2022-03-10 10:38:53
ᠰᠢᠨᠬᠤᠸᠠ ᠬᠤᠷᠢᠶᠠᠨ ᠤ᠋ ᠾᠸᠪᠸᠢ ᠵᠢᠨ ᠴᠦᠩ ᠯᠢ ᠵᠢᠨ 3 ᠰᠠᠷ᠎ᠠ ᠵᠢᠨ 6 ᠤ᠋ ᠴᠠᠬᠢᠯᠭᠠᠨ ᠮᠡᠳᠡᠭᠡ ( ᠰᠤᠷᠪᠤᠯᠵᠢᠯᠠᠭᠴᠢ ᠯᠢᠦ ᠨᠢᠩ ᠵᠢᠢ ᠵᠢᠶᠠ ᠳ᠋ᠦᠩ ᠵᠸᠩ ᡁᠢ ) ᠪᠡᠭᠡᠵᠢᠩ ᠤ᠋ᠨ ᠡᠪᠦᠯ ᠤ᠋ᠨ ᠤᠯᠠᠷᠢᠯ ᠤ᠋ᠨ ᠵᠡᠮᠳᠡᠭᠴᠤᠳ ᠤ᠋ᠨ ᠤᠯᠢᠮᠫᠢᠺ ᠤ᠋ᠨ ᠲᠠᠮᠢᠷ ᠤ᠋ᠨ ᠴᠤᠭᠯᠠᠭᠠᠨ ᠤ᠋ ᠬᠡᠬᠡᠷ᠎ᠠ ᠵᠢᠨ ᠴᠠᠨᠠᠯᠠᠯᠳᠠ ᠵᠢᠨ ᠤᠷᠤᠯᠳᠤᠭᠠᠨ 6 ᠤ᠋ ᠡᠳᠦᠷ ᠡᠬᠢᠯᠡᠵᠠᠢ᠃
ᠲᠤᠰ ᠡᠳᠦᠷ ᠤ᠋ᠨ ᠡᠷᠡᠭᠳᠠᠢ ᠵᠢᠨ ᠬᠤᠯᠠ ᠵᠠᠢ (ᠰᠠᠭᠤᠵᠤ ᠭᠤᠯᠭᠤᠬᠤ) ᠵᠢᠨ ᠤᠷᠤᠯᠳᠤᠭᠠᠨ ᠳ᠋ᠤ᠂ ᠵᠸᠩ ᠫᠸᠩ 43 ᠮᠢᠨᠦ᠋ᠲ 09 ᠰᠸᠺᠦ᠋ᠨ᠋ᠳ᠋ 2 ᠤ᠋ᠨ ᠬᠢᠷᠢ ᠪᠦᠲᠦᠮᠵᠢ ᠪᠡᠷ ᠮᠠᠩᠯᠠᠢᠯᠠᠵᠠᠢ᠃ ᠡᠭᠦᠨ ᠤ᠋ ᠳᠠᠷᠠᠭ᠎ᠠ ᠡᠮᠡᠭᠳᠠᠢ ᠵᠢᠨ ᠬᠤᠯᠠ ᠵᠠᠢ ( ᠰᠠᠭᠤᠵᠤ ᠭᠤᠯᠭᠤᠬᠤ) ᠵᠢᠨ ᠤᠷᠤᠯᠳᠤᠭᠠᠨ ᠳ᠋ᠤ ᠶᠠᠩ ᠬᠤᠩ ᠴᠢᠶᠦ᠋ᠩ 43 ᠮᠢᠨᠦ᠋ᠲ 06 ᠰᠸᠺᠦ᠋ᠨ᠋ᠳ᠋7 ᠵᠢᠨ ᠬᠢᠷᠢ ᠪᠦᠳᠦᠮᠵᠢ ᠪᠡᠷ ᠮᠠᠩᠯᠠᠢᠯᠠᠵᠠᠢ᠃
ᠡᠭᠦᠨ ᠡᠴᠡ ᠭᠠᠳᠠᠨ᠎ᠠ᠂ ᠳᠠᠩ ᠴᠠᠨᠠᠯᠠᠯᠳᠠ ᠵᠢᠨ 4 ᠲᠦᠷᠦᠯ ᠵᠦᠢᠯ ᠤ᠋ᠨ ᠬᠢᠷᠢ ᠭᠡᠮ ᠤᠨ ᠤᠷᠤᠯᠳᠤᠭᠠᠨ ᠶᠠᠪᠤᠭᠳᠠᠯ᠎ᠠ᠃ ᠡᠮᠡᠭᠳᠠᠢ ᠵᠢᠨ ᠰᠠᠭᠠᠳ ᠳᠠᠪᠠᠬᠤ LL2 ᠳᠡᠰ ᠤ᠋ᠨ ᠲᠡᠭᠡᠳᠦ ᠨᠠᠢ᠍ᠮᠠ ᠵᠢᠨ ᠰᠢᠢᠳᠪᠦᠷᠢᠳᠤ ᠤᠷᠤᠯᠳᠤᠭᠠᠨ ᠳ᠋ᠤ ᠯᠢ ᠲᠢᠶᠠᠨ᠂ ᠭᠸᠩ ᠶᠠᠨ ᠬᠤᠩ᠂ ᠬᠤ᠌ ᠨᠢᠶᠠᠨ ᠵᠢᠶᠠ᠂ ᠸᠠᠩ ᠰᠢᠨ ᠢᠥᠢ ᠵᠡᠷᠭᠡ ᠳᠤᠮᠳᠠᠳᠤ ᠤᠯᠤᠰ ᠤ᠋ᠨ ᠲᠠᠮᠢᠷᠴᠢᠨ ᠲᠠᠪᠰᠢᠯᠠ᠃ ᠡᠷᠡᠭᠳᠠᠢ ᠵᠢᠨ ᠰᠠᠭᠠᠳ ᠳᠠᠪᠠᠬᠤ UL ᠳᠡᠰ ᠤ᠋ᠨ ᠬᠢᠷᠢ ᠭᠡᠮᠤᠨ ᠤᠷᠤᠯᠳᠤᠭᠠᠨ ᠳ᠋ᠤ ᠵᠤ᠌ ᠶᠦᠩ ᠭᠠᠩ᠂ ᠶᠠᠩ ᠵᠢᠶᠠᠨ᠂ ᠸᠠᠩ ᠫᠸᠩ ᠶᠤᠤ᠂ ᠵᠢᠢ ᠯᠢ ᠵᠢᠶᠠ᠂ ᠵᠠᠩ ᠢ ᠴᠢ᠂ ᠵᠢᠩ ᠽᠢ ᠬᠤᠤ ᠵᠡᠷᠭᠡ ᠳᠤᠮᠳᠠᠳᠤ ᠤᠯᠤᠰ ᠤ᠋ᠨ ᠲᠠᠮᠢᠷᠴᠢᠨ ᠲᠠᠪᠰᠢᠯᠠ᠃ ᠡᠷᠡᠭᠳᠠᠢ ᠵᠢᠨ ᠰᠠᠭᠠᠳ ᠳᠠᠪᠠᠬᠤ LL1 ᠳᠡᠰ ᠤ᠋ᠨ ᠬᠢᠷᠢ ᠭᠡᠮᠤᠨ ᠤᠷᠤᠯᠳᠤᠭᠠᠨ ᠳ᠋ᠤ ᠳᠤᠮᠳᠠᠳᠤ ᠤᠯᠤᠰ ᠤ᠋ᠨ ᠲᠠᠮᠢᠷᠴᠢᠨ ᠦ᠋ ᠵᠦᠩ ᠸᠸᠢ᠂ ᠯᠢᠦ ᠢ ᠶᠠᠩ ᠪᠤᠯᠤᠨ ᠯᠢᠦ ᠺᠠᠢ ᠶᠠᠩ ᠲᠡᠪᠰᠢᠯᠠ᠃ ᠡᠷᠡᠭᠳᠠᠢ ᠵᠢᠨ ᠰᠠᠭᠠᠳ ᠳᠠᠪᠠᠬᠤ LL2 ᠳᠡᠰ ᠤ᠋ᠨ ᠬᠢᠷᠢ ᠭᠡᠮᠤᠨ ᠤᠷᠤᠯᠳᠤᠭᠠᠨ ᠳ᠋ᠤ ᠳᠤᠮᠳᠠᠳᠤ ᠤᠯᠤᠰ ᠤ᠋ᠨ ᠲᠠᠮᠢᠷᠴᠢᠨ ᠰᠦᠨ ᠴᠢ᠂ ᠯᠢᠦ ᠭᠸᠩ ᠯᠢᠶᠠᠩ ᠲᠡᠭᠡᠳᠦ ᠨᠠᠢ᠍ᠮᠠ ᠵᠢᠨ ᠰᠢᠢᠳᠪᠦᠷᠢᠳᠤ ᠤᠷᠤᠯᠳᠤᠭᠠᠨ ᠳ᠋ᠤ ᠲᠡᠪᠰᠢᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃