ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-03-26 10:22:47

ᠵᠣᠬᠢᠶᠠᠭ᠍ᠴᠢ᠄ ᠦ᠋ ᠴᠢᠡᠭ ᠯᠠᠡ ᠣᠩᠱᠢᠭ᠍ᠰᠠᠨ ᠣᠳᠠᠭ᠎ᠠ᠄ 3

ᠬᠠᠪᠤᠷ᠎ᠤᠨ ᠤᠯᠠᠷᠢᠯ᠎ᠤᠨ ᠮᠠᠯ ᠠᠵᠤ ᠠᠬᠤᠶ᠎ᠶᠢᠨ ᠦᠢᠯᠡᠳᠪᠦᠷᠢᠯᠡᠯ᠎ᠤᠨ ᠤᠷᠤᠭᠰᠢᠲᠠᠶ ᠶᠠᠪᠤᠭᠳᠠᠬᠤ᠎ᠶᠢ ᠪᠠᠲᠤᠯᠠᠬᠤ᠎ᠶᠢᠨ ᠲᠥᠯᠥᠭᠡ ᠂ ᠡᠸᠡᠩᠬᠢ ᠬᠣᠰᠢᠭᠤ ᠲᠤᠰᠬᠠᠶ ᠮᠡᠷᠭᠡᠵᠢᠯ᠎ᠤᠨ ᠠᠵᠢᠯᠲᠠᠨ᠎ᠢ ᠵᠣᠬᠢᠶᠠᠨ ᠪᠠᠶᠢᠭᠤᠯᠤᠨ ᠲᠣᠭᠲᠠᠮᠠᠯ ᠬᠤᠭᠤᠴᠠᠭ᠎ᠠ᠎ᠲᠠᠢ᠎ᠪᠠᠷ ᠮᠠᠯᠵᠢᠬᠤ ᠡᠷᠦᠬᠡ᠎ᠳ᠋ᠤ ᠬᠦᠷᠴᠦ ᠂ ᠤᠬᠠᠭᠤᠯᠭ᠎ᠠ᠎ᠶᠢᠨ ᠬᠠᠭᠤᠳᠠᠰᠤ ᠪᠠ ᠡᠮ᠎ᠤᠨ ᠵᠦᠢᠯ ᠲᠠᠷᠬᠠᠭᠠᠨ ᠂ ᠲᠥᠯ ᠲᠣᠰᠴᠤ ᠪᠣᠶᠢᠵᠢᠭᠤᠯᠬᠤ ᠂ ᠬᠠᠰᠢᠶ᠎ᠠ ᠰᠠᠷᠠᠪᠴᠢ ᠠᠷᠢᠭᠤᠳᠬᠠᠬᠤ ᠂ ᠬᠤᠷᠠᠭ᠎ᠠ ᠢᠰᠢᠭᠡ᠎ᠶᠢᠨ ᠪᠠᠶᠢᠩᠭᠤ ᠲᠣᠬᠢᠶᠠᠯᠳᠤᠳᠠᠭ ᠡᠪᠡᠳᠴᠢᠨ᠎ᠢ ᠰᠡᠷᠭᠡᠶᠢᠯᠡᠨ ᠵᠠᠰᠠᠬᠤ ᠵᠡᠷᠭᠡ ᠲᠠᠯ᠎ᠠ᠎ᠶᠢᠨ ᠵᠢᠯᠣᠭᠣᠳᠣᠯᠭ᠎ᠠ ᠪᠠ ᠦᠢᠯᠡᠴᠢᠯᠡᠭᠡ ᠥᠷᠨᠢᠭᠦᠯᠵᠦ ᠂ ᠮᠠᠯᠵᠢᠬᠤ ᠡᠷᠦᠬᠡ᠎ᠶᠢᠨ ᠲᠦᠯ ᠲᠤᠰᠴᠤ ᠪᠤᠢᠵᠢᠭᠤᠯᠬᠤ ᠠᠵᠢᠯ᠎ᠳ᠋ᠤ ᠪᠥᠬᠥ ᠲᠠᠯ᠎ᠠ᠎ᠶᠢᠨ ᠮᠡᠷᠭᠡᠵᠢᠯ᠎ᠤᠨ ᠪᠠᠲᠤᠯᠠᠭ᠎ᠠ ᠪᠠ ᠳᠡᠮᠵᠢᠯᠭᠡ ᠬᠠᠩᠭᠠᠵᠤ ᠪᠠᠢᠨ᠎ᠠ ᠃

2 ᠰᠠᠷ᠎ᠠ᠎ᠶᠢᠨ ᠰᠡᠭᠦᠯᠴᠢ᠎ᠡᠴᠠ ᠂ ᠡᠸᠡᠩᠬᠢ ᠬᠣᠰᠢᠭᠤᠨ᠎ᠤ ᠪᠠᠶᠠᠨᠲᠠᠯ᠎ᠠ ᠳᠠᠭᠤᠷ ᠦᠨᠳᠦᠰᠦᠲᠡᠨ᠎ᠤ ᠰᠢᠶᠠᠩ᠎ᠤᠨ ᠨᠠᠭᠤᠷ ᠭᠠᠴᠠᠭᠠᠨ᠎ᠤ ᠮᠠᠯᠴᠢᠨ ᠡᠦ ᠰᠢᠶᠤᠤ ᠮᠧᠶ᠎ᠶᠢᠨ᠎ᠬᠢᠨ 3 ᠰᠠᠷ᠎ᠠ᠎ᠶᠢᠨ 18᠎ᠤ ᠡᠳᠤᠷ ᠪᠤᠯᠳᠠᠯ᠎ᠠ 130 ᠲᠥᠯ ᠲᠣᠰᠴᠠᠶ ᠃ ᠲᠦᠯᠯᠡᠬᠦ ᠬᠤᠨᠢᠳ᠎ᠲᠤ ᠲᠤᠯᠠᠭᠠᠨ ᠲᠠᠭᠠᠲᠠᠢ ᠣᠷᠴᠢᠨ ᠬᠠᠩᠭᠠᠬᠤ᠎ᠶᠢᠨ ᠲᠥᠯᠥᠭᠡ ᠂ ᠲᠥᠯᠯᠡᠬᠦ ᠡᠮ᠎ᠡ ᠬᠣᠨᠢᠳ᠎ᠲᠤ ᠲᠤᠰᠬᠠᠶᠢᠯᠠᠨ ︽ ᠭᠠᠭᠴᠠ ᠥᠷᠥᠭᠡ ︾ ᠲᠣᠬᠢᠷᠠᠭᠤᠯᠵᠤ ᠥᠭᠪᠡ ᠃ ᠰᠢᠶᠠᠩ᠎ᠤᠨ ᠶᠡᠷᠦᠩᠬᠡᠶᠢᠯᠡᠭᠰᠡᠨ ᠪᠠᠲᠤᠯᠠᠭ᠎ᠠ ᠪᠠ ᠳᠡᠯᠭᠡᠷᠡᠭᠦᠯᠬᠦ ᠲᠥᠪ᠎ᠤᠨ ᠠᠵᠢᠯᠲᠠᠨ ᠡᠤ ᠰᠢᠶᠣᠤ ᠮᠧᠶ᠎ᠶᠢᠨ᠎ᠬᠢᠨ ᠬᠠᠪᠤᠷ ᠡᠷᠳᠡ᠎ᠶᠢᠨ ᠲᠥᠯ ᠲᠤᠰᠴᠤ ᠪᠠᠶᠢᠬᠤ᠎ᠶᠢ ᠣᠯᠵᠤ ᠮᠡᠳᠡᠭᠡᠳ ᠂ ᠲᠡᠷᠡ ᠳᠠᠷᠤᠶ᠎ᠳ᠋ᠤᠨᠢ ᠭᠡᠷ᠎ᠲᠤ᠎ᠨᠢ ᠬᠦᠷᠴᠦ ᠵᠢᠭᠠᠨ ᠵᠢᠯᠣᠭᠣᠳᠴᠤ ᠂ ᠬᠣᠯᠪᠣᠭᠳᠠᠯ ᠪᠦᠬᠦᠢ ᠮᠡᠷᠭᠡᠵᠢᠯ᠎ᠤᠨ ᠳᠡᠮᠵᠢᠯᠭᠡ ᠪᠠ ᠦᠢᠯᠡᠴᠢᠯᠡᠭᠡ ᠬᠠᠡᠭᠭᠠᠪᠡ ᠃

ᠨᠠᠭᠤᠷ ᠭᠠᠴᠠᠭᠠᠨ᠎ᠤ ᠲᠡᠵᠢᠭᠡᠨ ᠦᠷᠡᠵᠢᠭᠦᠯᠬᠦ ᠲᠣᠮᠣ ᠡᠷᠦᠬᠡ ᠰᠧ ᠨᠠ᠎ᠶᠢᠨ᠎ᠬᠢᠨ ᠴᠤ ᠬᠠᠪᠤᠷ᠎ᠤᠨ ᠲᠥᠯ ᠲᠤᠰᠤᠭᠠᠳ ᠶᠠᠭᠠᠷᠠᠵᠤ ᠪᠠᠢᠯ᠎ᠠ ᠃ ᠨᠢᠳᠤᠨᠤᠨ ᠡᠪᠦᠯ᠎ᠡᠴᠠ ᠨᠠᠭᠠᠰᠢ ᠂ ᠬᠡᠳᠦᠶᠢᠪᠡᠷ ᠭᠠᠩ ᠬᠠᠭᠤᠷᠠᠶ ᠴᠠᠰᠤ ᠪᠠᠭ᠎ᠠ ᠪᠣᠯᠪᠠᠴᠤ ᠲᠡᠳᠡᠨ᠎ᠤ᠎ᠬᠢᠨ᠎ᠳ᠋ᠤ ᠳᠡᠮᠡᠶ ᠨᠥᠯᠥᠭᠡ ᠪᠣᠯᠤᠭᠰᠠᠨ ᠥᠬᠡᠶ ᠂ ᠤᠴᠢᠷ᠎ᠨᠢ ᠲᠡᠳᠡᠨ᠎ᠤ᠎ᠬᠢᠨ ᠡᠪᠡᠰᠦ ᠪᠣᠷᠳᠣᠭ᠎ᠠ ᠭᠦᠶᠴᠡᠳ ᠨᠥᠭᠡᠴᠡᠯᠡᠵᠦ ᠂ ᠪᠡᠬᠢᠯᠢᠭ ᠫᠸᠩ ᠰᠠᠷᠠᠪᠴᠢ᠎ᠲᠠᠢ ᠪᠤᠯᠬᠤᠷ ᠡᠨᠡ ᠬᠠᠪᠤᠷ᠎ᠤᠨ ᠲᠥᠯ ᠲᠤᠰᠴᠤ ᠪᠣᠶᠢᠵᠢᠭᠤᠯᠬᠤ ᠠᠵᠢᠯ᠎ᠢ ᠰᠠᠶᠢᠲᠤᠷ ᠬᠢᠬᠦ᠎ᠳ᠋ᠤ ᠪᠠᠲᠤ ᠪᠠᠬᠢ ᠰᠠᠭᠤᠷᠢ ᠲᠠᠯᠪᠢᠵᠤ ᠥᠭᠴᠡᠶ ᠃ ᠣᠳᠣᠬᠠᠨ᠎ᠳ᠋ᠤ ᠲᠡᠳᠡᠨ᠎ᠤ᠎ᠬᠢᠨ᠎ᠤ ᠬᠠᠪᠤᠷ ᠡᠷᠲᠡ᠎ᠶᠢᠨ ᠲᠥᠯ 600 ᠭᠠᠷᠤᠶ ᠲᠤᠰᠴᠤ ᠂ ᠲᠦᠯ᠎ᠤᠨ ᠪᠤᠢᠵᠢᠯᠳᠡ᠎ᠶᠢᠨ ᠨᠤᠷᠮ᠎ᠠ 100%᠎ᠳ᠋ᠤ ᠬᠦᠷᠪᠡ ᠃ ᠬᠤᠷᠠᠭ᠎ᠠ ᠢᠰᠢᠭᠡ ᠪᠣᠯ ᠮᠠᠯᠴᠢᠳ᠎ᠤᠨ ᠤᠷᠤᠯᠭ᠎ᠠ᠎ᠶᠢᠨ ᠬᠦᠰᠡᠯ ᠡᠷᠡᠮᠡᠯᠵᠡᠯ ᠮᠥᠨ ᠂ ᠬᠤᠷᠠᠭ᠎ᠠ ᠢᠰᠢᠭᠡ᠎ᠶᠢᠨ ᠮᠠᠢᠯᠠᠯᠳᠤᠬᠤ ᠲᠠᠭᠤᠨ᠎ᠢ ᠰᠣᠨᠣᠰᠤᠭᠠᠳ ᠰᠧ ᠨᠠ ᠡᠷ᠎ᠡ ᠡᠮ᠎ᠡ᠎ᠶᠢᠨ ᠴᠢᠷᠠᠶ᠎ᠳ᠋ᠤ ᠵᠣᠯ ᠵᠢᠷᠭᠠᠯ᠎ᠤᠨ ᠢᠨᠢᠶᠡᠮᠰᠦᠭᠯᠡᠯ ᠲᠣᠳᠣᠷᠠᠨ᠎ᠠ ᠃ ᠰᠧ ᠨᠠ ᠄ ︽ ᠮᠠᠨ᠎ᠤ᠎ᠬᠢᠨ 3 ᠵᠢᠯ ᠳᠠᠷᠠᠭᠠᠯᠠᠨ ᠬᠠᠪᠤᠷ ᠡᠷᠳᠡ᠎ᠶᠢᠨ ᠲᠥᠯ ᠲᠤᠰᠴᠤ ᠪᠠᠢᠨ᠎ᠠ ᠃ ᠡᠷᠲᠡ ᠲᠥᠯ ᠲᠤᠰᠪᠠᠯ ᠬᠤᠷᠠᠭ᠎ᠠ ᠢᠰᠢᠭᠡ᠎ᠶᠢᠨ ᠥᠰᠦᠯᠲᠡ᠎ᠳ᠋ᠤ ᠲᠤᠰᠠᠲᠠᠢ ᠂ ᠨᠠᠮᠤᠷ ᠬᠤᠳᠠᠯᠳᠤᠬᠤ᠎ᠳ᠋ᠤ ᠰᠠᠢᠨ ᠦᠨ᠎ᠠ᠎ᠳ᠋ᠤ ᠬᠦᠷᠤᠨ᠎ᠠ ᠃ ᠮᠠᠯᠴᠢᠳ᠎ᠲᠤ ᠠᠪᠴᠤ ᠬᠡᠯᠡᠪᠡᠯ ᠬᠠᠮᠤᠭ᠎ᠤᠨ ᠶᠡᠬᠡ ᠬᠦᠰᠡᠯ ᠡᠷᠡᠮᠡᠯᠵᠡᠯ ᠪᠣᠯ ᠬᠤᠷᠠᠭ᠎ᠠ ᠬᠤᠨᠢ᠎ᠶᠢ ᠰᠠᠶᠢᠨ ᠦᠨ᠎ᠡ᠎ᠪᠠᠷ ᠬᠤᠳᠠᠯᠳᠤᠬᠤ ᠶᠠᠪᠤᠳᠠᠯ ᠪᠣᠯᠤᠨ᠎ᠠ ᠃ ︾ ᠭᠡᠵᠤ ᠢᠨᠢᠶᠡᠮᠰᠦᠭᠯᠡᠨ ᠬᠡᠯᠡᠨ᠎ᠡ ᠃

ᠡᠸᠡᠩᠬᠢ ᠬᠣᠰᠢᠭᠤ ᠲᠤᠰᠬᠠᠶ ᠮᠡᠷᠭᠡᠵᠢᠯ᠎ᠤᠨ ᠠᠵᠢᠯᠲᠠᠳ᠎ᠢ ᠵᠣᠬᠢᠶᠠᠨ ᠪᠠᠶᠢᠭᠤᠯᠤᠨ ᠮᠠᠯ᠎ᠤᠨ ᠦᠶᠯᠡᠳᠪᠦᠷᠢᠯᠡᠯ᠎ᠤᠨ ᠶᠠᠪᠤᠴᠠ᠎ᠳ᠋ᠤ ᠪᠥᠬᠥ ᠲᠠᠯ᠎ᠠ᠎ᠶᠢᠨ ᠮᠡᠷᠭᠡᠵᠢᠯ᠎ᠤᠨ ᠪᠠᠲᠤᠯᠠᠭ᠎ᠠ ᠪᠠ ᠳᠡᠮᠵᠢᠯᠭᠡ ᠬᠠᠩᠭᠠᠵᠤ ᠪᠠᠢᠭ᠎ᠠ᠎ᠨᠢ ᠮᠠᠯᠴᠢᠳ᠎ᠤᠨ ᠬᠠᠪᠤᠷ᠎ᠤᠨ ᠲᠦᠯ ᠲᠤᠰᠴᠤ ᠪᠤᠢᠵᠢᠭᠤᠯᠬᠤ ᠠᠵᠢᠯ᠎ᠳ᠋ᠤ ᠶᠡᠬᠡᠬᠡᠨ ᠲᠤᠰᠠ ᠲᠡᠮᠵᠢᠯᠬᠡ ᠪᠤᠯᠵᠤ ᠂ ᠡᠬᠡ ᠮᠠᠯ᠎ᠤᠨ ᠠᠮᠤᠷ ᠲᠦᠪᠰᠢᠨ᠎ᠢ ᠦᠨᠡᠨ ᠬᠦ ᠪᠠᠲᠤᠯᠠᠵᠤ ᠂ ᠲᠥᠯ ᠮᠠᠯ᠎ᠤᠨ ᠣᠨᠳᠣᠷᠣᠯᠲᠠ᠎ᠶᠢᠨ ᠨᠣᠷᠮ᠎ᠠ᠎ᠶᠢ ᠳᠡᠭᠡᠭᠰᠢᠯᠡᠭᠦᠯᠵᠦ ᠂ ᠪᠥᠬᠥ ᠵᠢᠯ᠎ᠤᠨ ᠮᠠᠯ ᠠᠵᠤ ᠠᠬᠤᠶ᠎ᠶᠢᠨ ᠦᠢᠯᠡᠳᠪᠦᠷᠢᠯᠡᠯ᠎ᠳ᠋ᠤ ᠰᠠᠶᠢᠨ ᠰᠠᠶᠢᠬᠠᠨ ᠰᠠᠭᠤᠷᠢ ᠲᠠᠯᠪᠢᠵᠤ ᠥᠭᠪᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面