠶ᠎ᠡ᠎ᠶ᠋ᠢᠨ ᠲᠠᠮᠢᠷ᠎ᠤᠨ ᠣᠷᠳᠣᠨ᠂ ᠡᠣ ᠺᠧ ᠰᠥᠩ ᠪᠡᠶ᠎ᠡ᠎ᠶ᠋ᠢᠨ ᠲᠠᠮᠢᠷ᠎ᠤᠨ ᠣᠷᠳᠣᠨ ᠪᠠ ᠤᠯᠤᠰ᠎ᠤᠨ ᠲᠦᠷᠭᠡᠨ ᠲᠡᠱᠢᠯᠲᠡ᠎ᠶ᠋ᠢᠨ ᠣᠷᠳᠣᠨ᠎ᠤ ᠮᠥᠰᠥᠨ ᠳᠡᠭᠡᠷᠡᠬᠢ ᠲᠠᠪᠤᠨ ᠲᠠᠯᠠᠪᠤᠷ ᠣᠷᠳᠣᠨ᠎ᠳᠤ ᠮᠥᠰᠥᠨ ᠭᠠᠳᠠᠷᠭᠤ ᠳ᠋ᠡᠬᠢ ᠵᠢᠷᠤᠭ ᠲᠦᠷᠰᠦ ᠵᠢᠨ ᠬᠡᠷᠡᠯ ᠲᠤᠰᠭᠠᠯᠲᠠᠶ᠋ᠢᠨ ᠠᠭᠤᠯᠭ᠎ᠠ᠎ᠶ᠋ᠢ ᠲᠥᠰᠦᠪᠯᠡᠨ ᠦᠶ᠋ᠯᠡᠳᠴᠦ᠍᠂ ᠲᠣᠭᠠᠴᠢᠯᠠᠭ᠍ᠰᠠᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠢ ᠪᠡᠶ᠎ᠡ᠎ᠶ᠋ᠢᠨ ᠲᠠᠮᠢᠷ᠎ᠤᠨ ᠦᠵᠡᠭᠦᠯᠭᠡ᠎ᠳᠦ ᠬᠡᠷᠡᠭ᠌ᠯᠡᠨ᠂ ᠬᠡᠷᠡᠯ ᠵᠢᠷᠤᠭ᠎ᠤᠨ ᠭᠠᠢᠬᠠᠮᠰᠢᠭ᠎ᠢᠶᠡᠷ《ᠳᠤᠮᠳᠠᠳᠤ ᠤᠯᠤᠰ᠎ᠤᠨ ᠰᠣᠶᠣᠯ》᠂ 《ᠳᠤᠮᠳᠠᠳᠤ ᠤᠯᠤᠰ᠎ᠤᠨ ᠬᠦᠴᠦᠨ》᠂《ᠳᠤᠮᠳᠠᠳᠤ ᠤᠯᠤᠰ᠎ᠤᠨ ᠬᠤᠷᠳᠤᠴᠠ》᠂ 《ᠳᠤᠮᠳᠠᠳᠤ ᠤᠯᠤᠰ᠎ᠤᠨ ᠤᠷᠤᠰᠭᠠᠯ》᠂ 《ᠳᠤᠮᠳᠠᠳᠤ ᠤᠯᠤᠰ᠎ᠤᠨ ᠥᠯᠢᠭᠡᠷ》 ᠵᠡᠷᠭᠡ ᠲᠠᠪᠤᠨ ᠶᠡᠭᠡ ᠭᠤᠤᠯ ᠰᠡᠳᠦᠪ᠎ᠢ ᠢᠯᠡᠷᠡᠬᠦᠯᠵᠠᠢ ᠭᠡᠵᠤ ᠢᠯᠡᠳᠭᠡᠪᠡ᠃
ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠭᠤᠯᠭᠤᠭᠤᠷ ᠴᠢᠯᠠᠭᠤᠨ ᠪᠦᠮᠪᠦᠬᠡ ᠵᠢᠨ ᠤᠷᠤᠯᠳᠤᠭᠠᠨ ᠤᠯᠤᠰ᠎ᠤᠨ ᠤᠮᠪᠠᠯᠲᠠ᠎ᠶ᠋ᠢᠨ ᠲᠥᠪ᠎ᠲᠦ ᠶᠠᠪᠤᠭ᠍ᠳᠠᠪᠠ᠃ ᠭᠤᠯᠭᠤᠭᠤᠷ ᠴᠢᠯᠠᠭᠤᠨ ᠪᠦᠮᠪᠦᠬᠡ ᠪᠣᠯ ᠮᠥᠨ ᠴᠦ᠍ ᠲᠤᠰ ᠬᠤᠭᠤᠴᠠᠭᠠᠨᠤᠡᠪᠦᠯᠦᠨᠤᠯᠠᠷᠢᠯᠤᠨᠣᠯᠢᠮᠫᠢᠺᠤᠨᠲᠠᠮᠢᠷᠤᠨᠴᠤᠭ᠍ᠯᠠᠭᠠᠨᠤ ᠬᠠᠮᠤᠭ᠎ᠤᠨ ᠡᠷᠲᠡ ᠡᠬᠢᠯᠡᠬᠦᠯᠦᠭᠰᠡᠨ ᠤᠷᠤᠯᠳᠤᠭᠠᠨ᠎ᠤ ᠵᠦᠢᠯ᠎ᠦᠨ ᠨᠢᠭᠡ ᠪᠣᠯᠤᠨ᠎ᠠ᠃ 2 ᠰᠠᠷ᠎ᠠ᠎ᠶ᠋ᠢᠨ 2 ᠤ᠋ᠨ ᠡᠳᠦᠷ᠂ ᠭᠤᠯᠭᠤᠭᠤᠷ ᠴᠢᠯᠠᠭᠤᠨ ᠪᠦᠮᠪᠦᠬᠡ ᠵᠢᠨ ᠤᠷᠤᠯᠳᠤᠭᠠᠨ ᠡᠬᠢᠯᠡᠭ᠌ᠰᠡᠨ ᠠᠩᠬᠠᠨ᠎ᠤ ᠡᠳᠦᠷ᠂ ᠮᠥᠰᠥᠨ ᠭᠠᠳᠠᠷᠭᠤ᠎ᠶ᠋ᠢᠨ ᠬᠡᠷᠡᠯ ᠲᠤᠰᠭᠠᠯᠳᠠ ᠨᠢ 《ᠮᠥᠰᠥᠨ ᠤᠷᠳᠤᠨ》 ᠳ᠋ᠤ ᠠᠩᠬ᠎ᠠ ᠤᠳᠠᠭ᠎ᠠ ᠢᠯᠡᠷᠡᠮᠡᠭᠴᠡ ᠪᠦᠬᠦ ᠲᠠᠯᠠᠪᠠᠢ ᠵᠢ ᠭᠠᠢᠬᠠᠰᠢᠷᠠᠭᠤᠯᠵᠠᠢ᠃
ᠤᠷᠤᠯᠳᠤᠭᠠᠨ ᠡᠬᠢᠯᠡᠬᠦ ᠪᠤᠯᠤᠯ᠎ᠠ᠂ ᠨᠢᠭᠡᠨ《ᠵᠢᠵᠢᠭ ᠭᠤᠯᠭᠤᠭᠤᠷ ᠴᠢᠯᠠᠭᠤᠨ ᠪᠦᠮᠪᠦᠬᠡ》ᠬᠢᠲᠠᠳ ᠮᠠᠶᠢᠭ᠎ᠤᠨ ᠡᠪᠬᠡᠮᠡᠯ ᠳᠡᠪᠢᠭᠦᠷ ᠵᠢᠷᠤᠭ᠎ᠤᠨ ᠲᠤᠳᠤᠷ᠎ᠠ᠎ᠡᠴᠡ ᠭᠤᠯᠭᠤᠨ ᠪᠠᠭᠤᠵᠤ᠂《ᠲᠡᠷᠢᠭᠦᠯᠡᠭ᠌ᠴᠢ ᠴᠡᠴᠡᠭ ᠴᠠᠬᠢᠷᠮ᠎ᠠ ᠬᠤᠯᠤᠰᠤ ᠤᠳᠪᠠᠯᠡ》 ᠶ᠋ᠢ ᠨᠡᠪᠲᠡᠯᠦᠨ᠂ 《ᠪᠠᠶᠠᠨ ᠲᠠᠨᠭᠰᠤᠭ》᠎ᠢ᠋ ᠪᠡᠯᠬᠡᠳᠡᠭᠰᠡᠨ ᠤᠰᠤᠨ ᠴᠥᠭᠥᠷᠥᠮ᠎ᠳᠦ ᠬᠥᠪᠦᠨ ᠣᠷᠣᠨ᠎ᠠ᠃ ᠲᠠᠷᠠᠭ᠎ᠠ ᠨᠢ ᠂《ᠵᠢᠵᠢᠭ ᠭᠤᠯᠭᠤᠭᠤᠷ ᠴᠢᠯᠠᠭᠤᠨ ᠪᠦᠮᠪᠦᠬᠡ》᠎ᠨᠢ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠭᠤᠯᠭᠤᠭᠤᠷ ᠪᠦᠮᠪᠦᠬᠡ ᠪᠣᠯᠵᠤ᠂ ᠨᠢᠭᠡ ᠵᠠᠮ ᠢᠯᠠᠯᠲᠠ᠎ᠶ᠋ᠢᠨ ᠲᠡᠭᠦᠰᠭᠡᠯ᠎ᠤᠨ ᠴᠡᠭ᠎ᠢ ᠵᠤᠷᠢᠨ ᠨᠢᠰᠭᠦ ᠮᠡᠲᠦ ᠪᠦᠮᠪᠦᠷᠢᠨ᠂ ᠬᠠᠮᠤᠭ᠎ᠤᠨ ᠡᠴᠦᠰ᠎ᠲᠡᠬᠡᠨ ᠴᠠᠰᠤᠨ ᠮᠥᠬᠥᠯᠢᠭ ᠪᠣᠯᠵᠤ᠂ ᠣᠯᠢᠮᠫᠢᠺ᠎ᠤᠨ ᠲᠠᠪᠤᠨ ᠴᠠᠭᠠᠷᠢᠭ ᠪᠣᠯᠵᠤ ᠳᠡᠯᠭᠡᠷᠡᠪᠡ᠃
ᠤᠯᠤᠰ᠎ᠤᠨ ᠪᠡᠶ᠎ᠡ᠎ᠶ᠋ᠢᠨ ᠲᠠᠮᠢᠷ᠎ᠤᠨ ᠣᠷᠳᠣᠨ ᠪᠣᠯᠤᠨ ᠡᠣ ᠺᠧ ᠰᠦᠩ ᠪᠡᠶ᠎ᠡ᠎ᠶ᠋ᠢᠨ ᠲᠠᠮᠢᠷ᠎ᠤᠨ ᠲᠥᠪ ᠪᠣᠯ ᠲᠤᠰ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠮᠥᠰᠥᠨ ᠪᠥᠮᠪᠥᠭᠡ᠎ᠶ᠋ᠢᠨ ᠤᠷᠤᠯᠳᠤᠭᠠᠨ᠎ᠤ ᠲᠠᠯᠠᠪᠤᠷ ᠪᠣᠯᠤᠨ᠎ᠠ᠃ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠨᠢ ᠳᠤᠮᠳᠠᠳᠤ ᠤᠯᠤᠰ᠎ᠤᠨ ᠤᠯᠠᠮᠵᠢᠯᠠᠯᠲᠤ ᠪᠠᠶᠠᠷ᠎ᠤᠨ ᠡᠳᠦᠷ᠎ᠲᠡᠶ ᠲᠣᠬᠢᠶᠠᠬᠰᠠᠨ ᠲᠤᠯᠠ᠂ ᠪᠸᠢ ᠤᠣ ᠪᠦᠯᠦᠭ᠌ᠯᠡᠯ ᠭᠡᠷᠡᠯ ᠲᠤᠰᠬᠠᠯᠳᠠ ᠵᠢᠨ ᠦᠵᠡᠭᠦᠯᠭᠡ᠎ᠳᠡᠭᠡᠨ ᠪᠠᠷᠰ ᠵᠢᠯ᠎ᠤᠨ ᠴᠠᠭᠠᠨ ᠰᠠᠷ᠎ᠠ᠎ᠶ᠋ᠢᠨ ᠡᠯᠧᠮᠧᠨ᠋ᠲ᠎ᠢ ᠠᠭᠤᠰᠭᠠᠨ ᠣᠷᠣᠭᠤᠯᠵᠠᠢ᠃ ᠬᠦᠨᠭᠭᠢᠨᠡᠨ ᠲᠤᠤᠭᠠᠷᠬᠤ ᠬᠡᠩᠭᠡᠷᠭᠡ᠎ᠶ᠋ᠢᠨ ᠳᠠᠭᠤᠨ᠎ᠢ ᠳᠠᠭᠠᠯᠳᠤᠨ᠂ ᠦᠯᠵᠡᠢᠳᠤ ᠪᠠᠷᠰ ᠰᠢᠨ᠎ᠠ ᠵᠢᠯ᠎ᠤᠨ ᠪᠠᠶᠠᠷ᠎ᠢ ᠲᠠᠮᠵᠢᠭᠤᠯᠤᠨ᠂ ᠲᠤᠮᠳᠠᠳᠤ ᠤᠯᠤᠰ᠎ᠤᠨ ᠬᠡᠪ ᠨᠠᠮᠪᠠ ᠪᠦᠬᠦᠢ ᠡᠪᠬᠡᠮᠡᠯ ᠳᠡᠪᠢᠭᠦᠷ ᠲᠣᠰᠣᠨ ᠱᠢᠬᠦᠷ᠎ᠤᠨ ᠲᠤᠤᠷ᠎ᠠ᠂ ᠳᠠᠩ ᠤᠯᠤᠰ᠎ᠤᠨ ᠱᠢᠨ᠎ᠡ ᠵᠢᠯ᠎ᠦᠨ ᠰᠥᠨᠢ ᠵᠢᠨ ᠳ᠋ᠧᠩ᠎ᠦᠨ ᠭᠡᠷᠡᠯ ᠲᠤᠸᠠᠯᠠᠵᠤ᠂ ᠨᠢᠭᠡ ᠪᠦᠯᠦᠭ ᠡᠮᠡᠭ᠌ᠲᠡᠢᠴᠦᠳ ᠮᠥᠰᠥᠨ ᠳᠡᠭᠡᠷ᠎ᠡ ᠪᠠᠶᠠᠷ ᠬᠥᠷ᠎ᠲᠡᠶ ᠲᠤᠬᠯᠠᠨᠠ᠃ ᠴᠠᠭ ᠣᠷᠣᠨ ᠵᠠᠶ ᠤᠷᠴᠢᠨ ᠡᠭᠡᠯᠵᠢᠯᠡᠵᠦ᠍᠂ ᠣᠳᠣᠬᠢᠴᠢᠯᠠᠭ᠍ᠰᠠᠨ ᠲᠠᠯᠠᠪᠤᠷ ᠣᠷᠳᠣᠨ᠎ᠳᠤ᠂ ᠮᠥᠰᠥᠨ ᠪᠥᠮᠪᠥᠭᠡ᠎ᠶ᠋ᠢᠨ ᠲᠠᠮᠢᠷᠴᠢᠳ ᠱᠢᠳᠠᠮ ᠡᠷᠭᠢᠭᠦᠯᠦᠨ᠂ ᠮᠥᠰᠥᠨ ᠪᠥᠮᠪᠥᠭᠡ ᠴᠣᠬᠢᠵᠤ᠂ ᠤᠷᠤᠯᠳᠤᠭᠠᠨ᠎ᠤ ᠬᠤᠷᠴᠠ ᠰᠢᠷᠦᠬᠦᠨ ᠦᠷᠢᠰᠦᠯᠳᠤᠭᠡᠨ ᠡᠴᠡ ᠡᠬᠦᠰᠦᠭᠰᠡᠨ ᠭᠠᠯ᠎ᠤᠨ ᠤᠴᠢ ᠨᠢ ᠲᠠᠪᠤᠨ ᠥᠩᠭᠡ᠎ᠪᠡᠷ ᠰᠤᠯᠤᠩᠭᠠᠷᠠᠨ ᠲᠡᠯᠬᠡᠷᠠᠪᠡ᠃
ᠤᠯᠤᠰ᠎ᠤᠨ ᠪᠡᠶ᠎ᠡ᠎ᠶ᠋ᠢᠨ ᠲᠠᠮᠢᠷ᠎ᠤᠨ ᠣᠷᠳᠣᠨ᠎ᠳᠤ᠂ ᠲᠠᠮᠢᠷᠴᠢᠳ ᠲᠠᠯᠠᠪᠠᠢ᠎ᠳᠤ ᠭᠠᠷᠬᠤ ᠬᠡᠷᠡᠯ ᠲᠤᠰᠬᠠᠯᠳᠠ ᠵᠢᠨ ᠦᠵᠡᠬᠦᠯᠭᠡ ᠳᠤᠮᠳᠠ᠂ ᠪᠣᠰᠣᠭ᠎ᠠ ᠴᠤᠬᠴᠠᠳᠤ ᠱᠢᠨᠵᠢᠯᠡᠬᠦ᠌ ᠤᠬᠠᠭᠠᠨ᠎ᠤ ᠬᠡᠢ ᠪᠤᠳᠤᠯ᠎ᠤᠨ ᠡᠨᠧᠷᠭᠢ ᠮᠥᠰᠥᠨ ᠭᠠᠳᠠᠷᠭᠤᠲᠡᠬᠡᠷᠡ ᠪᠤᠰᠤᠭᠠᠯᠵᠢᠨ᠎ᠢᠶᠡᠷ ᠰᠦᠯᠵᠢᠭ᠌ᠰᠡᠨᠦ ᠳᠠᠷᠠᠭ᠎ᠠ᠂ 《ᠪᠢᠩ ᠳ᠋ᠦᠨ ᠳ᠋ᠦᠨ》 ᠲᠠᠢ ᠰᠠᠨᠰᠠᠷ᠎ᠲᠤ ᠵᠤᠯᠭᠠᠨ᠂ ᠬᠦᠴᠦᠨ ᠴᠢᠳᠠᠯᠵᠢᠡᠷ ᠪᠢᠯᠬᠠᠬᠰᠡᠨ ᠠᠷᠤ ᠦᠵᠡᠭ᠌ᠳᠡᠯ᠎ᠦᠨ ᠳᠠᠭᠤᠤ ᠬᠥᠭ᠌ᠵᠢᠮ 《ᠳᠠᠬᠢᠨ ᠪᠠᠢᠯᠳᠤᠨᠠᠮ》 ᠨᠢ ᠮᠥᠰᠥᠨ ᠪᠥᠮᠪᠥᠭᠡ᠎ᠶ᠋ᠢᠨ ᠬᠥᠳᠡᠯᠭᠡᠭᠡᠨ᠎ᠦ ᠰᠦᠷ ᠳᠠᠯᠠᠢᠴᠠᠲᠠᠢ ᠢᠳᠡ ᠬᠦᠴᠦᠨ᠎ᠢ ᠢᠯᠡᠷᠡᠭᠦᠯᠪᠡ᠃
ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠴᠣᠷ᠎ᠤᠨ ᠭᠠᠭ᠍ᠴᠠ ᠱᠢᠨ᠎ᠡ᠎ᠪᠡᠷ ᠪᠠᠢᠭᠤᠯᠤᠭ᠍ᠰᠠᠨ ᠮᠥᠰᠥᠨ ᠳᠡᠭᠡᠷᠡᠬᠢ ᠤᠷᠤᠯᠳᠤᠭᠠᠨ᠎ᠤ ᠲᠠᠯᠠᠪᠤᠷ ᠪᠣᠯᠤᠭ᠍ᠰᠠᠨ᠎ᠤ ᠬᠤᠪᠢ᠎ᠳᠤ᠂ ᠤᠯᠤᠰ᠎ᠤᠨ ᠲᠦᠷᠭᠡᠨ ᠲᠡᠱᠢᠯᠲᠡ᠎ᠶ᠋ᠢᠨ ᠣᠷᠳᠣᠨ᠎ᠤ 《ᠮᠥᠰᠥ᠎ᠳᠤ ᠲᠣᠷᠭᠠᠨ ᠪᠦᠴᠡ》᠎ᠶ᠋ᠢᠨ ᠤᠷᠤᠯᠳᠤᠭᠠᠨ ᠡᠬᠢᠯᠡᠭ᠌ᠰᠡᠨ᠎ᠡᠴᠡ ᠨᠠᠭᠠᠰᠢ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠣᠯᠠᠨ ᠵᠦᠶ᠋ᠯ᠎ᠦᠨ ᠱᠢᠨ᠎ᠡ ᠲᠡᠮᠳᠡᠭ᠌ᠯᠡᠯ᠎ᠢ ᠡᠬᠦᠳᠦᠭᠰᠡᠨ ᠪᠠᠢᠨ᠎ᠠ᠂ ᠲᠡᠬᠦᠨ᠎ᠤ ᠦᠨᠢᠶᠡᠨ ᠰᠦ ᠱᠢᠭ ᠴᠠᠭᠠᠨ ᠮᠥᠰᠥᠨ ᠭᠠᠳᠠᠷᠭᠤ ᠨᠢ ᠤᠷᠤᠯᠳᠤᠭᠠᠨ᠎ᠳᠤ ᠣᠷᠣᠯᠴᠠᠭ᠍ᠰᠠᠳ ᠪᠠ ᠦᠵᠡᠭ᠌ᠴᠢᠳ ᠲᠤ᠌ ᠲᠤᠩ ᠪᠠᠬᠠᠷᠬᠠᠬᠳᠠᠵᠤ ᠮᠠᠬᠳᠠᠬᠳᠠᠬᠰᠠᠨ ᠶᠤᠮ᠃ 《ᠮᠥᠰᠥ᠎ᠳᠤ ᠲᠣᠷᠭᠠᠨ ᠪᠦᠴᠡ》᠎ᠶ᠋ᠢᠨ ᠮᠦᠰᠳ ᠭᠠᠳᠠᠷᠭᠤ ᠳ᠋ᠡᠬᠢ ᠵᠢᠷᠤᠭ ᠲᠦᠷᠰᠦ ᠵᠢᠨ ᠬᠡᠷᠡᠯ ᠲᠤᠰᠭᠠᠯᠳᠠᠶ᠋ᠢᠨ ᠦᠵᠡᠬᠦᠯᠬᠡ᠎ᠳᠦ᠂ ᠲᠦᠷᠭᠡᠨ᠎ᠦ ᠭᠠᠯᠲᠤ ᠲᠡᠷᠭᠡ ᠨᠢᠰᠭᠦ ᠮᠡᠲᠦ ᠲᠦᠷᠭᠡᠨ ᠲᠠᠪᠬᠢᠬᠤ ᠲᠤᠮᠳᠠ ᠪᠠᠨ ᠲᠦᠷᠬᠡᠨ ᠲᠡᠱᠢᠯᠲᠡ᠎ᠶ᠋ᠢᠨ ᠲᠠᠮᠢᠷᠴᠢᠨ ᠪᠤᠯᠵᠤ ᠬᠤᠪᠢᠷᠠᠨ᠂ ᠡᠷᠲᠡᠨ᠎ᠦ ᠲᠣᠷᠭᠠᠨ ᠵᠠᠮ᠎ᠡᠴᠡ ᠬᠠᠭᠠᠨ᠎ᠤ ᠣᠷᠳᠣᠨ ᠬᠦᠷᠲᠡᠯ᠎ᠡ᠂ ᠮᠠᠨᠳᠤᠭ᠍ᠰᠠᠨ ᠲᠠᠩ ᠤᠯᠤᠰ᠎ᠤᠨ ᠡᠯᠡᠰᠦᠨ ᠴᠦᠯ᠎ᠡᠴᠡ ᠤᠯᠤᠰ᠎ᠤᠨ ᠲᠦᠷᠭᠡᠨ ᠲᠡᠱᠢᠯᠲᠡ᠎ᠶ᠋ᠢᠨ ᠣᠷᠳᠣᠨ ᠬᠦᠷᠲᠡᠯ᠎ᠡ᠂ ᠠᠢᠵᠠᠮ ᠴᠣᠬᠢᠯᠭ᠎ᠠ ᠲᠠᠢ ᠢᠯᠡᠷᠡᠬᠦ ᠵᠢᠷᠤᠭ ᠳᠦᠷᠰᠦ ᠨᠢ ᠪᠦᠬᠦ᠌ ᠪᠥᠮᠪᠥᠷᠴᠡᠭ᠎ᠦᠨ ᠦᠵᠡᠭ᠌ᠴᠢᠳ᠎ᠢ ᠳᠠᠭᠠᠭᠤᠯᠤᠨ ᠡᠷᠲᠡᠨ ᠡᠳᠦᠭᠡ᠎ᠶ᠋ᠢᠨ ᠳᠤᠮᠳᠠᠳᠤ ᠤᠯᠤᠰ᠎ᠤᠨ ᠴᠤᠭ ᠵᠢᠪᠬᠤᠭ᠎ᠠ᠎ᠶ᠋ᠢ ᠰᠣᠨᠢᠷᠬᠠᠭᠤᠯᠪᠠ᠃
ᠨᠡᠢᠰᠯᠡᠯ᠎ᠦᠨ ᠪᠡᠶ᠎ᠡ᠎ᠶ᠋ᠢᠨ ᠲᠠᠮᠢᠷ᠎ᠤᠨ ᠣᠷᠳᠣᠨ᠎ᠤ ᠣᠢᠷ᠎ᠠ ᠵᠠᠢ ᠵᠢᠨ ᠲᠦᠷᠭᠡᠨ ᠲᠡᠱᠢᠯᠲᠡ᠂ ᠤᠷᠠᠨ ᠲᠡᠱᠢᠯᠲᠡ᠎ᠶ᠋ᠢᠨ ᠤᠷᠤᠯᠳᠤᠭᠠᠨ᠎ᠤ ᠲᠠᠯᠠᠪᠤᠷ ᠲᠤ᠌᠂ ᠬᠡᠷᠡᠯ ᠲᠤᠰᠭᠠᠯᠲᠠᠶ᠋ᠢᠨ ᠦᠵᠡᠭᠦᠯᠭᠡ ᠨᠢ ᠳᠤᠮᠳᠠᠳᠤ ᠤᠯᠤᠰ᠎ᠤᠨ ᠬᠤᠷᠳᠤᠴᠠ᠎ᠶ᠋ᠢᠨ ᠣᠷᠭᠢᠯᠤᠮ᠎ᠠ ᠰᠡᠳᠭᠢᠯᠭᠡ ᠪᠣᠯᠤᠨ ᠤᠷᠠᠯᠢᠭ᠎ᠤᠨ ᠤᠶᠠᠨ ᠬᠠᠳᠠᠨ ᠭᠤᠤ᠎ᠠ ᠰᠠᠢᠬᠠᠨ᠎ᠢ ᠠᠭᠤᠰᠭᠠᠭ᠍ᠰᠠᠨ ᠪᠠᠢᠨ᠎ᠠ᠃ ᠮᠥᠰᠥ᠍ ᠴᠠᠰᠤᠨ᠎ᠤ ᠲᠠᠮᠢᠷᠴᠢᠳ ᠴᠠᠬ ᠤᠷᠤᠨ ᠵᠠᠢ᠎ᠶ᠋ᠢ ᠲᠤᠭᠤᠯᠵᠤ᠂ ᠤᠷᠳᠤ ᠴᠠᠭᠠᠨ ᠬᠡᠷᠡᠮ᠂ ᠴᠢ ᠨᠢᠶᠠᠨ ᠳ᠋ᠢᠶᠠᠨ ᠬᠠᠷᠰᠢ᠎ᠪᠠᠷ ᠥᠩᠭᠡᠷᠡᠨ ᠪᠡᠭᠡᠵᠢᠩ᠎ᠳᠦ ᠴᠤᠭ᠍ᠯᠠᠷᠠᠵᠤ᠂ ᠵᠡᠭᠦᠳᠦ ᠵᠡᠷᠭᠡᠯᠭᠡᠨ ᠮᠡᠲᠦ ᠮᠥᠰᠥ᠍ ᠴᠠᠰᠤᠨ᠎ᠤ ᠠᠶᠠᠯᠠᠯ᠎ᠢᠶᠠᠨ ᠡᠬᠢᠯᠡᠭᠦᠯᠪᠡ᠃
ᠤᠷᠠᠨ ᠲᠡᠱᠢᠯᠲᠡ᠎ᠶ᠋ᠢᠨ ᠤᠷᠤᠯᠳᠤᠭᠠᠨ᠎ᠤ ᠬᠤᠭᠤᠴᠠᠭᠠᠨ᠎ᠳᠦ᠂ ᠶᠠᠳᠤᠭ᠎ᠠ ᠵᠢᠨ ᠬᠠᠷ᠎ᠠ ᠴᠠᠭᠠᠨ ᠲᠠᠷᠤᠭᠤᠯᠤᠨ ᠬᠣᠭᠣᠷᠣᠨᠳᠣ᠂ ᠲᠤᠨᠭᠭᠠᠯᠠᠭ ᠪᠣᠯᠣᠷ᠎ᠤᠨ ᠳᠣᠲᠣᠷ᠎ᠠ᠂ ᠬᠡᠬᠡᠨᠴᠢᠷ ᠷᠤᠮᠠᠨᠲ᠋ᠢᠭ ᠮᠥᠰᠥᠨ ᠳᠡᠭᠡᠷᠡᠬᠢ ᠪᠥᠵᠢᠭ᠎ᠢ ᠪᠦᠵᠢᠭᠯᠡᠵᠤ᠂ ᠤᠷᠠᠨ ᠲᠡᠱᠢᠯᠲᠡ᠎ᠶ᠋ᠢᠨ ᠲᠠᠮᠢᠷᠴᠢᠨ ᠬᠥᠬᠡ ᠴᠠᠭᠠᠨ ᠥᠩᠭᠡᠲᠡᠶ ᠳᠠᠯᠠᠶ᠎ᠶ᠋ᠢᠨ ᠪᠥᠮᠪᠥᠭᠡᠨ ᠳᠣᠲᠣᠷ᠎ᠠ ᠡᠷᠭᠢᠯᠳᠦᠨ ᠳᠡᠯᠭᠡᠷᠡᠵᠦ᠍᠂ ᠰᠤᠯᠪᠢᠴᠠᠨ ᠳᠠᠪᠬᠤᠴᠠᠵᠤ᠂ ᠲᠡᠭᠡᠭᠰᠢ ᠡᠷᠭᠦᠵᠦ᠍᠂ ᠬᠣᠣᠰ ᠡᠷᠪᠡᠬᠡᠶ ᠪᠤᠯᠵᠤ ᠬᠤᠪᠢᠷᠠᠨ᠎ᠠ ᠁
ᠲᠠᠨᠢᠯᠴᠠᠭᠤᠯᠤᠭ᠍ᠰᠠᠨ᠎ᠢᠶᠠᠷ᠂ ᠲᠤᠰ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠨᠢ ᠠᠩᠬ᠎ᠠ ᠤᠳᠠᠭ᠎ᠠ ᠮᠥᠰᠥᠨ ᠭᠠᠳᠠᠷᠭᠤ ᠳ᠋ᠡᠬᠢ ᠵᠢᠷᠤᠭ ᠲᠦᠷᠰᠦ ᠵᠢᠨ ᠬᠡᠷᠡᠯ ᠲᠤᠰᠭᠠᠯᠲᠠᠶ᠋ᠢᠨ ᠮᠡᠷᠭᠡᠵᠢᠯ᠎ᠢ ᠶᠡᠬᠡ ᠬᠡᠪᠴᠢᠶ᠎ᠡ᠎ᠪᠡᠷ ᠬᠡᠷᠡᠭ᠌ᠯᠡᠬᠦ᠌᠎ᠶ᠋ᠢ ᠪᠡᠶᠡᠯᠡᠭᠦᠯᠪᠡ᠃ ᠭᠡᠪᠡᠴᠦ᠍ ᠮᠥᠰᠥᠨ ᠭᠠᠳᠠᠷᠭᠤ ᠳ᠋ᠡᠬᠢ ᠵᠢᠷᠤᠭ ᠲᠦᠷᠰᠦ ᠵᠢᠨ ᠬᠡᠷᠡᠯ ᠲᠤᠰᠭᠠᠯᠲᠠᠶ᠋ᠢᠨ ᠢᠯᠭᠠᠮᠵᠢ ᠥᠨᠳᠥᠷ ᠪᠣᠯᠬᠣᠷ ᠡᠷᠬᠡᠪᠰᠢ ᠡᠯ᠎ᠡ ᠵᠦᠢᠯ᠎ᠦᠨ ᠠᠳᠠᠯᠢ ᠪᠤᠰᠤ ᠤᠷᠤᠯᠳᠤᠭᠠᠨ᠎ᠤ ᠲᠠᠯᠠᠪᠤᠷ᠎ᠲᠠᠶ ᠨᠢᠭ᠍ᠲᠠ ᠠᠭᠤᠰᠤᠯᠴᠠᠬᠤ ᠴᠢᠬᠤᠯᠠᠳᠠᠢ ᠪᠦᠭᠡᠳ ᠣᠨᠴᠠ ᠲᠣᠭ᠍ᠲᠠᠭ᠍ᠰᠠᠨ ᠥᠨᠴᠥᠭᠲᠦ ᠪᠤᠰᠤᠭᠠᠯᠵᠢᠨ ᠬᠠᠷᠠᠭᠠᠨ ᠰᠡᠷᠡᠯ᠎ᠢ ᠪᠡᠶᠡᠯᠡᠭᠦᠯᠬᠦ᠌ ᠬᠡᠷᠡᠭ᠌ᠲᠡᠶ᠂ ᠡᠢᠮᠦ᠍᠎ᠡᠴᠡ ᠠᠳᠠᠯᠢ ᠪᠤᠰᠤ ᠤᠷᠤᠯᠳᠤᠭᠠᠨ᠎ᠳᠤ ᠴᠢᠭ᠌ᠯᠡᠭᠦᠯᠦᠨ ᠣᠨᠴᠠ ᠲᠣᠭ᠍ᠲᠠᠭ᠍ᠰᠠᠨ ᠭᠣᠣᠯ ᠰᠡᠳᠦᠪᠲᠦ ᠬᠥᠳᠡᠯᠭᠡᠭᠡᠨ᠎ᠦ ᠦᠷ᠎ᠡ ᠪᠦᠲᠦᠮᠵᠢ ᠪᠠ ᠥᠩᠭᠡ ᠪᠤᠳᠤᠭ᠎ᠤᠨ ᠱᠢᠰᠲ᠋ᠧᠮ᠎ᠢ ᠲᠣᠭ᠍ᠲᠠᠭᠠᠬᠤ ᠨᠢ ᠨᠠᠩ ᠴᠢᠬᠤᠯᠠ᠂ ᠡᠨᠡ ᠪᠣᠯ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠪᠡᠶ᠎ᠡ᠎ᠶ᠋ᠢᠨ ᠲᠠᠮᠢᠷ᠎ᠤᠨ ᠦᠵᠡᠭᠦᠯᠭᠡ᠎ᠶ᠋ᠢᠨ ᠸᠢᠳᠢᠣ᠋ ᠮᠡᠷᠭᠡᠵᠢᠯ᠎ᠦᠨ ᠲᠤᠳᠤᠷᠠᠬᠢ ᠬᠦᠴᠢᠷᠳᠡᠯ᠎ᠢᠶᠡᠷ ᠬᠠᠮᠤᠭ᠎ᠤᠨ ᠶᠡᠬᠡ ᠬᠡᠰᠡᠭ ᠪᠣᠯᠤᠨ᠎ᠠ᠃
ᠡᠭᠦᠨ᠎ᠡᠴᠡ ᠭᠠᠳᠠᠨ᠎ᠠ᠂ ᠡᠩ᠎ᠦᠨ ᠳᠦᠷᠰᠦ ᠱᠢᠩᠭᠡᠭᠡᠯᠲᠡ᠎ᠶ᠋ᠢᠨ ᠵᠠᠭᠤᠴᠢ᠎ᠲᠠᠶ ᠠᠳᠠᠯᠢ ᠥᠬᠡᠶ ᠨᠢ᠂ ᠠᠳᠠᠯᠢ ᠪᠤᠰᠤ ᠮᠥᠰᠥ᠍ ᠨᠢ ᠨᠢᠭ᠍ᠲᠠᠴᠠ᠂ ᠳᠤᠯᠠᠭᠠᠨ᠎ᠤ ᠬᠡᠮᠵᠢᠶ᠎ᠡ᠂ ᠬᠡᠷᠡᠯ᠎ᠦᠨ ᠣᠢᠯᠳᠠ ᠵᠢᠨ ᠬᠡᠮᠵᠢᠶ᠎ᠠ᠎ᠶ᠋ᠢᠨ ᠲᠠᠯ᠎ᠠ᠎ᠪᠠᠷ ᠴᠥᠮ ᠵᠥᠷᠢᠶ᠎ᠡ᠎ᠲᠡᠶ ᠪᠠᠢᠳᠠᠭ᠂ ᠮᠥᠰᠥᠨ ᠭᠠᠳᠠᠷᠭᠤ ᠳᠡᠭᠡᠷ᠎ᠡ ᠴᠡᠪᠡᠷ ᠭᠤᠷᠪᠠᠨ ᠬᠡᠮᠵᠢᠯᠳᠦ ᠪᠡᠶᠡᠲᠦ᠍᠎ᠶ᠋ᠢᠨ ᠬᠠᠷᠠᠭᠠᠨ ᠰᠡᠷᠡᠯ᠎ᠤᠨ ᠭᠠᠢᠬᠠᠮᠱᠢᠭ᠍ᠲᠠᠶ ᠦᠷ᠎ᠡ ᠳ᠋ᠦᠩ᠎ᠢ ᠦᠵᠡᠬᠦᠯᠬᠦ ᠳ᠋ᠤ᠂ ᠮᠡᠷᠭᠡᠵᠢᠯ᠎ᠦᠨ ᠲᠠᠯ᠎ᠠ ᠪᠡᠷ ᠬᠢ ᠬᠦᠴᠢᠷᠳᠡᠯ ᠨᠠᠩ ᠶᠡᠬᠡ ᠪᠠᠢᠵᠤ ᠦᠶ᠋ᠯᠡᠳᠬᠦ᠌ ᠳ᠋ᠤ ᠨᠠᠩ ᠪᠤᠳᠤᠯᠢᠶᠠᠨᠲᠠᠶ ᠪᠠᠢᠳᠠᠭ᠃ᠬᠠᠮᠤᠭ᠎ᠤᠨ ᠰᠠᠢᠨ ᠳᠦᠷᠰᠦ ᠱᠢᠩᠭᠡᠭᠡᠯᠲᠡ᠎ᠶ᠋ᠢᠨ ᠦᠷ᠎ᠡ ᠳ᠋ᠦᠩ᠎ᠢ ᠬᠡᠷᠡᠯ ᠲᠤᠰᠬᠠᠯᠳᠠ ᠪᠡᠷ ᠦᠵᠡᠬᠦᠯᠬᠦ᠎ᠶ᠋ᠢᠨ ᠲᠥᠯᠥᠭᠡ᠂ ᠲᠥᠷᠥᠯ ᠵᠦᠶ᠋ᠯ᠎ᠦᠨ ᠪᠦᠯᠬᠦᠮ᠎ᠦᠨ᠎ᠬᠢᠨ ᠨᠠᠷᠢᠨ ᠣᠨᠣᠪᠴᠢᠲᠠᠶ᠎ᠪᠠᠷ ᠬᠡᠮᠵᠢᠯᠲᠡ ᠬᠢᠵᠦ᠍᠂ ᠠᠷᠭ᠎ᠠ ᠪᠣᠳᠣᠯᠭ᠎ᠠ᠎ᠶ᠋ᠢ ᠨᠠᠷᠢᠨ ᠣᠨᠣᠪᠴᠢᠲᠠᠶ ᠬᠡᠷᠡᠭ᠌ᠵᠢᠭᠦᠯᠵᠦ᠍᠂ ᠲᠣᠭᠠᠴᠢᠯᠠᠭ᠍ᠰᠠᠨ ᠠᠭᠤᠯᠭ᠎ᠠ᠎ᠶ᠋ᠢ ᠳᠦᠷᠰᠦ ᠵᠢᠨ ᠡᠯᠧᠮᠧᠨ᠋ᠲ᠎ᠦᠨ ᠴᠡᠭ ᠨᠢᠭᠡ ᠪᠦᠷᠢᠳᠦ ᠬᠦᠷᠳᠡᠯ᠎ᠡ ᠨᠠᠷᠢᠯᠢᠭ᠍ᠵᠢᠭᠤᠯᠵᠤ᠂ ᠲᠠᠯᠠᠪᠤᠷ ᠣᠷᠳᠣᠨ᠂ ᠬᠥᠯᠳᠡᠭᠡᠬᠦ᠌ ᠲᠥᠬᠥᠭᠡᠷᠦᠮᠵᠢ᠎ᠲᠡᠶ ᠨᠢᠭ᠍ᠲᠠ ᠵᠣᠬᠢᠴᠠᠭᠤᠯᠵᠤ᠂ ᠵᠢᠷᠤᠭ ᠳᠦᠷᠰᠦ ᠨᠢᠭᠡ ᠪᠦᠷᠢ᠎ᠶ᠋ᠢᠨ ᠬᠡᠷᠡᠯ᠎ᠦᠨ ᠰᠡᠭᠦᠳᠡᠷ᠎ᠦᠨ ᠬᠤᠪᠢᠷᠠᠯᠳᠠ ᠵᠢᠨ ᠨᠠᠷᠢᠯᠢᠭᠢ ᠦᠨᠡᠨ ᠬᠦ᠌ ᠪᠠᠲᠤᠯᠠᠪᠠ᠃ ᠲᠥᠷᠥᠯ ᠵᠦᠶ᠋ᠯ᠎ᠦᠨ ᠪᠦᠯᠬᠦᠮ ᠳᠠᠬᠢᠨ ᠳᠠᠪᠲᠠᠨ ᠪᠤᠳᠤᠯ ᠰᠠᠨᠠᠯ᠎ᠢᠶᠡᠨ ᠰᠤᠯᠢᠯᠴᠠᠵᠤ᠂ ᠤᠯᠠᠨ ᠤᠳᠠᠭ᠎ᠠ ᠵᠠᠰᠠᠪᠤᠷᠢ ᠣᠷᠣᠭᠤᠯᠬᠤ᠎ᠪᠠᠷ ᠳᠡᠮᠵᠢᠨ᠂ 180 ᠭᠠᠷᠤᠶ ᠡᠳᠦᠷ ᠰᠥᠨᠢ ᠲᠠᠮᠡᠴᠡᠵᠤ 1300 ᠭᠠᠷᠤᠶ ᠬᠦᠴᠢᠷ ᠠᠰᠠᠭᠤᠳᠠᠯ᠎ᠢ ᠢᠯᠡᠨ ᠳᠠᠪᠠᠵᠤ᠂ ᠦᠵᠡᠭ᠌ᠴᠢᠳ᠎ᠲᠦ ᠭᠤᠸ᠎ᠠ ᠰᠠᠢᠬᠠᠨ 3D ᠬᠠᠷᠠᠭᠠᠨ ᠰᠡᠷᠡᠯ᠎ᠦᠨ ᠬᠦᠷᠲᠡᠭᠡᠯ᠎ᠢ ᠣᠯᠭᠣᠵᠤ᠂ ᠳᠡᠯᠡᠬᠡᠶ ᠳ᠋ᠠᠬᠢᠨ᠎ᠳᠤ ᠳᠤᠮᠳᠠᠳᠤ ᠤᠯᠤᠰ᠎ᠤᠨ ᠲᠣᠭᠠᠴᠢᠯᠠᠭ᠍ᠰᠠᠨ ᠳᠦᠷᠰᠦ ᠱᠢᠩᠭᠡᠭᠡᠯᠲᠡ᠎ᠶ᠋ᠢᠨ ᠮᠡᠷᠭᠡᠵᠢᠯ᠎ᠦᠨ ᠱᠢᠨ᠎ᠡ ᠬᠢᠷᠢ ᠲᠦᠪᠰᠢᠨ᠎ᠢ ᠳᠡᠯᠭᠡᠨ ᠦᠵᠡᠭᠦᠯᠵᠦ᠍᠂ 《ᠳᠤᠮᠳᠠᠳᠤ ᠤᠯᠤᠰ᠎ᠤᠨ ᠭᠣᠢᠳᠠ ᠰᠠᠢᠬᠠᠨ》᠎ᠢ᠋ ᠢᠯᠡᠷᠡᠭᠦᠯᠪᠡ᠃
(ᠰᠢᠨᠬᠤᠸᠠ ᠬᠤᠷᠢᠶᠠᠨ᠎ᠤ ᠪᠡᠭᠡᠵᠢᠩ᠎ᠤᠨ 2 ᠰᠠᠷ᠎ᠠ ᠵᠢᠨ 17 ᠤ᠋ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃