ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-04-09 10:57:42

ᠵᠣᠬᠢᠶᠠᠭ᠍ᠴᠢ᠄ ​ᠪᠠᠶᠠᠰᠬᠤᠯᠠᠩ ᠯᠢᠦ ᠯᠸᠢ ᠣᠩᠱᠢᠭ᠍ᠰᠠᠨ ᠣᠳᠠᠭ᠎ᠠ᠄ 3


ᠬᠠᠪᠤᠷ᠎ᠤᠨ ᠲᠦᠯ ᠲᠤᠰᠬᠤ ᠵᠠᠩᠬᠢᠯᠠᠭ᠎ᠠ᠎ᠶᠢᠨ ᠬᠤᠭᠤᠴᠠᠭᠠᠨ᠎ᠳ᠋ᠤ ᠤᠷᠤᠯ᠎ᠠ ᠃ ᠤᠢᠷ᠎ᠠ᠎ᠶᠢᠨ ᠡᠳᠦᠷ᠎ᠤᠳ᠎ᠲᠤ ᠰᠢᠯᠢᠩᠬᠤᠳᠠ᠎ᠶᠢᠨ ᠪᠤᠯᠠᠭᠠᠨ ᠰᠤᠮᠤ᠎ᠶᠢᠨ ᠮᠠᠯᠴᠢᠳ ᠨᠢᠬᠡ ᠲᠠᠯ᠎ᠠ᠎ᠪᠠᠷ ᠲᠦᠯ ᠲᠤᠰᠬᠤ ᠠᠵᠢᠯ᠎ᠳᠠᠭᠠᠨ ᠶᠠᠭᠠᠷᠠᠵᠤ ᠂ ᠨᠦᠬᠦᠬᠡ ᠲᠠᠯ᠎ᠠ᠎ᠪᠠᠷ ᠬᠠᠪᠤᠷ᠎ᠤᠨ ᠪᠡᠯᠴᠢᠭᠡᠷ ᠰᠡᠷᠬᠦᠬᠡᠬᠦ ᠠᠵᠢᠯ᠎ᠢᠶᠡᠨ ᠪᠡᠯᠡᠳᠬᠡᠵᠤ ᠮᠤᠩᠭᠠᠨᠢᠨ᠎ᠠ ᠃


111.jpg


ᠪᠤᠯᠠᠭᠠᠨ ᠰᠤᠮᠤ᠎ᠶᠢᠨ ᠮᠠᠯᠴᠢᠨ ᠮᠦᠩᠬᠦᠨ ︵ ᠵᠡᠬᠦᠨᠳᠡᠬᠢ ︶ ᠬᠦᠦ᠎ᠲᠠᠢ᠎ᠪᠠᠨ ᠬᠤᠶᠠᠭᠤᠯᠠ ᠬᠤᠷᠠᠭ᠎ᠠ᠎ᠶᠢᠨ᠎ᠢᠶᠡᠨ ᠪᠤᠢᠵᠢᠯᠳᠠ᠎ᠶᠢ ᠰᠢᠨᠵᠢᠵᠤ ᠪᠠᠢᠭ᠎ᠠ᠎ᠨᠢ ᠃


2016 ᠤᠨ᠎ᠡᠴᠠ ᠨᠠᠭᠠᠰᠢ ᠂ ᠰᠢᠯᠢ᠎ᠶᠢᠨ ᠭᠤᠤᠯ ᠠᠢᠮᠠᠬ ︽ ᠪᠤᠭ ᠮᠠᠯ᠎ᠢ ᠴᠦᠭᠡᠴᠢᠯᠡᠵᠦ ᠦᠭᠡᠷ᠎ᠢ ᠨᠡᠮᠡᠭᠳᠡᠬᠦᠯᠬᠦ ︾ ᠲᠦᠷᠦ᠎ᠶᠢᠨ ᠪᠤᠳᠤᠯᠭ᠎ᠠ᠎ᠶᠢ ᠭᠡᠷᠡᠭᠵᠢᠬᠦᠯᠬᠦ᠎ᠪᠠᠷ ᠳᠠᠮᠵᠢᠨ ᠴᠦᠭᠡᠨ ᠮᠠᠯᠵᠢᠨ ᠨᠠᠷᠢᠯᠢᠭ ᠮᠠᠯᠵᠢᠵᠤ ᠲᠠᠩᠰᠠ ᠪᠤᠳᠤᠨ ᠮᠠᠯ ᠮᠠᠯᠵᠢᠬᠤ ᠵᠠᠮ᠎ᠢᠶᠠᠷ ᠵᠠᠮᠨᠠᠵᠦ ᠂ ᠪᠦᠬᠦ ᠤᠯᠤᠰ᠎ᠤᠨ ᠮᠢᠬᠠᠨ᠎ᠤ ᠬᠤᠨᠢ᠎ᠶᠢᠨ ᠲᠠᠪᠠᠭᠤᠯᠢᠭ ᠤᠷᠤᠨ ᠪᠤᠯᠤᠨ ᠦᠪᠡᠷᠮᠢᠴᠡ ᠤᠨᠴᠠᠯᠢᠭ᠎ᠲᠠᠢ ᠮᠢᠬᠠᠨ᠎ᠤ ᠦᠭᠡᠷ᠎ᠤᠨ ᠠᠵᠤ ᠦᠢᠯᠡᠰ᠎ᠤᠨ ᠪᠦᠰᠡ᠎ᠶᠢ ᠴᠤᠬᠴᠠᠯᠠᠨ ᠂ ᠮᠠᠯ ᠪᠡᠯᠴᠢᠭᠡᠷ᠎ᠤᠨ ᠲᠡᠩᠴᠡᠬᠦᠷᠢ᠎ᠶᠢ ᠪᠠᠳᠤᠯᠠᠬᠰᠠᠨ᠎ᠢᠶᠠᠷ ᠪᠠᠷᠠᠬᠤ ᠦᠭᠡᠢ ᠪᠠᠰᠠ ᠮᠠᠯᠴᠢᠨ ᠲᠦᠮᠡᠨ᠎ᠤ ᠤᠷᠤᠯᠭ᠎ᠠ᠎ᠶᠢ ᠨᠡᠮᠡᠭᠳᠡᠬᠦᠯᠵᠤ ᠂ ᠲᠠᠯ᠎ᠠ ᠨᠤᠳᠤᠭ᠎ᠤᠨ ᠤᠨᠴᠠᠯᠢᠭ᠎ᠲᠠᠢ ᠤᠳᠤᠬᠢᠴᠢᠯᠠᠬᠰᠠᠨ ᠮᠠᠯ ᠠᠵᠤ ᠠᠬᠤᠢ᠎ᠶᠢᠨ ᠬᠦᠭᠵᠢᠯᠳᠠ᠎ᠶᠢᠨ ᠵᠠᠮ᠎ᠢ ᠡᠯᠬᠦᠯ᠎ᠠ ᠃ 2020 ᠤᠨ᠎ᠤ ᠰᠡᠬᠦᠯᠴᠢ ᠪᠤᠯᠬᠤ᠎ᠳ᠋ᠤ ᠲᠤᠰ ᠠᠢᠮᠠᠭ᠎ᠤᠨ ᠮᠠᠯ᠎ᠤᠨ ᠲᠤᠭ᠎ᠠ ︽ ᠠᠷᠪᠡᠨ ᠬᠤᠶᠠᠳᠤᠭᠠᠷ ᠲᠠᠪᠤᠨ ᠵᠢᠯ ︾᠎ᠤᠨ ᠰᠡᠬᠦᠯᠴᠢ᠎ᠶᠢᠨ ᠦᠶ᠎ᠠ᠎ᠶᠢᠨ᠎ᠬᠢ᠎ᠡᠴᠠ 236 ᠲᠦᠮᠡ ᠬᠠᠰᠤᠬᠳᠠᠵᠦ ᠂ ᠮᠠᠯ ᠪᠡᠯᠴᠢᠭᠡᠷ᠎ᠤᠨ ᠲᠡᠩᠴᠡᠬᠦᠷᠢ᠎ᠶᠢ ᠦᠨᠳᠦᠰᠦᠨ᠎ᠳ᠋ᠡᠭᠡᠨ ᠪᠠᠳᠤᠯᠠᠪᠠ ᠃


22.jpg


ᠪᠤᠯᠠᠭᠠᠨ ᠰᠤᠮᠤ᠎ᠶᠢᠨ ᠮᠠᠯᠴᠢᠨ ᠮᠦᠩᠬᠦᠨ ᠬᠤᠷᠠᠭ᠎ᠠ᠎ᠪᠠᠨ ᠤᠬᠵᠢᠵᠦ ᠪᠠᠢᠭ᠎ᠠ᠎ᠨᠢ ᠃


ᠨᠢᠳᠤᠨᠤᠨ ᠡᠪᠤᠯ᠎ᠡᠴᠠ ᠨᠠᠭᠠᠰᠢ ᠡᠨᠡ ᠵᠢᠯ᠎ᠤᠨ 4 ᠰᠠᠷ᠎ᠠ᠎ᠶᠢᠨ ᠡᠬᠢᠨ ᠪᠤᠯᠳᠠᠯ᠎ᠠ ᠂ ᠰᠢᠯᠢ᠎ᠶᠢᠨ ᠭᠤᠤᠯ ᠠᠢᠮᠠᠬ᠎ᠤᠨ᠎ᠬᠢᠨ ᠨᠡᠢᠳᠡ 428.57 ᠲᠦᠮᠡᠨ ᠲᠦᠯ ᠲᠤᠰᠤᠭᠰᠠᠨ ᠪᠠᠢᠨ᠎ᠠ ᠃ ᠡᠬᠦᠨ᠎ᠳ᠋ᠤ 46.08 ᠲᠦᠮᠡᠨ ᠪᠤᠳᠠ ᠮᠠᠯ᠎ᠤᠨ ᠲᠦᠯ ᠂ 382.49 ᠲᠦᠮᠡᠨ ᠪᠤᠬ ᠮᠠᠯ᠎ᠤᠨ ᠲᠦᠯ ᠲᠤᠰᠴᠦ ᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠲᠠᠢ ᠬᠠᠷᠢᠴᠠᠭᠤᠯᠪᠠᠯ ᠪᠤᠳᠠ ᠮᠠᠯ᠎ᠤᠨ ᠲᠦᠯ 6.17 ᠲᠦᠮᠡ ᠨᠡᠮᠡᠭᠳᠡᠵᠦ ᠂ ᠪᠤᠬ ᠮᠠᠯ᠎ᠤᠨ ᠲᠦᠯ ᠬᠠᠷᠢᠨ 10.54 ᠲᠦᠮᠡ ᠬᠠᠰᠤᠭᠳᠠᠭᠰᠠᠨ ᠠᠵᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面