ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-03-29 10:52:16

ᠵᠣᠬᠢᠶᠠᠭ᠍ᠴᠢ᠄ ᠦ᠋ ᠴᠢᠡᠭ ᠯᠠᠨ ᠯᠢ ᠰᠢᠨ ᠵᠢᠶᠦᠢᠨ ᠣᠩᠱᠢᠭ᠍ᠰᠠᠨ ᠣᠳᠠᠭ᠎ᠠ᠄ 3

ᠣᠲᠣ ᠪᠣᠯ ᠶᠠᠭ ᠲᠠᠯ᠎ᠠ ᠨᠤᠲᠤᠭ᠎ᠤᠨ ᠮᠠᠯᠴᠢᠳ᠎ᠤᠨ ᠲᠥᠯ ᠲᠤᠰᠴᠤ ᠪᠣᠶᠢᠵᠢᠭᠤᠯᠬᠤ ᠵᠠᠡᠭᠬᠢᠯᠠᠭ᠎ᠠ᠎ᠶᠢᠨ ᠴᠠᠭ ᠬᠤᠭᠤᠴᠠᠭ᠎ᠠ ᠪᠣᠯᠤᠨ᠎ᠠ ᠃ 3 ᠰᠠᠷ᠎ᠠ᠎ᠶᠢᠨ 25᠎ᠤ ᠡᠳᠤᠷ ᠂ ᠬᠠᠭᠤᠴᠢᠨ ᠪᠠᠷᠭᠤ ᠬᠣᠰᠢᠭᠤᠨ᠎ᠤ ᠬᠥᠬᠡᠨᠠᠭᠤᠷ ᠪᠠᠯᠭᠠᠰᠤᠨ᠎ᠤ ᠪᠠᠶᠠᠨ ᠪᠦᠷᠢᠳᠦ ᠭᠠᠴᠠᠭᠠᠨ᠎ᠤ ᠮᠠᠯᠴᠢᠨ ᠰᠣᠳᠣᠷ ᠡᠷ᠎ᠠ ᠡᠮ᠎ᠠ ᠬᠣᠶᠠᠭᠤᠯᠠ ᠬᠠᠰᠢᠶ᠎ᠠ ᠰᠠᠷᠠᠪᠴᠢᠨ᠎ᠳᠠᠭᠠᠨ ᠲᠤᠭᠤᠯ᠎ᠳᠠᠭᠠᠨ ᠡᠪᠡᠰᠦ ᠪᠣᠷᠳᠣᠭ᠎ᠠ ᠨᠡᠮᠡᠵᠦ ᠶᠠᠭᠠᠷᠠᠨ ᠂ ᠬᠠᠰᠢᠶ᠎ᠠ ᠳᠦᠭᠦᠷᠡᠩ ᠲᠤᠭᠤᠯ᠎ᠤᠳ᠎ᠨᠢ ᠨᠠᠭᠠᠤᠡᠴᠤ ᠲᠤᠬᠯᠠᠨ᠎ᠡ ᠃

︽ ᠣᠲᠣ ᠠᠮᠢᠳᠤᠷᠠᠯ ᠰᠠᠶᠢᠵᠢᠷᠠᠵᠤ ᠂ ᠴᠢᠨᠠᠷ ᠲᠡᠰ ᠳᠡᠭᠡᠭᠰᠢᠯᠡᠨ ᠂ ᠬᠠᠰᠢᠶ᠎ᠠ ᠰᠠᠷᠠᠪᠴᠢ ᠵᠡᠷᠭᠡ ᠲᠥᠬᠥᠭᠡᠷᠦᠮᠵᠢ ᠴᠦ ᠪᠦᠷᠢᠨ ᠲᠦᠬᠦᠷᠵᠢᠪᠡ ᠂ ᠪᠠᠯᠭᠠᠰᠤᠨ᠎ᠤ ᠬᠢᠵᠢᠭ᠎ᠢ ᠰᠡᠷᠭᠡᠶᠢᠯᠡᠬᠦ ᠠᠵᠢᠯᠲᠠᠨ ᠦᠷᠭᠦᠯᠵᠢ ᠢᠷᠡᠵᠦ ᠂ ᠮᠠᠨ᠎ᠳ᠋ᠤ ᠬᠠᠪᠤᠷ᠎ᠤᠨ ᠤᠯᠠᠷᠢᠯ᠎ᠤᠨ ᠮᠠᠯ᠎ᠤᠨ ᠬᠢᠵᠢᠭ᠎ᠢ ᠰᠡᠷᠭᠡᠶᠢᠯᠡᠬᠦ ᠮᠡᠳᠡᠯᠭᠡ᠎ᠶᠢ ᠵᠢᠭᠠᠵᠤ ᠥᠭᠴᠦ ᠪᠠᠶᠢᠨ᠎ᠠ ᠂ ᠬᠠᠪᠤᠷ᠎ᠤᠨ ᠲᠥᠯ᠎ᠤᠨ ᠣᠨᠳᠣᠷᠤᠯᠳᠡ᠎ᠶᠢᠨ ᠨᠣᠷᠮ᠎ᠠ ᠶᠠᠪᠤᠬᠤ ᠲᠤᠲᠤᠮ ᠥᠨᠳᠥᠷ ᠪᠣᠯᠵᠣ ᠪᠠᠶᠢᠨ᠎ᠠ ︾ ᠭᠡᠵᠤ ᠰᠤᠳᠤᠷ ᠰᠤᠷᠪᠤᠯᠵᠢᠯᠠᠡᠡᠴᠢ᠎ᠳ᠋ᠤ ᠶᠡᠷᠢᠨ᠎ᠠ ᠃ ᠰᠤᠳᠤᠷ᠎ᠤᠨ᠎ᠬᠢᠨ 120 ᠭᠠᠷᠤᠶ ᠦᠭᠡᠷ ᠲᠡᠵᠢᠭᠡᠵᠤ ᠂ ᠡᠪᠡᠰᠦ ᠪᠣᠷᠳᠣᠭ᠎ᠠ ᠡᠯᠪᠡᠭ ᠤᠴᠢᠷ᠎ᠡᠴᠠ ᠦᠨᠢᠶ᠎ᠡ᠎ᠨᠢ ᠲᠠᠷᠭᠤ ᠬᠦᠴᠤ ᠰᠠᠢᠳᠠᠢ ᠂ ᠨᠢᠳᠤᠨᠤᠨ᠎ᠤ 11 ᠰᠠᠷ᠎ᠠ᠎ᠡᠴᠠ ᠡᠬᠢᠯᠡᠵᠤ ᠲᠦᠯᠯᠡᠭᠡᠳ ᠂ ᠣᠲᠣ ᠪᠣᠯᠲᠠᠯ᠎ᠠ 60 ᠭᠠᠷᠤᠶ ᠲᠤᠭᠤᠯ ᠲᠤᠰᠴᠠᠢ ᠃

ᠪᠠᠶᠠᠨᠬᠠᠳᠠ ᠰᠤᠮᠤ᠎ᠶᠢᠨ ᠪᠠᠶᠠᠨᠬᠠᠳᠠ ᠭᠠᠴᠠᠭ᠎ᠠ᠎ᠶᠢᠨ ᠮᠠᠯᠴᠢᠨ ᠪᠢᠰᠢᠷᠡᠯᠳᠤ᠎ᠶᠢᠨ᠎ᠬᠢᠨ 4 ᠬᠥᠮᠦᠨ ᠠᠮᠠ᠎ᠲᠠᠢ ᠂ ᠶᠠᠳᠠᠭᠤ᠎ᠡᠴᠠ ᠠᠩᠭᠢᠵᠢᠷᠠᠭᠰᠠᠨ᠎ᠤ ᠳᠠᠷᠠᠭᠠᠬᠢ ᠠᠮᠢᠳᠤᠷᠠᠯ ᠮᠠᠰᠢ ᠦᠭᠡᠳᠠ ᠡᠰᠡᠷᠡᠭ ᠪᠠᠢᠯ᠎ᠠ ᠃ ︽ ᠮᠠᠨ᠎ᠤ᠎ᠬᠢᠨ 7000 ᠮᠦ ᠪᠡᠯᠴᠢᠭᠡᠷ᠎ᠲᠠᠢ ᠂ 600 ᠭᠠᠷᠤᠢ ᠬᠤᠨᠢ᠎ᠲᠠᠢ ᠂ ᠨᠢᠳᠤᠨᠤᠨ 400 ᠭᠠᠷᠤᠢ ᠬᠤᠨᠢ ᠬᠤᠳᠠᠯᠳᠤᠵᠤ ᠂ 30 ᠭᠠᠷᠤᠢ ᠲᠦᠮᠡᠨ ᠲᠥᠭᠥᠷᠢᠭ᠎ᠤᠨ ᠣᠷᠣᠯᠭ᠎ᠠ ᠣᠯᠵᠤ ᠂ ᠡᠪᠡᠰᠦ ᠬᠤᠳᠠᠯᠳᠤᠨ ᠠᠪᠬᠤ᠎ᠡᠴᠠ ᠭᠠᠳᠠᠨ᠎ᠠ ᠪᠠᠰᠠ ᠶᠡᠬᠡ ᠬᠦᠦ᠎ᠳ᠋ᠡᠭᠡᠨ ᠪᠡᠷᠢ ᠪᠠᠭᠤᠯᠭᠠᠵᠠᠢ ︾ ᠭᠡᠵᠦ ᠪᠢᠰᠢᠷᠡᠯᠳᠤ ᠪᠠᠶᠠᠷᠲᠠᠶ ᠬᠡᠯᠡᠨ᠎ᠡ ᠃

ᠬᠥᠬᠡᠨᠠᠭᠤᠷ ᠪᠠᠯᠭᠠᠰᠤᠨ᠎ᠤ ᠪᠠᠶᠠᠨ ᠪᠦᠷᠢᠳᠦ ᠭᠠᠴᠠᠭᠠᠨ᠎ᠤ ᠮᠠᠯᠴᠢᠨ ᠪᠠᠶᠠᠷᠲᠤ᠎ᠶᠢᠨ᠎ᠬᠢᠨ ᠨᠠᠩ ᠴᠤ ᠦᠬᠡᠷ ᠵᠢᠯ᠎ᠤᠨ ᠠᠡᠭᠬᠠᠨ᠎ᠤ ᠡᠯᠪᠡᠭ ᠬᠤᠷᠢᠶᠠᠯᠲᠠ᠎ᠶᠢ ᠤᠯᠵᠠᠢ ᠃ ᠬᠣᠨᠢᠨ ᠬᠠᠰᠢᠶᠠᠨ᠎ᠳ᠋ᠤᠨᠢ ᠬᠤᠷᠠᠭ᠎ᠠ ᠢᠰᠢᠭᠡ ᠮᠠᠢᠯᠠᠯᠳᠤᠬᠤ᠎ᠳ᠋ᠤ ᠨᠦᠬᠦᠭᠡ ᠬᠠᠰᠢᠶᠠᠨ ᠲᠤᠳᠤᠷ᠎ᠠ ᠲᠤᠭᠤᠯ᠎ᠤᠳ᠎ᠨᠢ ᠡᠢᠰᠢ ᠲᠡᠢᠰᠢ ᠲᠤᠭᠯᠠᠯᠳᠤᠨ᠎ᠠ ᠃ ᠡᠵᠠᠨ᠎ᠨᠢ ᠪᠡᠰᠠ ᠪᠢᠴᠢᠬᠠᠨ ᠲᠤᠭᠤᠯ᠎ᠳᠠᠭᠠᠨ ᠬᠦᠪᠦᠡᠭ ᠤᠭᠤᠵᠢ ᠡᠮᠤᠰᠭᠡᠵᠤ ᠲᠠᠭᠠᠷᠠᠵᠤ ᠪᠡᠭᠡᠷᠡᠬᠦ᠎ᠡᠴᠠ ᠪᠤᠯᠭᠤᠮᠵᠢᠯᠠᠨ᠎ᠠ ᠃ ᠡᠨᠡ ᠵᠢᠯ 63 ᠨᠠᠰᠤᠲᠠᠶ ᠪᠠᠶᠠᠷᠲᠤ 1000 ᠰᠢᠬᠠᠮ ᠬᠣᠨᠢ ᠂ 100 ᠭᠠᠷᠤᠶ ᠦᠬᠡᠷ ᠪᠣᠯᠤᠨ 100 ᠭᠠᠷᠤᠶ ᠠᠳᠤᠭᠤ ᠲᠡᠵᠢᠭᠡᠵᠦ ᠂ ᠲᠤᠬᠠᠶ᠎ᠶᠢᠨ ᠭᠠᠵᠠᠷ᠎ᠤᠨ ᠮᠠᠯᠵᠢᠯ᠎ᠤᠨ ᠲᠣᠮᠣ ᠡᠷᠦᠬᠡ᠎ᠳ᠋ᠤ ᠲᠣᠭᠠᠴᠠᠭᠳᠠᠨ᠎ᠠ ᠃ ᠡᠨᠡ ᠵᠢᠯ᠎ᠤᠨ 1 ᠰᠠᠷ᠎ᠠ᠎ᠡᠴᠠ ᠡᠬᠢᠯᠡᠨ ᠂ ᠲᠡᠷᠡ ᠠᠯᠢ ᠡᠷᠲᠡ᠎ᠡᠴᠠ ᠲᠥᠯ ᠲᠣᠰᠴᠤ ᠪᠣᠶᠢᠵᠢᠭᠤᠯᠬᠤ ᠪᠡᠯᠡᠳᠬᠡᠯ ᠠᠵᠢᠯ᠎ᠢᠶᠡᠨ ᠬᠢᠵᠦ ᠂ ᠰᠢᠨ᠎ᠡ᠎ᠪᠠᠷ ᠲᠣᠰᠤᠡᠡᠰᠡᠨ 30 ᠭᠠᠷᠤᠶ ᠲᠤᠭᠤᠯ ᠪᠣᠯᠤᠨ 400 ᠭᠠᠷᠤᠶ ᠬᠤᠷᠠᠭ᠎ᠠ᠎ᠶᠢᠨ ᠪᠤᠢᠵᠢᠯᠳᠡ᠎ᠶᠢᠨ ᠨᠣᠷᠮ᠎ᠠ᠎ᠨᠢ 100%᠎ᠳ᠋ᠤ ᠬᠦᠷᠴᠡᠢ ᠃

ᠬᠠᠭᠤᠴᠢᠨ ᠪᠠᠷᠭᠤ ᠬᠣᠰᠢᠭᠤ ᠲᠡᠵᠢᠭᠡᠯ ᠡᠪᠡᠰᠦ ᠪᠣᠷᠳᠣᠭᠠᠨ᠎ᠤ ᠬᠠᠩᠭᠠᠯᠭ᠎ᠠ᠎ᠶᠢ ᠪᠠᠲᠤᠯᠠᠬᠤ ᠂ ᠭᠡᠮ ᠡᠪᠡᠤᠡᠴᠢᠨ᠎ᠢ ᠰᠡᠷᠭᠡᠶᠢᠯᠡᠨ ᠵᠠᠰᠠᠬᠤ ᠤᠬᠠᠭᠤᠯᠭ᠎ᠠ᠎ᠶᠢ ᠴᠢᠩᠭᠠᠤᠡᠬᠠᠬᠤ ᠂ ᠮᠠᠯ ᠠᠵᠤ ᠠᠬᠤᠶ᠎ᠶᠢᠨ ᠮᠡᠷᠭᠡᠵᠢᠯ᠎ᠤᠨ ᠵᠢᠯᠣᠭᠣᠳᠣᠯᠭ᠎ᠠ ᠬᠠᠩᠭᠠᠬᠤ ᠵᠡᠷᠭᠡ ᠠᠷᠭ᠎ᠠ ᠬᠡᠯᠪᠡᠷᠢ᠎ᠪᠠᠷ ᠳᠠᠮᠵᠢᠭᠤᠯᠤᠨ ᠂ ᠬᠠᠪᠤᠷ᠎ᠤᠨ ᠲᠥᠯ ᠲᠤᠰᠴᠤ ᠪᠤᠢᠵᠢᠭᠤᠯᠬᠤ ᠦᠢᠯᠡᠳᠪᠦᠷᠢᠯᠡᠯ᠎ᠢ ᠪᠥᠬᠥ ᠬᠦᠴᠦᠨ᠎ᠢᠶᠠᠷ ᠪᠠᠲᠤᠯᠠᠵᠤ ᠪᠠᠶᠢᠨ᠎ᠠ ᠃ ᠪᠦᠷᠢᠳᠬᠡᠯ᠎ᠢ ᠦᠨᠳᠦᠰᠦᠯᠡᠪᠡᠯ ᠂ ᠲᠤᠰ ᠬᠣᠰᠢᠭᠤᠨ᠎ᠳ᠋ᠤ ᠮᠠᠯ᠎ᠤᠨ ᠲᠣᠭ᠎ᠠ 100.4 ᠲᠦᠮᠡ᠎ᠳ᠋ᠤ ᠬᠦᠷᠴᠤ ᠪᠤᠢ ᠂ ᠡᠭᠦᠨ᠎ᠳ᠋ᠤ ᠂ ᠪᠣᠳᠠ ᠮᠠᠯ 17.1 ᠲᠦᠮᠡ ᠂ ᠪᠣᠭ ᠮᠠᠯ 83.3 ᠲᠦᠮᠡ ᠪᠠᠶᠢᠵᠤ ᠂ ᠮᠠᠯ᠎ᠳ᠋ᠤ ᠬᠢᠵᠢᠭ ᠰᠠᠷᠭᠡᠢᠯᠡᠬᠦ ᠲᠠᠷᠢᠯᠭ᠎ᠠ ᠨᠤᠷᠮ᠎ᠠ 100 %᠎ᠳ᠋ᠤ ᠬᠦᠷᠴᠡᠢ ᠃ ᠵᠢᠱᠢᠯᠲᠡ᠎ᠪᠠᠷ ᠂ ᠡᠨᠡ ᠵᠢᠯ 56.8 ᠲᠦᠮᠡᠨ ᠲᠥᠯ ᠲᠤᠰᠤᠨ᠎ᠠ ᠃ 3 ᠰᠠᠷ᠎ᠠ᠎ᠶᠢᠨ 20᠎ᠤ ᠡᠳᠤᠷ ᠪᠤᠯᠳᠡᠯ᠎ᠠ ᠂ ᠪᠥᠬᠥ ᠬᠣᠰᠢᠭᠤ᠎ᠪᠠᠷ᠎ᠢᠶᠡᠨ ᠨᠡᠶᠢᠲᠡ 8.2 ᠲᠦᠮᠡᠨ ᠪᠣᠳᠠ ᠪᠤᠭ ᠮᠠᠯ᠎ᠤᠨ ᠲᠦᠯ ᠲᠤᠰᠴᠠᠢ ᠃ ᠡᠬᠦᠨ᠎ᠳ᠋ᠤ 1.4 ᠲᠦᠮᠡᠨ ᠪᠤᠳᠡ ᠮᠠᠯ᠎ᠤᠨ ᠲᠦᠯ ᠂ 6.8 ᠲᠦᠮᠡᠨ ᠪᠣᠭ ᠮᠠᠯ᠎ᠤᠨ ᠲᠦᠯ ᠲᠤᠰᠴᠤ ᠪᠠᠶᠢᠨ᠎ᠠ ᠃




ᠪᠢᠰᠢᠷᠡᠯᠳᠤ ᠡᠷ᠎ᠡ ᠡᠮ᠎ᠡ ᠬᠤᠶᠠᠭᠤᠯᠠ ᠭᠤᠯᠤᠩᠬᠠᠢ᠎ᠪᠠᠨ ᠠᠪᠤᠭᠤᠯᠵᠦ ᠪᠠᠢᠭ᠎ᠠ᠎ᠨᠢ



ᠬᠤᠨᠢ᠎ᠪᠠᠨ ᠪᠡᠯᠴᠢᠭᠡᠷᠯᠡᠬᠦᠯᠦᠨ᠎ᠡ



ᠬᠤᠨᠢ᠎ᠪᠠᠨ ᠡᠪᠡᠰᠦᠯᠡᠨ᠎ᠡ



  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面