2020-04-13 17:00:04
4 ᠰᠠᠷ᠎ᠠ᠎ᠶᠢᠨ 10᠎ᠤ ᠡᠳᠥᠷ ᠂ ᠬᠢᠮᠢ᠎ᠶᠢᠨ ᠪᠣᠷᠲᠣᠭᠣᠷ ᠳᠥᠭᠥᠷᠡᠩ ᠳᠡᠭᠡᠭᠡᠭᠰᠡᠨ 9 ᠲᠣᠮᠣ ᠠᠴᠢᠶᠠᠨ᠎ᠤ ᠮᠠᠰᠢᠨ ᠠᠭᠠᠵᠢᠮ᠎ᠢᠶᠠᠷ ᠨᠠᠢ᠍ᠮᠠᠨ ᠬᠣᠰᠢᠭᠤᠨ᠎ᠤ ᠪᠠᠶᠠᠨᠲᠠᠯ᠎ᠠ ᠰᠤᠮᠤᠨ᠎ᠤ ᠶᠡᠬᠡᠡᠤᠰᠤ ᠭᠠᠴᠠᠭᠠᠨ᠎ᠤ ᠠᠷᠠᠳ᠎ᠤᠨ ᠠᠭᠤᠳᠠᠮ ᠲᠠᠯᠠᠪᠠᠶ᠎ᠳ᠋ᠤ ᠠᠯᠭᠤᠷᠬᠠᠨ ᠤᠷᠤᠵᠤ ᠢᠷᠡᠬᠥ᠎ᠳ᠋ᠤ ᠂ ᠭᠠᠴᠠᠭᠠᠨ᠎ᠤ ᠠᠷᠠᠳ ᠳᠥᠷᠪᠡᠨ ᠬᠦᠷᠳᠦᠲᠦ ᠲᠷᠡᠺᠲ᠋ᠤᠷ᠎ᠢᠶᠡᠨ ᠵᠢᠯᠣᠭᠣᠳᠤᠭᠠᠳ ᠮᠥᠷᠯᠡᠨ ᠬᠥᠯᠢᠶᠡᠵᠡᠭᠡᠵᠤ ᠪᠠᠢᠯ᠎ᠠ ᠃
︽ ᠤᠯᠠᠨ᠎ᠢᠶᠠᠷ᠎ᠢᠶᠡᠨ ᠬᠤᠷᠰᠢᠵᠤ ᠬᠤᠳᠠᠯᠳᠤᠨ ᠠᠪᠬᠤ᠎ᠨᠢ ᠮᠠᠰᠢ ᠠᠷᠪᠢᠨ ᠰᠠᠢᠨ ᠲᠠᠯ᠎ᠠ᠎ᠲᠠᠢ ᠂ ᠦᠨᠡᠨ᠎ᠢ ᠬᠢᠮᠳᠠ᠎ᠶᠢ ᠬᠡᠯᠡᠬᠦ ᠦᠭᠡᠢ ᠪᠠᠰᠠ ᠲᠡᠭᠡᠭᠡᠪᠦᠷᠢ᠎ᠶᠢᠨ ᠵᠠᠷᠤᠳᠠᠯ ᠵᠡᠷᠭᠡ᠎ᠶᠢ ᠠᠷᠪᠢᠯᠠᠵᠤ ᠂ ᠥᠪᠡᠰᠤᠪᠠᠨ ᠵᠠᠬ᠎ᠠ ᠳᠡᠯᠭᠡᠭᠥᠷ᠎ᠡᠴᠠ ᠬᠤᠳᠠᠯᠳᠤᠨ ᠠᠪᠬᠤ᠎ᠡᠴᠠ ᠬᠤᠯᠠ ᠬᠢᠮᠳᠠᠬᠠᠨ ︾ ᠭᠡᠵᠥ ᠬᠢᠮᠢ᠎ᠶᠢᠨ ᠪᠤᠷᠳᠤᠭᠤᠷ᠎ᠢ ᠳᠥᠷᠪᠡᠨ ᠬᠥᠷᠳᠥᠳᠥᠳ᠋ᠤᠪᠠᠨ ᠰᠢᠯᠵᠢᠭᠥᠯᠥᠨ ᠳᠡᠭᠡᠭᠡᠵᠤ ᠪᠠᠶᠢᠭ᠎ᠠ ᠲᠠᠩ ᠹᠦ᠋ ᠵᠢᠶᠦ᠋ᠨ ᠰᠤᠷᠪᠤᠯᠵᠢᠯᠠᠭᠴᠢ᠎ᠳ᠋ᠤ ᠬᠡᠯᠡᠵᠦ ᠪᠠᠢᠪᠠ ᠃ ᠠᠭᠤᠳᠠᠮ ᠲᠠᠯᠠᠪᠠᠢ᠎ᠳ᠋ᠤ ᠭᠠᠴᠠᠭᠠᠨ᠎ᠤ ᠠᠷᠠᠳ ᠡᠮᠬᠢ ᠴᠡᠭᠴᠡ᠎ᠲᠠᠢ ᠳᠡᠮᠳᠡᠭᠯᠡᠯ᠎ᠤᠨ ᠳᠡᠪᠲᠡᠷ ᠳᠡᠭᠡᠷ᠎ᠡ ᠭᠠᠷᠤᠨ ᠦᠰᠦᠭ ᠵᠢᠷᠤᠭᠠᠳ ᠂ ᠬᠢᠮᠢ᠎ᠶᠢᠨ ᠪᠣᠷᠳᠣᠭᠤᠷ᠎ᠢ ᠪᠠᠭᠤᠯᠭᠠᠨ ᠂ ᠬᠠᠷᠢᠯᠴᠠᠨ ᠬᠠᠪᠰᠤᠷᠤᠯᠴᠠᠨ ᠂ ᠳᠠᠬᠢᠨ ᠥᠪᠡᠷ ᠥᠪᠠᠷ᠎ᠤᠨ ᠳᠡᠷᠭᠡᠨ ᠳᠡᠭᠡᠷ᠎ᠡ᠎ᠪᠠᠨ ᠳᠡᠭᠡᠭᠡᠵᠤ ᠂ ᠶᠠᠭᠠᠷᠠᠯᠲᠠᠢ ᠪᠥᠭᠡᠳ ᠬᠥᠭᠵᠢᠶᠡᠨᠳᠠᠢ ᠬᠥᠳᠡᠯᠮᠥᠷᠢᠯᠡᠵᠡᠭᠡᠵᠤ ᠪᠠᠢᠯ᠎ᠠ ᠃ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠼᠦᠢ ᠴᠢᠶᠠᠩ ᠠᠷᠠᠳ᠎ᠲᠤ ᠡᠳᠡᠭᠡᠷ ᠬᠢᠮᠢ᠎ᠶᠢᠨ ᠪᠣᠷᠳᠣᠭᠤᠷ᠎ᠤᠨ ᠠᠽᠣᠲ ᠹᠣᠰᠹᠣᠷ᠎ᠤᠨ ᠠᠭᠤᠯᠤᠭᠳᠠᠴᠠ ᠂ ᠥᠪᠡᠷᠮᠢᠴᠡ ᠴᠢᠨᠠᠷ ᠵᠢᠴᠢ ᠬᠡᠷᠡᠭᠯᠡᠬᠦ ᠬᠡᠮᠵᠢᠶ᠎ᠡ᠎ᠶᠢ ᠨᠠᠷᠢᠨ ᠨᠢᠮᠪᠠᠶ ᠲᠠᠨᠢᠯᠴᠠᠭᠤᠯᠤᠨ᠎ᠠ ᠃
ᠲᠠᠷᠢᠶᠠᠴᠢᠳ᠎ᠤᠨ ᠵᠠᠬ᠎ᠠ ᠳᠡᠯᠭᠡᠭᠦᠷ᠎ᠤᠨ ᠤᠬᠠᠮᠰᠠᠷ ᠪᠣᠯᠤᠨ ᠡᠷᠬᠡ᠎ᠪᠠᠨ ᠬᠠᠮᠠᠭᠠᠯᠠᠬᠤ ᠤᠬᠠᠮᠰᠠᠷ᠎ᠤᠨ ᠳᠡᠭᠡᠭᠰᠢᠯᠡᠬᠦ᠎ᠶᠢ ᠳᠠᠭᠠᠯᠳᠤᠨ ᠂ ᠲᠠᠷᠢᠶᠠᠯᠠᠩ ᠦᠢᠯᠡᠳᠪᠦᠷᠢᠯᠡᠯ᠎ᠤᠨ ᠬᠡᠷᠡᠭᠰᠡᠯ᠎ᠢ ᠬᠠᠮᠳᠤ᠎ᠪᠠᠷ ᠬᠤᠳᠠᠯᠳᠤᠨ ᠠᠪᠬᠤ ᠬᠠᠯᠠᠮᠰᠢᠯ ᠨᠠᠢᠮᠠᠨ ᠬᠤᠰᠢᠭᠤᠨ᠎ᠤ ᠬᠥᠳᠡᠭᠡ ᠲᠣᠰᠬᠣᠨ᠎ᠳ᠋ᠤ ᠰᠡᠮᠡᠭᠡᠷ ᠥᠷᠨᠢᠪᠠ ᠃ ᠼᠦᠢ ᠴᠢᠶᠠᠩ ᠄ ︽ ᠮᠠᠨ᠎ᠤ ᠭᠠᠴᠠᠭ᠎ᠠ ᠬᠠᠮᠳᠤ᠎ᠪᠠᠷ ᠬᠢᠮᠢ᠎ᠶᠢᠨ ᠪᠣᠷᠲᠣᠭᠣᠷ ᠬᠤᠳᠠᠯᠳᠤᠨ ᠠᠪᠤᠭᠠᠳ ᠨᠢᠭᠡᠨᠲᠡ 7 ᠵᠢᠯ ᠪᠣᠯᠵᠠᠶ ᠂ ᠭᠠᠴᠠᠭᠠᠨ᠎ᠤ ᠠᠷᠠᠳ ᠲᠡᠭᠦᠨ᠎ᠡᠴᠠ ᠠᠰᠢᠭ ᠭᠥᠷᠳᠡᠭᠰᠡᠨ ᠶᠠᠪᠤᠳᠠᠯ᠎ᠨᠢ ᠭᠣᠤᠯ ᠰᠢᠯᠲᠠᠭᠠᠨ ᠪᠣᠯᠤᠨ᠎ᠠ ︾ ᠭᠡᠵᠤ ᠪᠠᠢᠯ᠎ᠠ ᠃ ᠼᠦᠢ ᠴᠢᠶᠠᠩ ᠰᠤᠷᠪᠤᠯᠵᠢᠯᠠᠬᠴᠢ᠎ᠳ᠋ᠤ ᠨᠢᠭᠡ ᠳᠠᠩᠰᠠ ᠪᠣᠳᠣᠵᠤ ᠥᠭᠴᠠᠢ ᠄ ᠨᠡᠶᠢᠯᠡᠮᠡᠯ ᠪᠣᠷᠳᠣᠭᠤᠷ᠎ᠢᠶᠠᠷ ᠠᠪᠴᠤ ᠬᠡᠯᠡᠬᠥ᠎ᠳ᠋ᠤ ᠂ ᠬᠠᠮᠲᠤ᠎ᠪᠠᠷ ᠬᠤᠳᠠᠯᠳᠤᠨ ᠠᠪᠬᠤ ᠤᠭᠤᠲᠠ ᠪᠦᠷᠢ᠎ᠨᠢ ᠵᠢᠵᠢᠭᠯᠡᠨ ᠬᠤᠳᠠᠯᠳᠤᠨ ᠠᠪᠤᠬᠰᠠᠨ᠎ᠡᠴᠠ 12 ᠲᠥᠭᠥᠷᠢᠭ ᠣᠷᠴᠢᠮ ᠬᠢᠮᠳᠠ ᠂ ᠡᠷᠦᠬᠡ ᠪᠦᠷᠢ᠎ᠶᠢᠨ ᠬᠡᠷᠡᠭᠴᠡᠭᠡ᠎ᠶᠢ 20 ᠤᠭᠤᠲᠠ᠎ᠪᠠᠷ ᠪᠣᠳᠣᠪᠠᠯ ᠂ ᠵᠥᠪᠬᠡᠨ ᠡᠨᠡ ᠨᠢᠭᠡ ᠵᠦᠢᠯ᠎ᠨᠢ 240 ᠲᠥᠭᠥᠷᠢᠭ ᠠᠷᠪᠢᠯᠠᠵᠤ ᠂ ᠪᠦᠬᠦ ᠭᠠᠴᠠᠭ᠎ᠠ᠎ᠶᠢᠨ 130 ᠭᠠᠷᠤᠶ ᠡᠷᠦᠬᠡ ᠳᠠᠷᠤᠢ 3 ᠲᠦᠮᠡᠨ ᠲᠥᠭᠥᠷᠢᠭ ᠠᠷᠪᠢᠯᠠᠵᠤ ᠴᠢᠳᠠᠨ᠎ᠠ ᠃
ᠤᠢᠷ᠎ᠠ᠎ᠶᠢᠨ ᠵᠢᠯ᠎ᠡᠴᠠ ᠨᠠᠭᠠᠰᠢ ᠂ ᠨᠠᠢᠮᠠᠨ ᠬᠣᠰᠢᠭᠤ ᠠᠵᠤ ᠦᠢᠯᠡᠰ᠎ᠤᠨ ᠪᠦᠲᠦᠴᠡ᠎ᠪᠠᠨ ᠢᠳᠡᠪᠬᠢᠲᠡᠢ ᠲᠤᠬᠢᠷᠠᠭᠤᠯᠵᠤ ᠂ ᠲᠠᠷᠢᠶᠠᠯᠠᠩ ᠦᠢᠯᠡᠳᠪᠦᠷᠢᠯᠡᠯ᠎ᠤᠨ ᠬᠡᠷᠡᠭᠰᠡᠯ᠎ᠤᠨ ᠢᠵᠢ ᠪᠦᠷᠢᠳᠦᠭᠰᠡᠨ ᠦᠢᠯᠡᠴᠢᠯᠡᠭᠡ᠎ᠶᠢ ᠰᠢᠯᠢᠳᠡᠭᠵᠢᠭᠦᠯᠥᠨ ᠂ ᠥᠩᠭᠡᠷᠡᠭᠰᠡᠨ᠎ᠳ᠋ᠤ ᠡᠷᠦᠬᠡ ᠪᠦᠷᠢ ᠥᠪᠡᠰᠥᠪᠡᠨ ᠬᠢᠮᠢ᠎ᠶᠢᠨ ᠪᠤᠷᠳᠤᠭᠤᠷ ᠬᠤᠳᠠᠯᠳᠤᠨ ᠠᠪᠴᠥ ᠪᠠᠢᠬᠰᠠᠨ᠎ᠢ ᠲᠥᠪᠯᠡᠷᠡᠭᠦᠯᠦᠨ ᠬᠠᠮᠳᠤ᠎ᠪᠠᠷ ᠬᠤᠳᠠᠯᠳᠤᠨ ᠠᠪᠬᠤ ᠪᠣᠯᠭᠠᠵᠤ ᠂ ᠭᠠᠴᠠᠭ᠎ᠠ ᠲᠣᠰᠬᠣᠨ᠎ᠤ ᠠᠷᠠᠳ ᠰᠢᠭᠤᠳ ᠦᠢᠯᠡᠳᠪᠦᠷᠢ᠎ᠲᠠᠢ ᠵᠥᠪᠳᠡᠯᠴᠡᠭᠡᠷ ᠬᠢᠬᠥ ᠨᠥᠭᠥᠴᠡᠯ ᠪᠤᠯᠤᠮᠵᠢ᠎ᠶᠢ ᠨᠡᠮᠡᠭᠳᠡᠭᠦᠯᠵᠦ ᠂ ᠦᠢᠯᠡᠳᠬᠦᠨ᠎ᠤ ᠶᠠᠰᠤ ᠴᠢᠨᠠᠷ᠎ᠢ ᠨᠡᠩ ᠪᠠᠳᠤᠯᠠᠭ᠎ᠠ᠎ᠲᠠᠢ ᠪᠤᠯᠭᠠᠵᠠᠢ ᠃ ᠡᠭᠦᠨ᠎ᠢᠶᠠᠷ ᠪᠠᠷᠠᠬᠤ ᠦᠭᠡᠢ ᠂ ᠦᠢᠯᠡᠳᠪᠦᠷᠢ ᠴᠦ ᠭᠠᠴᠠᠭ᠎ᠠ ᠲᠤᠰᠬᠤᠨ᠎ᠤ ᠠᠷᠠᠳ᠎ᠤᠨ ᠬᠡᠷᠡᠭᠴᠡᠭᠡ᠎ᠶᠢ ᠴᠠᠭ ᠲᠤᠬᠠᠢ᠎ᠳ᠋ᠤᠨᠢ ᠣᠶᠢᠯᠠᠭᠠᠵᠤ ᠂ ᠦᠢᠯᠡᠳᠬᠦᠨ᠎ᠨᠢ ᠨᠡᠯᠢᠶᠡᠳ ᠲᠣᠭᠲᠠᠪᠤᠷᠢᠲᠠᠢ ᠪᠣᠷᠣᠯᠠᠭᠤᠯᠬᠤ ᠡᠲᠡᠭᠡᠳ᠎ᠲᠠᠢ ᠪᠣᠯᠵᠤ ᠂ ᠡᠢᠨ ᠬᠥ ᠬᠤᠳᠠᠯᠳᠤᠨ ᠠᠪᠬᠤ ᠪᠠ ᠪᠣᠷᠣᠯᠠᠭᠤᠯᠬᠤ ᠬᠣᠶᠠᠷ ᠲᠠᠯ᠎ᠠ᠎ᠪᠠᠷ᠎ᠢᠶᠡᠨ ᠬᠠᠷᠢᠯᠴᠠᠨ ᠠᠰᠢᠭ ᠬᠦᠷᠲᠡᠬᠦ ᠪᠤᠯᠤᠬᠰᠠᠨ ᠶᠠᠪᠤᠳᠠᠯ᠎ᠨᠢ ᠭᠠᠴᠠᠭ᠎ᠠ ᠲᠤᠰᠬᠤᠨ᠎ᠤ ᠠᠷᠠᠳ᠎ᠤᠨ ᠬᠠᠤᠯᠢ ᠶᠣᠰᠣᠨ᠎ᠤ ᠡᠷᠬᠡ ᠠᠰᠢᠭ᠎ᠢ ᠬᠠᠮᠠᠭᠠᠯᠠᠬᠤ᠎ᠳ᠋ᠤ ᠢᠳᠡᠪᠬᠢᠲᠡᠢ ᠦᠢᠯᠡᠳᠦᠯ ᠦᠵᠡᠭᠦᠯᠬᠥ ᠪᠤᠯᠤᠬᠰᠠᠨ ᠪᠠᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠴᠣᠷᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃