2020-04-05 13:49:20
ᠵᠢᠯ᠎ᠤᠨ ᠠᠵᠢᠯ ᠬᠠᠪᠣᠷᠲᠤᠪᠠᠨ ᠬᠡᠳᠡᠭ᠎ᠢᠶᠠᠷ ᠂ ᠬᠣᠷᠴᠢᠨ ᠪᠠᠷᠠᠭᠣᠨ ᠭᠠᠷᠣᠨ ᠡᠮᠣᠨᠡᠳᠣ ᠬᠣᠰᠢᠭᠣᠨ᠎ᠤ ᠡᠯ᠎ᠡ ᠭᠠᠵᠠᠷ᠎ᠤᠨ᠎ᠬᠢᠨ ᠬᠢᠵᠢᠭ᠎ᠢ ᠰᠡᠷᠬᠡᠶᠢᠯᠡᠬᠦ ᠠᠵᠢᠯ᠎ᠢᠶᠡᠨ ᠡᠷᠴᠢᠮᠳᠡᠢ ᠬᠢᠬᠦ᠎ᠶᠢᠨ ᠬᠠᠮᠳᠤ ᠬᠠᠪᠣᠷ᠎ᠤᠨ ᠲᠠᠷᠢᠶᠠᠯᠠᠭ᠎ᠠ᠎ᠶᠢᠨ ᠪᠡᠯᠡᠳᠭᠡᠯ ᠠᠵᠢᠯ ᠪᠠ ᠲᠥᠯ ᠲᠣᠰᠬᠣ ᠠᠵᠢᠯ᠎ᠢᠶᠡᠨ ᠴᠤ ᠡᠷᠴᠢᠮᠳᠠᠢ ᠬᠢᠵᠤ ᠪᠤᠢ ᠃
ᠬᠣᠷᠴᠢᠨ ᠪᠠᠷᠠᠭᠣᠨ ᠭᠠᠷᠣᠨ ᠡᠮᠣᠨᠡᠳᠣ ᠬᠣᠰᠢᠭᠣᠨ᠎ᠤ ᠵᠢᠷᠣᠭᠡᠨ ᠪᠠᠯᠭᠠᠰᠤᠨ᠎ᠤ ᠬᠣᠩ ᠰᠢᠨ ᠲᠣᠰᠬᠣᠨ᠎ᠤ ᠲᠠᠷᠢᠶᠠᠨ ᠭᠠᠵᠠᠷ᠎ᠲᠤ ᠠᠮᠠᠪᠴᠢ ᠵᠡᠬᠦᠭᠰᠡᠨ ᠲᠣᠰᠬᠣᠨ᠎ᠤ ᠠᠷᠠᠳ ᠪᠣᠭᠣᠳᠠᠯᠯᠠᠭᠰᠠᠨ ᠡᠪᠡᠰᠦ ᠪᠣᠷᠳᠣᠭ᠎ᠠ᠎ᠪᠠᠨ ᠲᠡᠵᠢᠭᠡᠨ ᠦᠷᠡᠵᠢᠭᠦᠯᠬᠦ ᠬᠣᠷᠰᠢᠶ᠎ᠠ ᠪᠣᠯᠤᠨ ᠲᠡᠵᠢᠭᠡᠨ ᠦᠷᠡᠵᠢᠭᠦᠯᠬᠦ ᠲᠣᠮᠣ ᠡᠷᠦᠬᠡ᠎ᠳ᠋ᠤ ᠬᠥᠷᠭᠡᠵᠦ ᠥᠭᠬᠦᠨ᠎ᠠ ᠃
︽ ᠡᠳᠡᠬᠡᠷ ᠬᠦᠮᠦᠰ᠎ᠢ ᠪᠢ ᠲᠠᠭᠤᠲᠠᠵᠤ ᠠᠪᠴᠢᠷᠠᠭᠰᠠᠨ ᠶᠤᠮ ᠂ ᠲᠡᠳᠡ ᠪᠡᠶ᠎ᠠ᠎ᠶᠢᠨ ᠪᠠᠶᠢᠴᠠᠭᠠᠯᠲᠠ᠎ᠪᠠᠷ ᠲᠡᠮᠵᠢᠨ ᠠᠵᠢᠯ᠎ᠤᠨ ᠪᠠᠶᠢᠷᠢ᠎ᠳ᠋ᠤ ᠭᠠᠷᠤᠭᠰᠠᠨ ᠰᠢᠣ ︕ ︾ ᠭᠡᠵᠣ ᠬᠣᠩ ᠰᠢᠨ ᠲᠡᠵᠢᠭᠡᠨ ᠥᠷᠡᠵᠢᠬᠦᠯᠬᠦ ᠲᠤᠰᠬᠠᠶ ᠬᠣᠷᠰᠢᠶ᠎ᠠ᠎ᠶᠢᠨ ᠬᠠᠷᠢᠭᠤᠴᠠᠯᠭᠠᠲᠠᠨ ᠯᠢ ᠶᠢᠩ ᠡᠾᠥᠢᠢ ᠶᠠᠷᠢᠨ᠎ᠠ ᠃ ᠲᠤᠰ ᠲᠤᠰᠬᠤᠨ ᠨᠢᠳᠤᠨᠤᠨ ᠪᠣᠭᠣᠳᠠᠯᠯᠠᠭᠰᠠᠨ 13 ᠲᠦᠮᠡᠨ ᠪᠤᠭᠤᠵᠢ ᠲᠡᠵᠢᠭᠡᠯ ᠡᠪᠡᠰᠦ᠎ᠶᠢᠨ᠎ᠢᠶᠡᠨ 10 ᠭᠠᠷᠤᠶ ᠲᠦᠮᠡᠨ ᠪᠤᠭᠤᠵᠢ᠎ᠶᠢ ᠵᠢᠯ᠎ᠤᠨ ᠡᠮᠦᠨ᠎ᠡ ᠬᠤᠳᠠᠯᠳᠤᠴᠢᠬᠠᠵᠠᠶ ᠃ ᠬᠣᠩ ᠰᠢᠨ ᠲᠡᠵᠢᠭᠡᠨ ᠥᠷᠡᠵᠢᠬᠦᠯᠬᠦ ᠲᠤᠰᠬᠠᠶ ᠬᠣᠷᠰᠢᠶ᠎ᠠ᠎ᠨᠢ ︽ ᠬᠣᠷᠰᠢᠶ᠎ᠠ + ᠰᠠᠭᠤᠷᠢᠨ + ᠶᠠᠳᠠᠭᠤ ᠬᠦᠴᠢᠷᠳᠡᠯᠲᠡᠶ ᠡᠷᠦᠬᠡ + ᠲᠠᠷᠢᠶᠠᠴᠢᠨ ᠡᠷᠦᠬᠡ ︾᠎ᠶᠢᠨ ᠡᠵᠡᠩᠨᠡᠯᠲᠡ᠎ᠶᠢᠨ ᠵᠠᠭᠪᠤᠷ᠎ᠢᠶᠠᠷ ᠳᠠᠮᠵᠢᠭᠤᠯᠤᠨ ᠂ ᠲᠣᠰᠬᠣᠨ᠎ᠤ᠎ᠪᠠᠨ ᠬᠥᠳᠡᠯᠮᠣᠷᠢ ᠬᠦᠴᠦᠨ᠎ᠳ᠋ᠤ ᠠᠵᠢᠯ ᠤᠯᠭᠤᠭᠰᠠᠨ᠎ᠢᠶᠠᠷ ᠬᠤᠷᠰᠢᠶ᠎ᠠ᠎ᠳ᠋ᠤ ᠠᠵᠢᠯ ᠤᠯᠤᠭᠰᠠᠨ 8 ᠶᠠᠳᠠᠭᠤ ᠬᠦᠴᠢᠷᠳᠡᠯᠲᠡᠶ ᠡᠷᠦᠬᠡ᠎ᠶᠢᠨ ᠵᠢᠯ᠎ᠤᠨ ᠣᠷᠣᠯᠭ᠎ᠠ᠎ᠨᠢ 5000 ᠭᠠᠷᠤᠶ ᠲᠥᠭᠥᠷᠢᠭ ᠨᠡᠮᠡᠭᠳᠡᠭᠰᠡᠨ ᠪᠠᠶᠢᠨ᠎ᠠ ᠃ 2020 ᠣᠨ᠎ᠳ᠋ᠤ ᠂ ᠬᠣᠷᠰᠢᠶ᠎ᠠ᠎ᠡᠴᠠ 20 ᠲᠦᠮᠡᠨ ᠲᠥᠭᠥᠷᠢᠭ᠎ᠤᠨ ᠲᠡᠵᠢᠭᠡᠯ ᠡᠪᠡᠰᠦ ᠪᠣᠭᠣᠳᠠᠯᠯᠠᠬᠣᠪᠠᠷ ᠪᠡᠯᠡᠳᠬᠡᠵᠦ ᠪᠠᠢᠭ᠎ᠠ ᠪᠦᠭᠡᠳ ᠲᠣᠰᠬᠣᠨ᠎ᠤ ᠠᠷᠠᠳ᠎ᠢ ᠳᠠᠶᠢᠴᠢᠯᠠᠨ ᠤᠷᠤᠯᠭ᠎ᠠ᠎ᠶᠢ᠎ᠨᠢ ᠨᠡᠮᠡᠭᠳᠡᠬᠦᠯᠬᠦ᠎ᠪᠠᠷ ᠪᠠᠷᠠᠬᠤ ᠥᠬᠡᠶ ᠪᠠᠰᠠ ᠲᠠᠷᠢᠶᠠᠯᠠᠩ᠎ᠤᠨ ᠬᠤᠭᠤᠴᠠᠭᠠᠨ᠎ᠳ᠋ᠤ ᠲᠠᠷᠢᠶᠠᠨ ᠭᠠᠵᠠᠷ ᠡᠰᠢ ᠰᠦᠷᠡᠯ ᠣᠪᠣᠭᠠᠷᠠᠬᠤ ᠠᠰᠠᠭᠤᠳᠠᠯ᠎ᠢ᠎ᠨᠢ ᠰᠢᠢᠳᠪᠣᠷᠢᠯᠡᠵᠦ ᠦᠭᠴᠦ ᠪᠠᠢᠨ᠎ᠠ ᠃
ᠮᠠᠨᠵᠦᠲ᠋ᠤᠢᠨᠤ ᠮᠠᠨᠵᠣ ᠥᠨᠳᠣᠰᠣᠳᠡᠨ᠎ᠤ ᠰᠢᠶᠠᠡᠭ ᠪᠤᠯ ᠬᠣᠷᠴᠢᠨ ᠪᠠᠷᠠᠭᠣᠨ ᠭᠠᠷᠣᠨ ᠡᠮᠣᠨᠡᠳᠣ ᠬᠣᠰᠢᠭᠣᠨ᠎ᠤ ᠴᠣᠯ ᠮᠠᠯᠵᠢᠬᠣ ᠰᠢᠶᠠᠡᠭ ᠪᠣᠯᠣᠨ᠎ᠠ ᠃ ᠮᠠᠨᠵᠦᠲ᠋ᠤᠢᠨ ᠭᠠᠴᠠᠭ᠎ᠠ᠎ᠶᠢᠨ ᠨᠠᠮ᠎ᠤᠨ ᠡᠬᠦᠷ᠎ᠤᠨ ᠱᠥᠵᠢ ᠠᠷᠪᠢᠨᠬᠡᠰᠢᠭᠢ ᠣᠳᠠᠰᠣ᠎ᠪᠠᠷ ᠰᠣᠷᠪᠣᠯᠵᠢᠯᠠᠬᠣᠳ᠋ᠤ ᠲᠡᠷᠡ ᠶᠠᠭ ᠬᠠᠯᠳᠠᠪᠣᠷᠢᠳᠣ ᠬᠢᠵᠢᠭ᠎ᠢ ᠰᠡᠷᠬᠡᠶᠢᠯᠡᠨ ᠡᠵᠡᠮᠳᠡᠬᠦ ᠥᠷᠳᠡᠭᠡᠨᠤ ᠡᠬᠡᠯᠵᠢ᠎ᠶᠢᠨ ᠠᠵᠢᠯ᠎ᠢᠶᠡᠨ ᠲᠠᠭᠣᠰᠬᠠᠭᠠᠳ ᠬᠡᠷ᠎ᠲᠤ᠎ᠪᠠᠨ ᠰᠠᠢᠬᠠᠨ ᠣᠷᠣᠵᠣ ᠢᠷᠡᠯ᠎ᠡ ᠭᠡᠵᠣ ᠪᠠᠢᠯ᠎ᠠ ᠃ ᠲᠡᠳᠡᠨ᠎ᠤ᠎ᠬᠢᠨ 2 ᠰᠠᠷ᠎ᠠ᠎ᠶᠢᠨ ᠡᠬᠢ᠎ᠡᠴᠠ ᠲᠦᠯ ᠲᠤᠰᠴᠤ ᠣᠳᠣ ᠪᠤᠯᠲᠠᠯ᠎ᠠ 60 ᠭᠠᠷᠣᠢ ᠲᠥᠯ ᠲᠣᠰᠣᠭᠠᠳ ᠪᠠᠶᠢᠨ᠎ᠠ ᠃ ᠬᠢᠵᠢᠭ᠎ᠢ ᠰᠡᠷᠬᠡᠶᠢᠯᠡᠬᠦ ᠠᠵᠢᠯ᠎ᠢᠶᠡᠨ ᠰᠠᠶᠢᠳᠣᠷ ᠬᠢᠬᠦ᠎ᠶᠢᠨ ᠬᠠᠮᠳᠣ ᠲᠥᠯ ᠲᠣᠰᠬᠤ ᠠᠵᠢᠯ᠎ᠢᠶᠡᠨ ᠴᠦ ᠠᠮᠵᠢᠭᠣᠯᠵᠣ ᠪᠠᠶᠢᠨ᠎ᠠ ᠭᠡᠵᠣ ᠶᠠᠷᠢᠨ᠎ᠡ ᠃
ᠵᠢᠱᠢᠯᠳᠠ᠎ᠪᠠᠷ ᠂ ᠡᠨᠡ ᠵᠢᠯ ᠮᠠᠨᠵᠦᠲ᠋ᠤᠢᠨ ᠭᠠᠴᠠᠭ᠎ᠠ ᠨᠡᠶᠢᠳᠡ 26000 ᠭᠠᠷᠤᠢ ᠲᠥᠯ ᠲᠣᠰᠬᠣ ᠪᠤᠯᠤᠨ᠎ᠠ ᠃ ᠮᠠᠯᠴᠢᠨ ᠰᠡᠴᠡᠨᠪᠢᠯᠢᠭ ᠲᠡᠵᠢᠭᠡᠨ ᠦᠷᠡᠵᠢᠭᠦᠯᠬᠦ ᠡᠷᠦᠬᠡ᠎ᠶᠢᠨ ᠲᠥᠯᠥᠭᠡᠯᠡᠭᠴᠢ ᠪᠣᠯᠣᠨ᠎ᠠ ᠃ ᠲᠡᠷᠡ ᠄ ︽ ᠡᠨᠡ ᠵᠢᠯ᠎ᠤᠨ 2 ᠰᠠᠷ᠎ᠠ᠎ᠡᠴᠠ ᠡᠬᠢᠯᠡᠨ ᠲᠥᠯ ᠲᠤᠰᠴᠤ ᠂ ᠣᠳᠣ ᠨᠢᠭᠡᠨᠲᠡ 200 ᠭᠠᠷᠤᠶ ᠲᠥᠯ ᠲᠤᠰᠴᠠᠢ ᠂ ᠵᠢᠱᠢᠯᠲᠡ᠎ᠪᠠᠷ 2 ᠰᠠᠷ᠎ᠠ᠎ᠶᠢᠨ ᠰᠡᠭᠦᠯᠴᠢ᠎ᠪᠠᠷ ᠲᠥᠯ ᠲᠣᠰᠬᠣ ᠠᠵᠢᠯ ᠰᠢᠪᠳᠣᠷᠭᠠᠨᠳ᠋ᠤᠪᠠᠨ ᠣᠷᠣᠨ᠎ᠠ ᠃ ᠤᠳᠤ ᠬᠠᠮᠤᠭ᠎ᠤᠨ ᠰᠠᠶᠢᠨ ᠬᠤᠷᠠᠭ᠎ᠠ 30 ᠵᠢᠩ ᠣᠷᠴᠢᠮ ᠂ ᠡᠢᠮᠦ ᠬᠤᠷᠠᠭ᠎ᠠ᠎ᠶᠢ 20 ᠭᠠᠷᠤᠶ ᠡᠳᠦᠷ᠎ᠤᠨ ᠳᠠᠷᠠᠭ᠎ᠠ 800 ᠲᠥᠭᠥᠷᠢᠭ᠎ᠢᠶᠠᠷ ᠬᠣᠳᠠᠯᠳᠣᠵᠣ ᠲᠠᠶᠢᠯᠣᠨ᠎ᠠ ᠂ ᠢᠩᠬᠢᠪᠡᠯ 16 ᠲᠦᠮᠡᠨ ᠲᠥᠭᠥᠷᠢᠭ ᠣᠷᠴᠢᠮ᠎ᠤᠨ ᠣᠷᠣᠯᠭ᠎ᠠ ᠣᠯᠣᠨ᠎ᠠ ᠃ ᠲᠠᠬᠢᠭᠠᠳ 6 ᠰᠠᠷ᠎ᠠ᠎ᠳ᠋ᠤ ᠬᠣᠶᠠᠳᠠᠬᠢ ᠤᠳᠠᠭ᠎ᠠ ᠬᠡᠭᠡᠯᠲᠦᠭᠦᠯᠭᠡ ᠬᠢᠵᠦ ᠂ ᠬᠣᠶᠠᠷ ᠵᠢᠯ᠎ᠳ᠋ᠤ ᠭᠤᠷᠪᠠ ᠤᠳᠠᠭ᠎ᠠ ᠲᠦᠯ ᠲᠤᠰᠴᠤ ᠪᠠᠢᠨ᠎ᠠ ᠃ ᠲᠠᠷᠠᠭᠠᠴᠢ᠎ᠶᠢᠨ ᠠᠯᠬᠤᠮ᠎ᠳ᠋ᠤ ᠰᠠᠭᠤᠷᠢ ᠪᠦᠲᠦᠭᠡᠨ ᠪᠠᠶᠢᠭᠤᠯᠤᠯᠲᠠ᠎ᠪᠠᠨ ᠲᠡᠬᠦᠯᠳᠡᠷᠵᠢᠬᠦᠯᠵᠣ ᠂ ᠭᠠᠮᠰᠢᠭ᠎ᠢ ᠰᠡᠷᠬᠡᠶᠢᠯᠡᠨ ᠭᠠᠮᠰᠢᠭ᠎ᠢ ᠡᠰᠡᠷᠬᠦᠴᠡᠬᠦ ᠴᠢᠳᠠᠪᠤᠷᠢ᠎ᠪᠠᠨ ᠳᠡᠭᠡᠭᠰᠢᠯᠡᠭᠦᠯᠬᠦ᠎ᠪᠠᠷ ᠲᠥᠯᠥᠪᠯᠡᠵᠦ ᠪᠠᠶᠢᠨ᠎ᠠ ᠃ ᠡᠪᠡᠰᠤ ᠪᠤᠷᠳᠤᠭ᠎ᠠ ᠬᠦᠢᠴᠡᠳ ᠪᠡᠯᠡᠳᠬᠡᠭᠰᠡᠨ ᠪᠤᠯᠬᠤᠷ ᠬᠢᠵᠢᠭ᠎ᠢ ᠰᠡᠷᠬᠡᠶᠢᠯᠡᠨ ᠡᠵᠡᠮᠳᠡᠬᠦ ᠬᠤᠭᠤᠴᠠᠭᠠᠨ᠎ᠳ᠋ᠤ ᠬᠤᠷᠠᠭ᠎ᠠ᠎ᠪᠠᠨ ᠲᠦᠷ ᠬᠤᠳᠠᠯᠳᠤᠬᠤ ᠦᠭᠡᠶ ︾ ᠭᠡᠵᠡᠶ ᠃
ᠬᠣᠷᠴᠢᠨ ᠪᠠᠷᠠᠭᠣᠨ ᠭᠠᠷᠣᠨ ᠡᠮᠦᠨᠡᠲᠦ ᠬᠣᠰᠢᠭᠤᠨ᠎ᠤ ᠲᠠᠷᠢᠶᠠᠯᠠᠩ ᠮᠠᠯ ᠠᠵᠤ ᠠᠬᠤᠶ ᠪᠣᠯᠤᠨ ᠰᠢᠨᠵᠢᠯᠡᠬᠦ ᠤᠬᠠᠭᠠᠨ ᠮᠡᠷᠭᠡᠵᠢᠯ᠎ᠤᠨ ᠲᠣᠪᠴᠢᠶ᠎ᠠ᠎ᠶᠢᠨ ᠳᠠᠷᠤᠭ᠎ᠠ ᠸᠠᠩ ᠮᠧᠩ ᠄ ︽ ᠴᠠᠭᠠᠨ ᠰᠠᠷ᠎ᠠ᠎ᠶᠢᠨ ᠬᠣᠭᠣᠴᠠᠭ᠎ᠠ᠎ᠳ᠋ᠤ ᠬᠢᠵᠢᠭ ᠲᠡᠯᠬᠡᠷᠡᠭᠰᠡᠨ᠎ᠡᠴᠠ ᠲᠠᠷᠢᠶᠠᠴᠢᠳ᠎ᠤᠨ ᠬᠠᠪᠤᠷ᠎ᠤᠨ ᠲᠠᠷᠢᠶᠠᠯᠠᠭ᠎ᠠ᠎ᠶᠢᠨ ᠪᠡᠯᠡᠳᠬᠡᠯ ᠠᠵᠢᠯ ᠵᠢᠭᠠᠬᠠᠨ ᠣᠷᠣᠶᠢᠳᠠᠭᠰᠠᠨ ᠪᠠᠶᠢᠨ᠎ᠠ ᠃ ᠡᠨᠡ ᠵᠢᠯ ᠲᠠᠷᠢᠶᠠᠴᠢᠳ ᠤᠲᠠᠰᠤ᠎ᠪᠠᠷ ᠦᠷ᠎ᠡ ᠂ ᠬᠢᠮᠢ᠎ᠶᠢᠨ ᠪᠣᠷᠲᠣᠭᠣᠷ ᠵᠠᠬᠢᠶᠠᠯᠠᠨ ᠬᠤᠳᠠᠯᠳᠤᠵᠤ ᠠᠪᠴᠤ ᠪᠠᠶᠢᠨ᠎ᠠ ᠃ ᠵᠠᠷᠢᠮ ᠲᠠᠷᠢᠶᠠᠴᠢᠳ ᠲᠠᠷᠢᠶᠠᠯᠠᠩ᠎ᠤᠨ ᠲᠤᠰᠬᠠᠶ ᠮᠡᠷᠭᠡᠵᠢᠯᠲᠡᠨ᠎ᠤᠨ ᠪᠠᠶᠢᠭᠤᠯᠤᠭᠰᠠᠨ ᠵᠢᠷᠬᠢᠶ᠎ᠠ ᠬᠤᠯᠪᠤᠭ᠎ᠠ᠎ᠪᠠᠷ ᠳᠠᠮᠵᠢᠵᠦ ᠥᠷ᠎ᠡ ᠪᠣᠷᠳᠣᠭᠣᠷ᠎ᠢᠶᠡᠨ ᠵᠠᠬᠢᠶᠠᠯᠠᠭᠰᠠᠨ ᠪᠠᠶᠢᠨ᠎ᠠ ᠃ ᠣᠳᠣ ᠪᠣᠯ ᠶᠠᠭ ᠲᠥᠯ ᠲᠤᠰᠴᠤ ᠪᠠᠶᠢᠭ᠎ᠠ ᠦᠶ᠎ᠡ ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠣᠨ᠎ᠤ ᠲᠥᠯ ᠲᠤᠰᠬᠤ ᠠᠵᠢᠯ ᠰᠢᠪᠲᠤᠷᠭᠠᠨᠳ᠋ᠤᠪᠠᠨ ᠣᠷᠣᠵᠣ ᠂ ᠮᠠᠯᠵᠢᠬᠤ ᠣᠷᠣᠨ᠎ᠤ ᠲᠥᠯ ᠲᠤᠰᠬᠤ ᠠᠵᠢᠯ ᠶᠠᠭ ᠢᠳᠡ ᠬᠦᠭᠲᠤᠪᠠᠨ ᠪᠠᠶᠢᠨ᠎ᠠ ᠂ ᠤᠳᠤ ᠪᠤᠯᠲᠠᠯ᠎ᠠ ᠪᠥᠬᠥ ᠬᠣᠰᠢᠭᠤ᠎ᠪᠠᠷ᠎ᠢᠶᠡᠨ ᠨᠢᠭᠡᠨᠲᠡ 160 ᠲᠦᠮᠡ ᠭᠠᠷᠤᠶ ᠲᠥᠯ ᠲᠣᠰᠴᠣ ᠂ ᠲᠥᠯ ᠲᠤᠰᠬᠤ ᠠᠵᠢᠯ 4 ᠰᠠᠷ᠎ᠠ᠎ᠶᠢᠨ ᠰᠡᠬᠦᠯᠴᠢ᠎ᠪᠠᠷ ᠲᠠᠭᠣᠰᠬᠤ ᠪᠣᠯᠣᠨ᠎ᠠ ︾ ᠭᠡᠵᠣ ᠲᠠᠨᠢᠯᠴᠠᠭᠣᠯᠵᠠᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃