ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-03-26 19:19:42

ᠵᠣᠬᠢᠶᠠᠭ᠍ᠴᠢ᠄ ᠴᠢᠷᠮ᠎ᠠ ᠣᠩᠱᠢᠭ᠍ᠰᠠᠨ ᠣᠳᠠᠭ᠎ᠠ᠄ 3

ᠲᠠᠯ᠎ᠠ᠎ᠶᠢᠨ ᠴᠠᠰᠦ ᠵᠠᠬ᠎ᠠ᠎ᠡᠴᠠ᠎ᠪᠠᠨ ᠴᠤᠬᠤᠷᠳᠠᠨ ᠰᠡᠮᠡᠷᠡᠵᠦ᠂ ᠳᠤᠪᠤ᠋ ᠲᠤᠯᠤᠭᠠᠳ ᠪᠤᠷᠤᠯᠠᠭᠠᠳ ᠠᠭᠤᠯᠠ᠎ᠶᠢᠨ ᠡᠩᠭᠡᠷ ᠪᠡᠯ᠎ᠢᠶᠠᠷ ᠬᠠᠶᠢᠯ᠎ᠤᠨ ᠤᠰᠤ ᠮᠡᠯᠳᠡᠭᠡᠨᠡᠨ ᠤᠷᠤᠰᠴᠦ᠂ ᠬᠠᠪᠤᠷ᠎ᠤᠨ ᠦᠩᠭᠡ᠎ᠶᠢ ᠮᠡᠳᠡᠭᠡᠯᠡᠨ᠂ ᠠᠶᠢᠯ᠎ᠤᠨ ᠬᠤᠷᠤᠭᠠᠨ᠎ᠳ᠋ᠤ ᠬᠤᠷᠠᠭ᠎ᠠ ᠢᠰᠢᠭᠡ ᠲᠤᠬᠯᠠᠯᠳᠤᠨ᠎ᠠ᠃


QQ截图20210326190032.jpg


ᠰᠢᠯᠢᠡᠭᠬᠤᠲᠠ᠎ᠶᠢᠨ ᠪᠠᠶᠠᠨᠰᠢᠯᠢ ᠮᠠᠯᠵᠢᠯ᠎ᠤᠨ ᠲᠠᠯᠠᠪᠠᠢ᠎ᠶᠢᠨ ᠪᠠᠶᠠᠨᠰᠢᠯᠢ ᠬᠤᠪᠢᠶᠠᠷᠢ ᠲᠠᠯᠠᠪᠠᠢ᠎ᠶᠢᠨ ᠵᠠᠯᠠᠭᠤ ᠮᠠᠯᠴᠢᠨ ᠨᠠᠰᠤᠨᠵᠢᠷᠭᠠᠯ᠎ᠤᠨ ᠬᠤᠨᠢ᠎ᠨᠢ ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ᠎ᠡᠴᠠ ᠡᠬᠢᠯᠡᠵᠦ ᠬᠤᠷᠠᠭᠠᠯᠠᠭᠠᠳ ᠤᠳᠤ ᠪᠤᠯᠬᠤ᠎ᠳ᠋ᠤ ᠰᠢᠪᠲᠤᠷᠠᠭᠠᠨ᠎ᠳᠠᠭᠠᠨ ᠤᠷᠤᠭᠠᠳ ᠪᠤᠢ᠃ ᠡᠳᠡᠨ᠎ᠤ᠎ᠬᠢᠨ ᠤᠶᠢᠷ᠎ᠠ᠎ᠶᠢᠨ ᠵᠢᠯ ᠮᠠᠯ ᠰᠦᠷᠦᠭ᠎ᠤᠨ ᠪᠦᠲᠦᠴᠡ᠎ᠪᠠᠨ ᠰᠢᠯᠢᠳᠡᠭᠵᠢᠭᠦᠯᠦᠨ᠂ ᠴᠦᠭᠡᠨ ᠮᠠᠯ᠎ᠡᠴᠠ ᠦᠨᠳᠦᠷ ᠦᠷ᠎ᠡ ᠠᠰᠢᠭ ᠭᠦᠷᠲᠡᠬᠦ ᠵᠤᠷᠢᠯᠭ᠎ᠠ᠎ᠪᠠᠷ ᠮᠢᠬ᠎ᠠ ᠰᠦ᠎ᠶᠢᠨ ᠭᠠᠷᠤᠯᠲᠠ ᠰᠠᠶᠢᠲᠠᠢ᠂ ᠢᠬᠡᠷᠡᠯᠡᠬᠦ ᠨᠤᠷᠮ᠎ᠠ ᠦᠨᠳᠦᠷ᠂ ᠦᠷᠡᠵᠢᠯᠲᠡ ᠪᠤᠶᠢᠵᠢᠯᠲᠠ᠎ᠨᠢ ᠲᠦᠷᠭᠡᠨ ᠳ᠋ᠦ᠋ᠢᠪᠦᠸᠧ ᠬᠤᠨᠢ᠂ ᠰᠠᠹᠦᠺᠸ ᠬᠤᠨᠢ ᠵᠡᠷᠭᠡ ᠰᠢᠯᠢᠳᠡᠭ ᠡᠭᠦᠯᠳᠡᠷ᠎ᠤᠨ ᠦᠷ᠎ᠡ᠎ᠶᠢᠨ ᠮᠠᠯ ᠬᠤᠳᠠᠯᠳᠤᠨ ᠠᠪᠬᠤ᠎ᠶᠢᠨ ᠵᠡᠷᠭᠡ᠎ᠪᠠᠷ ᠪᠠᠰᠠ ᠨᠤᠲᠤᠭ᠎ᠤᠨ ᠡᠬᠡ ᠮᠠᠯ᠎ᠳᠠᠭᠠᠨ ᠭᠠᠷ ᠬᠡᠭᠡᠯᠲᠦᠭᠦᠯᠭᠡ ᠬᠢᠵᠦ᠂ ᠮᠠᠯ ᠰᠦᠷᠦᠭ᠎ᠤᠨ ᠡᠭᠦᠯᠳᠡᠷ ᠤᠬᠰᠠᠭ᠎ᠠ᠎ᠨᠢ ᠰᠠᠶᠢᠵᠢᠷᠠᠵᠦ᠂ ᠠᠰᠢᠭ ᠤᠷᠤᠯᠭ᠎ᠠ᠎ᠨᠢ ᠴᠦ ᠨᠡᠮᠡᠭᠳᠡᠵᠡᠢ ᠃ ᠨᠠᠰᠤᠨᠵᠢᠷᠭᠠᠯ᠄ ︽ ᠦᠩᠭᠡᠷᠡᠬᠦ ᠡᠪᠦᠯ ᠴᠠᠰᠦ ᠶᠡᠭᠡ᠂ ᠠᠭᠤᠷ ᠠᠮᠢᠰᠬᠤᠯ ᠬᠦᠢᠲᠡᠨ ᠪᠤᠯᠬᠤᠷ 11 ᠰᠠᠷ᠎ᠠ᠎ᠡᠴᠠ ᠤᠳᠤ ᠪᠤᠯᠲᠠᠯ᠎ᠠ ᠮᠠᠯ᠎ᠢᠶᠡᠨ ᠭᠠᠷᠭᠠᠬᠰᠠᠨ ᠦᠭᠡᠢ ᠲᠡᠵᠢᠭᠡᠵᠦ ᠪᠠᠶᠢᠨ᠎ᠠ᠃ ᠮᠠᠨ᠎ᠤ ᠤᠷᠢᠳ᠎ᠢᠶᠠᠷ ᠬᠤᠷᠢᠭᠰᠠᠨ᠎ᠨᠢ ᠤᠳᠤ ᠪᠦᠷ ᠬᠦᠷᠪᠡᠵᠢᠭᠡᠳ ᠡᠪᠡᠰᠦ ᠪᠤᠷᠳᠤᠭᠠᠨ᠎ᠳ᠋ᠤ ᠤᠷᠤᠭᠠᠳ ᠪᠠᠶᠢᠭ᠎ᠠ᠂ ᠳᠠᠯᠠᠭᠠᠳ ᠬᠤᠨᠢᠨ᠎ᠳᠠᠭᠠᠨ ᠳ᠋ᠦ᠋ᠢᠪᠦᠸᠧ᠂ ᠰᠠᠹᠦᠺᠸ ᠡᠭᠦᠯᠳᠡᠷ᠎ᠤᠨ ᠤᠬᠤᠷ ᠬᠤᠭᠤᠴᠠᠭᠠᠨ᠎ᠳ᠋ᠤ ᠵᠡᠷᠭᠡ᠎ᠪᠠᠷ ᠬᠤᠷᠠᠭᠠᠯᠠᠭᠤᠯᠬᠤ ᠮᠡᠷᠭᠡᠵᠢᠯ᠎ᠤᠨ ᠭᠠᠷ ᠬᠡᠭᠡᠯᠲᠦᠭᠦᠯᠭᠡ ᠬᠢᠭᠰᠡᠨ᠎ᠨᠢ ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ᠎ᠡᠴᠠ ᠡᠬᠢᠯᠡᠵᠦ ᠬᠤᠷᠠᠭᠠᠯᠠᠭᠠᠳ᠂ ᠳᠦᠷᠪᠡ ᠲᠠᠪᠤᠨ ᠡᠳᠦᠷ᠎ᠲᠤ ᠭᠤᠤᠯ ᠬᠦᠭ᠎ᠨᠢ ᠦᠩᠭᠡᠷᠡᠴᠢᠭᠡᠭᠰᠡᠨ ᠂ ᠪᠠᠷᠤᠭ ᠬᠠᠭᠠᠰ᠎ᠨᠢ ᠢᠬᠡᠷ᠎ᠡ ᠬᠤᠷᠠᠭ᠎ᠠ᠂ ᠵᠠᠷᠢᠮ᠎ᠨᠢ ᠪᠦᠷ ᠭᠤᠷᠪᠠᠯᠠᠬᠰᠡᠨ ᠰᠢᠤ᠂ ᠡᠬᠡ ᠮᠠᠯ᠎ᠤᠨ ᠲᠠᠷᠭᠤ ᠬᠦᠴᠦ ᠰᠠᠶᠢᠨ ᠪᠤᠯᠬᠤᠷ ᠴᠠᠤᠡᠬᠠᠯᠲᠠ ᠴᠦ ᠰᠠᠶᠢᠨ ᠪᠠᠶᠢᠨ᠎ᠠ︾ ᠭᠡᠵᠦ ᠲᠠᠨᠢᠯᠴᠠᠭᠤᠯᠤᠨ᠎ᠡ᠃

ᠠᠵᠢᠯᠴᠢ ᠠᠶᠢᠯ᠎ᠤᠨ ᠮᠠᠯ᠎ᠨᠢ ᠦᠩᠭᠡ᠎ᠲᠠᠢ ᠦᠭᠡᠳᠡ᠎ᠲᠠᠢ᠂ ᠡᠳᠡᠨ᠎ᠤ᠎ᠬᠢ ᠢᠬᠡᠷᠡᠯᠡᠭᠰᠡᠨ ᠬᠤᠨᠢ᠎ᠪᠠᠨ ᠪᠦᠷ ᠬᠤᠷᠠᠭ᠎ᠠ᠎ᠲᠠᠢ᠎ᠨᠢ ᠠᠰ ᠠᠰ᠎ᠢᠶᠠᠷ᠎ᠨᠢ ᠨᠢᠭᠡ ᠬᠠᠰᠢᠶᠠᠨ᠎ᠳ᠋ᠤ ᠲᠡᠵᠢᠭᠡᠵᠤ ᠪᠠᠶᠢᠯ᠎ᠠ᠃ ᠢᠩᠭᠢᠵᠦ ᠮᠠᠯᠵᠢᠬᠤ᠎ᠨᠢ ᠬᠡᠳᠦᠶᠢᠪᠡᠷ ᠠᠵᠦ ᠶᠡᠭᠡ ᠤᠷᠤᠳᠠᠭ ᠪᠤᠯᠪᠠᠴᠦ ᠬᠤᠷᠠᠭᠠᠨ᠎ᠤ ᠥᠰᠦᠯᠲᠡ ᠪᠤᠶᠢᠵᠢᠯᠲᠠ᠎ᠳ᠋ᠤ ᠰᠠᠶᠢᠨ ᠭᠡᠨ᠎ᠡ᠃ ᠨᠠᠰᠤᠨᠵᠢᠷᠭᠠᠯ ᠭᠡᠷᠭᠡᠢ ᠭᠡᠷᠡᠯᠮ᠎ᠡ᠎ᠲᠠᠢ᠎ᠪᠠᠨ ᠬᠤᠶᠠᠭᠤᠯᠠ ᠢᠬᠡᠷᠡᠯᠡᠭᠰᠡᠨ ᠬᠤᠨᠢᠨ᠎ᠳᠠᠭᠠᠨ ᠡᠳᠦᠷ᠎ᠲᠤ ᠢᠯᠡᠭᠦᠦ ᠨᠢᠭᠡ ᠤᠳᠠᠭ᠎ᠠ ᠪᠤᠷᠳᠤᠭ᠎ᠠ ᠦᠭᠭᠦ᠂ ᠬᠦᠷᠪᠡᠵᠢᠭᠰᠡᠨ ᠬᠤᠷᠠᠭᠠᠨ᠎ᠳᠠᠭᠠᠨ ᠡᠪᠡᠰᠦ ᠪᠤᠷᠳᠤᠭ᠎ᠠ ᠨᠡᠮᠡᠵᠦ ᠦᠭᠭᠦ ᠵᠡᠷᠭᠡ ᠠᠵᠢᠯ᠎ᠳ᠋ᠤ ᠡᠳᠦᠷᠵᠢᠨ ᠪᠤᠷᠪᠢ ᠪᠤᠬᠢᠰᠬᠢᠯ ᠦᠭᠡᠢ ᠶᠠᠭᠠᠷᠠᠵᠤ᠂ ᠨᠢᠮᠪᠠᠢ ᠠᠷᠠᠴᠢᠯᠠᠵᠦ ᠨᠠᠷᠢᠨ ᠳᠤᠳᠤᠮᠳᠠᠳᠠᠭ ᠪᠤᠯᠬᠤᠷ ᠬᠤᠨᠢ ᠬᠤᠷᠠᠭᠠᠨ᠎ᠤ ᠬᠢᠨᠢ ᠦᠰᠦᠯᠲᠠ ᠪᠤᠶᠢᠵᠢᠯᠲᠠ᠎ᠨᠢ ᠴᠦ ᠰᠠᠶᠢᠨ ᠪᠠᠶᠢᠵᠦ᠂ ᠭᠠᠷᠭᠠᠯᠲᠠ᠎ᠶᠢᠨ ᠦᠶ᠎ᠡ᠎ᠳ᠋ᠤ ᠦᠨ᠎ᠡ ᠳᠠᠭᠠᠭᠠᠳᠠᠭ᠋᠃ ᠨᠠᠰᠤᠨᠵᠢᠷᠭᠠᠯ ᠨᠢᠭᠡ ᠰᠠᠢᠬᠠᠨ ᠬᠤᠷᠠᠭᠠᠯᠠᠭᠠᠳ ᠬᠤᠷᠠᠭ᠎ᠠ᠎ᠪᠠᠨ ᠳᠤᠯᠢᠶᠠᠵᠦ ᠪᠠᠶᠢᠭ᠎ᠠ ᠬᠤᠨᠢ᠎ᠶᠢ ᠵᠢᠭᠠᠵᠦ᠄ ︽ ᠡᠨᠡ ᠴᠢᠨᠢ ᠨᠢᠳᠤᠨᠤᠨ᠎ᠤ ᠡᠨᠡ ᠦᠶ᠎ᠡ᠎ᠶᠢᠨ ᠬᠤᠷᠠᠭ᠎ᠠ ᠰᠢᠲᠡ᠂ ᠡᠨᠡ ᠵᠢᠯ ᠲᠦᠯᠦᠭᠡᠨ᠎ᠳ᠋ᠡᠭᠡᠨ ᠬᠤᠷᠠᠭᠠᠯᠠᠴᠢᠬᠠᠯ᠎ᠠ᠃ ᠮᠠᠨ᠎ᠤ ᠶᠡᠷᠦᠨᠢ ᠮᠠᠯ ᠰᠦᠷᠦᠭ᠎ᠤᠨ᠎ᠢᠶᠡᠨ ᠲᠠᠷᠭᠤ ᠬᠦᠴᠦ᠎ᠶᠢ ᠪᠠᠲᠤᠯᠠᠵᠦ᠂ ᠳᠤᠰᠤᠬᠰᠡᠨ ᠬᠤᠷᠠᠭ᠎ᠠ᠎ᠪᠠᠨ ᠲᠤᠷᠨᠢᠭᠤᠨ ᠪᠤᠶᠢᠵᠢᠭᠤᠯᠵᠦ᠂ ᠭᠤᠷᠪᠠᠨ ᠰᠠᠷ᠎ᠠ ᠭᠠᠷᠤᠢ ᠪᠤᠯᠵᠦ ᠭᠤᠴᠢᠭᠠᠳ ᠵᠢᠩ ᠬᠦᠷᠪᠡᠯ ᠦᠬᠢᠨ ᠬᠤᠷᠠᠭ᠎ᠠ᠎ᠪᠠᠨ ᠦᠯᠡᠳᠡᠭᠡᠭᠡᠳ ᠡᠷ᠎ᠡ ᠬᠤᠷᠠᠭ᠎ᠠ᠎ᠪᠠᠨ ᠬᠤᠳᠠᠯᠳᠤᠴᠢᠬᠠᠳᠠᠭ᠋᠂ ᠮᠠᠨ᠎ᠤ ᠬᠤᠷᠠᠭ᠎ᠠ ᠵᠠᠬ᠎ᠠ᠎ᠡᠴᠠ᠎ᠪᠠᠨ ᠯᠠ ᠮᠢᠩᠭᠠᠨ ᠲᠦᠭᠦᠷᠢᠭ ᠭᠠᠷᠳᠠᠭ ᠶᠤᠮ᠃ ᠬᠤᠷᠠᠭ᠎ᠠ᠎ᠪᠠᠨ ᠡᠷᠲᠡ ᠭᠠᠷᠭᠠᠴᠢᠬᠠᠪᠠᠯ ᠪᠡᠯᠴᠢᠭᠡᠷ ᠤᠰᠤᠨ᠎ᠳᠠᠭᠠᠨ ᠭᠠᠮᠲᠠᠢ ᠮᠦᠷᠲᠡᠭᠡᠨ ᠡᠬᠡ ᠮᠠᠯ᠎ᠤᠨ ᠲᠠᠷᠭᠤ ᠬᠦᠴᠦ ᠠᠪᠬᠤ᠎ᠳ᠋ᠤ ᠴᠤ ᠰᠠᠶᠢᠨ︾ ᠭᠡᠯ᠎ᠡ ᠃


QQ截图20210326190044.jpg


︽ ᠲᠠ ᠪᠠᠰᠠ ᠮᠠᠰᠢᠨ᠂ ᠮᠤᠲ᠋ᠤᠷ ᠵᠠᠰᠠᠬᠤ ᠠᠵᠢᠯ ᠬᠢᠳᠡᠭ ᠭᠡᠰᠡᠨ᠎ᠨᠢ ᠡᠨᠡ ᠬᠠᠪᠤᠷ᠎ᠤᠨ ᠶᠠᠭᠠᠷᠠᠤ ᠴᠠᠭ ᠵᠠᠪᠳᠤᠵᠦ ᠪᠠᠶᠢᠨ᠎ᠠ ‍ᠤᠤ︖︾ ᠭᠡᠵᠦ ᠠᠰᠠᠭᠤᠬᠤ᠎ᠳ᠋ᠤ ᠲᠡᠷᠡ᠄ ︽ ᠵᠠᠰᠠᠪᠤᠷᠢ᠎ᠶᠢᠨ ᠠᠵᠢᠯ᠎ᠢᠶᠡᠨ ᠮᠦᠨ ᠴᠢᠯᠦᠭᠡ ᠵᠠᠪ᠎ᠢᠶᠠᠷ᠎ᠢᠶᠡᠨ ᠬᠢᠵᠦ ᠯᠠ ᠪᠠᠶᠢᠨ᠎ᠠ᠃ ᠤᠶᠢᠷ᠎ᠠ ᠬᠠᠪᠢ᠎ᠶᠢᠨ ᠬᠤᠲᠠ ᠤᠰᠤᠨ᠎ᠤ᠎ᠬᠢᠨ ᠵᠠᠷᠢᠮ᠎ᠨᠢ ᠮᠠᠰᠢᠨ᠎ᠢᠶᠡᠨ ᠠᠪᠤᠭᠠᠳ ᠢᠷᠡᠨ᠎ᠡ᠂ ᠵᠠᠷᠢᠮ᠎ᠳᠠᠭᠠᠨ ᠪᠢ ᠤᠴᠢᠨ᠎ᠠ᠂ ᠵᠠᠷᠢᠮ᠎ᠨᠢ ᠪᠠᠰᠠ ᠨᠠᠮᠠᠶᠢ ᠳᠤᠰᠤᠭᠠᠳ ᠶᠠᠪᠤᠨ᠎ᠠ᠃ ᠦᠷᠯᠦᠭᠡ ᠬᠤᠨᠢ ᠬᠤᠷᠠᠭ᠎ᠠ᠎ᠪᠠᠨ ᠲᠠᠯᠪᠢᠭᠠᠳ ᠡᠪᠡᠰᠦᠯᠡᠵᠦ ᠪᠤᠷᠳᠤᠬᠰᠡᠨ᠎ᠤ ᠳᠠᠷᠠᠭ᠎ᠠ ᠵᠠᠰᠠᠪᠤᠷᠢ᠎ᠶᠢᠨ ᠠᠵᠢᠯ᠎ᠢᠶᠡᠨ ᠠᠮᠵᠢᠭᠤᠯᠳᠠᠭ᠋︾ ᠭᠡᠵᠦ ᠶᠠᠷᠢᠯ᠎ᠠ᠃

ᠠᠵᠢᠯᠴᠢ ᠠᠶᠢᠯ ᠭᠡᠵᠦ ᠢᠩᠭᠢᠵᠦ ᠯᠠ ᠠᠵᠢᠯ ᠶᠠᠪᠤᠳᠠᠯ᠎ᠢᠶᠡᠨ ᠠᠯᠢ᠎ᠶᠢ᠎ᠨᠢ ᠴᠦ ᠬᠤᠶᠢᠰᠢᠯᠠᠭᠤᠯᠤᠯ ᠦᠭᠡᠢ ᠵᠠᠪᠳᠤᠭᠤᠯᠤᠭᠠᠳ ᠪᠠᠶᠢᠳᠠᠭ ᠶᠤᠮ ᠪᠠᠶᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面