2022-03-28 11:49:13
ᠡᠪᠦᠯ ᠬᠠᠪᠤᠷᠤᠨ ᠴᠠᠭ ᠪᠤᠯ ᠮᠠᠯᠴᠢᠳᠤᠨ ᠲᠦᠯ ᠮᠠᠯ ᠵᠢᠠᠨ ᠪᠦᠭᠡᠴᠡᠢᠯᠡᠵᠦ᠂ ᠭᠡᠷ ᠭᠠᠳᠠᠨᠠᠬᠢ ᠵᠢᠨ ᠠᠵᠢᠯ ᠳ᠋ᠤ ᠮᠤᠡᠭᠭᠠᠨᠢᠭᠰᠠᠨ ᠬᠠᠮᠤᠭᠤᠨ ᠶᠠᠭᠠᠷᠠᠯᠳᠠᠢ ᠤᠯᠠᠷᠢᠯ ᠪᠢᠯᠡ᠃ ᠨᠠᠮᠤᠷᠤᠨ ᠰᠡᠭᠦᠯᠴᠢ ᠡᠴᠡ ᠠᠪᠤᠭᠠᠳ ᠡᠪᠡᠰᠤ ᠪᠤᠷᠳᠤᠭ᠎ᠠ ᠪᠡᠨ ᠨᠦᠭᠡᠴᠡᠯᠡᠵᠦ ᠲᠡᠭᠰᠢᠯᠡᠨ᠂ ᠬᠠᠰᠢᠶ᠎ᠠ ᠰᠠᠷᠠᠪᠴᠢ ᠪᠡᠨ ᠪᠡᠬᠢᠯᠡᠬᠦ ᠵᠡᠷᠭᠡ ᠤᠯᠠᠨ ᠠᠵᠢᠯᠢ ᠲᠦᠪᠬᠢᠨᠡᠭᠦᠯᠬᠦ ᠨᠢ ᠴᠦᠮ ᠮᠠᠯ ᠰᠦᠷᠦᠭ ᠵᠢᠠᠨ ᠬᠠᠬᠢᠷ ᠬᠦᠢᠳᠡᠨ ᠳ᠋ᠤ ᠮᠡᠨᠳᠤ ᠤᠨᠳᠤᠷᠤᠭᠤᠯᠵᠤ᠂ ᠲᠦᠯ ᠮᠠᠯ ᠵᠢᠠᠨ ᠲᠤᠰᠤᠨ ᠪᠤᠢᠵᠢᠭᠤᠯᠬᠤ ᠵᠢᠯᠤᠨ ᠠᠵᠢᠯᠤᠨ ᠰᠠᠭᠤᠷᠢ ᠪᠡᠯᠡᠳᠭᠡᠯ ᠪᠤᠯᠳᠠᠭ ᠰᠠᠨ᠃
3 ᠰᠠᠷ᠎ᠠ ᠵᠢᠨ ᠬᠤᠷᠢᠳ ᠵᠢᠠᠷ ᠰᠤᠷᠪᠤᠯᠵᠢᠯᠠᠬᠴᠢ ᠵᠡᠭᠦᠨ ᠦᠵᠦᠮᠦᠴᠢᠨ ᠬᠤᠰᠢᠭᠤᠨ ᠤ ᠬᠦᠷᠢᠶᠡᠳᠤᠨᠠᠭᠤᠷ ᠰᠤᠮᠤᠨᠤ ᠬᠦᠲᠦᠯᠠᠤᠪᠤᠭᠠ ᠭᠠᠴᠠᠭᠠᠨᠤ ᠮᠠᠯᠴᠢᠨ ᠪᠠᠽᠠᠷᠭᠠᠷᠤᠳᠢᠵᠢᠨ ᠳ᠋ᠤ ᠬᠦᠷᠪᠡᠯ᠂ ᠭᠤᠷᠪᠠ ᠶᠢᠰᠤ ᠡᠴᠡ ᠨᠠᠭᠠᠰᠢ ᠡᠪᠦᠯᠤᠨ ᠲᠦᠯ ᠲᠤᠰᠴᠤ ᠪᠤᠢᠵᠢᠭᠤᠯᠤᠭᠰᠠᠨ ᠡᠳᠡᠨᠡᠢᠬᠢᠨ 300 ᠭᠠᠷᠤᠢ ᠬᠤᠷᠠᠭ᠎ᠠ ᠪᠠᠠ ᠡᠰᠡᠨ ᠮᠡᠨᠳᠤ ᠪᠤᠢᠵᠢᠭᠤᠯᠤᠭᠠᠳ᠂ ᠤᠳᠤ ᠴᠦᠬᠡᠪᠲᠦᠷ ᠬᠡᠳᠤᠨ ᠲᠦᠯᠯᠡᠬᠦ ᠡᠮ᠎ᠡ ᠬᠤᠨᠢᠳ ᠵᠢᠠᠨ ᠦᠯᠡᠳᠡᠭᠡᠵᠦ ᠠᠪᠤᠭᠰᠠᠨᠢ ᠭᠠᠷᠭᠠᠪᠠᠯ ᠪᠤᠰᠤᠳ ᠬᠤᠷᠠᠭ᠎ᠠ ᠲᠠᠢ ᠬᠤᠨᠢᠳ ᠵᠢᠠᠨ ᠭᠡᠷ ᠤᠢᠷᠠᠯᠴᠠᠭᠠᠬᠢ ᠪᠡᠯᠴᠢᠭᠡᠷ ᠲᠡᠭᠡᠨ ᠭᠠᠷᠭᠠᠵᠤ᠂ ᠴᠠᠰᠤ ᠬᠠᠭᠳᠠᠷᠠᠭᠰᠠᠨ ᠰᠢᠨ᠎ᠡ ᠬᠠᠪᠤᠷᠢ ᠲᠤᠷᠨᠢᠭᠤᠨ ᠲᠦᠯᠤᠨ ᠬᠠᠡᠭᠭᠢᠨᠠᠭᠰᠠᠨ ᠮᠠᠢᠯᠠᠭᠠᠨ ᠲᠠᠢ ᠤᠭᠳᠤᠨ ᠪᠠᠢᠯ᠎ᠠ᠃
ᠪᠢᠳᠡ ᠪᠡᠯᠴᠢᠭᠡᠷ ᠲᠡᠬᠢ ᠬᠤᠨᠢᠳ ᠵᠢᠠᠨ ᠭᠡᠷᠤᠨ ᠵᠦᠭ ᠡᠷᠭᠢᠭᠦᠯᠵᠦ ᠲᠠᠯᠪᠢᠭᠠᠳ ᠪᠤᠴᠠᠵᠤ ᠢᠷᠡᠭᠰᠡᠨ ᠬᠠᠰᠢᠷ ᠮᠠᠯᠴᠢᠨ ᠪᠠᠽᠠᠷᠭᠠᠷᠤᠳᠢ ᠯᠤᠭ᠎ᠠ ᠮᠡᠨᠳᠤ ᠤᠰᠤ ᠮᠡᠳᠡᠯᠴᠡᠨ ᠬᠡᠳᠤᠨ ᠦᠭᠡ ᠰᠤᠯᠢᠯᠴᠠᠵᠤ᠂《ᠡᠷᠳᠡ ᠵᠢᠨ ᠲᠦᠯ ᠠᠪᠬᠤᠴᠦ ᠨᠦᠰᠡᠷ ᠬᠦᠳᠡᠯᠮᠦᠷᠢ ᠱᠠᠭᠠᠷᠳᠠᠭᠳᠠᠨ᠎ᠠ ᠳ᠋ᠠ》ᠭᠡᠬᠦ ᠳ᠋ᠤ ᠲᠡᠷᠡ᠄《ᠡᠪᠡᠰᠤ ᠪᠤᠷᠳᠤᠭ᠎ᠠ ᠪᠡᠨ ᠠᠬᠢᠭᠤᠬᠠᠨ ᠨᠦᠭᠡᠴᠡᠯᠡᠵᠦ᠂ ᠬᠠᠰᠢᠶ᠎ᠠ ᠰᠠᠷᠠᠪᠴᠢ ᠪᠡᠨ ᠰᠠᠢᠬᠠᠨ ᠲᠤᠯᠠᠭᠠᠯᠠᠴᠢᠬᠠᠪᠠᠯ ᠪᠠᠰᠠ ᠭᠠᠢᠭᠤᠢ᠂ ᠬᠠᠷᠢᠨ ᠲᠦᠯ ᠮᠠᠯᠤᠨ ᠪᠤᠢᠵᠢᠯᠳᠠ ᠵᠢ ᠪᠠᠲᠤᠯᠠᠵᠤ ᠨᠠᠮᠤᠷ ᠡᠷᠳᠡ ᠵᠠᠷᠤᠴᠠᠭᠤᠯᠬᠤ ᠪᠡᠨ ᠪᠤᠳᠤᠪᠠᠯ ᠦᠨ᠎ᠡ ᠬᠠᠩᠰᠢ ᠨᠢ ᠰᠠᠢᠨ ᠪᠦᠭᠡᠳ ᠪᠡᠯᠴᠢᠭᠡᠷ ᠡᠪᠡᠰᠤᠨ ᠳ᠋ᠡᠭᠡᠨᠴᠤ ᠭᠠᠮᠳᠠᠢ》ᠭᠡᠳ ᠶᠡᠬᠡ ᠰᠦᠷᠦᠭ ᠵᠢᠠᠨ ᠲᠠᠭᠠᠨ ᠪᠡᠯᠴᠢᠬᠦ ᠨᠢᠯᠬ᠎ᠠ ᠬᠤᠷᠠᠭ᠎ᠠ ᠨᠤᠭᠤᠳ ᠢ᠋ ᠵᠢᠭᠠᠨ ᠪᠠᠶᠠᠰᠤᠯᠳᠠᠢ ᠶᠠᠷᠢᠨ᠎ᠠ᠃
ᠦᠡᠭᠭᠡᠷᠡᠭᠰᠡᠨ ᠳ᠋ᠤ ᠡᠳᠡᠨᠤ ᠬᠢᠨ ᠰᠦᠷᠦᠭᠤᠨ ᠲᠤᠭ᠎ᠠ ᠲᠤᠯᠤᠭᠠᠢ ᠪᠡᠨ ᠨᠡᠮᠡᠭᠳᠡᠭᠦᠯᠵᠦ ᠬᠡᠪᠴᠢᠶᠡᠵᠢᠯ ᠵᠢᠠᠷ ᠤᠷᠤᠯᠭ᠎ᠠ ᠪᠡᠨ ᠲᠡᠭᠡᠭᠰᠢᠯᠡᠭᠦᠯᠬᠦ ᠵᠢ ᠬᠥᠭᠡᠭᠡᠴᠡᠯᠳᠤᠵᠤ ᠪᠠᠢᠭᠰᠠᠨ ᠪᠤᠯ᠂ ᠤᠳᠤ ᠬᠠᠷᠢᠨ ᠵᠤᠷᠢᠭᠳᠠᠢ ᠪᠡᠷ ᠦᠭᠡᠷᠡᠴᠢᠯᠡᠯᠳᠡ ᠬᠢᠵᠥ ᠴᠢᠨᠠᠷ ᠴᠢᠨᠰᠠᠭ᠎ᠠ ᠵᠢ ᠲᠡᠷᠢᠭᠦᠨ ᠳ᠋ᠤ ᠲᠠᠯᠪᠢᠵᠤ᠂ ᠪᠤᠭ ᠮᠠᠯᠤᠨ ᠲᠤᠭ᠎ᠠ ᠪᠡᠨ 400 ᠵᠢᠨ ᠤᠢᠷᠠᠯᠴᠠᠭ᠎ᠠ ᠲᠤᠭᠳᠠᠪᠤᠷᠢᠵᠢᠭᠤᠯᠵᠤ᠂ ᠦᠵᠦᠮᠦᠴᠢᠨ ᠡᠭᠦᠯᠳᠡᠷᠤᠨ ᠬᠤᠨᠢ ᠭᠤᠤᠯᠳᠠᠢ ᠮᠠᠯᠵᠢᠵᠤ ᠪᠠᠢᠨ᠎ᠠ᠃
《ᠤᠳᠤ ᠮᠠᠨ ᠤ᠋ ᠬᠤᠪᠢᠳᠠᠭᠰᠠᠨ 7000 ᠭᠠᠷᠤᠢ ᠮᠤ᠌ ᠪᠡᠯᠴᠢᠭᠡᠷ ᠲᠡᠭᠡᠷ᠎ᠡ ᠪᠡᠨ 500 ᠭᠠᠷᠤᠢ ᠪᠤᠳᠠ ᠪᠤᠭ ᠮᠠᠯ ᠮᠠᠯᠵᠢᠵᠤ ᠪᠠᠢᠨ᠎ᠠ᠃ ᠮᠠᠯ ᠪᠡᠯᠴᠢᠭᠡᠷᠤᠨ ᠲᠡᠡᠭᠴᠡᠭᠦᠷᠢ ᠵᠢ ᠪᠠᠳᠤᠯᠠᠬᠤ ᠨᠢ ᠬᠠᠰᠢᠯᠠ ᠤᠷᠳᠤᠮᠵᠢ ᠵᠢᠨ ᠴᠢᠨᠠᠷᠳᠠᠢ ᠭᠠᠷᠬᠤ ᠵᠠᠮ ᠶᠤᠮ᠂ ᠶᠠᠪᠤᠴᠠ ᠵᠢᠨ ᠲᠤᠮᠳᠠ ᠪᠡᠨ ᠦᠭᠡᠷᠡᠴᠢᠯᠡᠯᠳᠡ ᠬᠢᠬᠦ ᠵᠢ ᠤᠷᠤᠯᠳᠤᠵᠤ ᠪᠠᠢᠬᠤ ᠤᠬᠠᠭᠠᠨ ᠲᠠᠢ》 ᠭᠡᠳ ᠮᠠᠯᠴᠢᠨ ᠪᠠᠽᠠᠷᠭᠠᠷᠤᠳᠢ ᠪᠠᠶᠠᠷᠳᠠᠢ ᠢᠨᠢᠶᠡᠮᠰᠦᠭᠯᠡᠨᠠ᠃
ᠡᠰᠠᠨᠢᠯ ᠲᠦᠯᠵᠢᠯᠤᠨ ᠡᠡᠭᠭᠡ ᠬᠠᠪᠤᠷ ᠠᠷᠤ ᠭᠠᠵᠠᠷᠲᠦ ᠰᠠᠭᠠᠳᠠᠯ᠎ᠠ᠃ ᠬᠠᠢᠯᠤᠨ ᠤᠰᠤᠨ ᠡᠬᠡ ᠭᠠᠵᠠᠷ ᠲᠠᠭᠠᠨ ᠰᠢᠮᠡᠳᠬᠦ ᠳ᠋ᠤ ᠨᠢᠯᠬ᠎ᠠ ᠨᠤᠭᠤᠭᠠᠨᠤ ᠰᠤᠭᠤᠷᠠᠨ ᠨᠢᠳᠤᠯᠡᠬᠦ ᠬᠦᠴᠤ ᠲᠡᠵᠢᠭᠡᠯᠢ ᠲᠡᠳᠬᠦᠨ ᠪᠠᠢᠬᠤ ᠳ᠋ᠤ ᠦᠷᠡᠵᠢᠯᠳᠤ ᠰᠦᠷᠦᠭᠤᠨ ᠲᠦᠯᠤᠨ ᠲᠠᠭᠤᠨ ᠬᠠᠡᠭᠬᠢᠨᠠᠨ ᠴᠤᠤᠷᠢᠶᠠᠳᠤᠵᠤ᠂ ᠬᠦᠳᠡᠯᠮᠦᠷᠢᠴᠢ ᠬᠦᠮᠦᠨ ᠠᠷᠠᠳᠤᠨ ᠰᠡᠳᠬᠢᠯᠢ ᠪᠠᠶᠠᠰᠬᠠᠨ᠎ᠠ᠃
ᠰᠤᠷᠪᠤᠯᠵᠢᠯᠠᠭᠴᠢ ᠵᠡᠭᠦᠨ ᠦᠵᠦᠮᠦᠴᠢᠨ ᠬᠤᠰᠢᠭᠤᠨᠤ ᠲᠡᠷᠢᠶᠠᠯᠡᠡᠭ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠲᠸᠭᠨᠢᠭ ᠮᠡᠷᠭᠡᠵᠢᠯᠤᠨ ᠲᠤᠪᠴᠢᠶᠠᠨ ᠡᠴᠡ ᠤᠢᠯᠠᠭᠠᠭᠰᠠᠨ ᠵᠢᠠᠷ᠂ 3 ᠰᠠᠷ᠎ᠠ ᠵᠢᠨ 20ᠤ᠋ ᠡᠳᠦᠷᠤᠨ ᠪᠦᠷᠢᠳᠭᠡᠯ ᠡᠴᠡ ᠦᠵᠡᠪᠡᠯ᠂ ᠲᠤᠰ ᠬᠤᠰᠢᠭᠤᠨᠤ 9 ᠰᠤᠮᠤ ᠪᠠᠯᠭᠠᠰᠤᠨᠤ ᠬᠠᠪᠤᠷᠤᠨ ᠲᠦᠯ ᠲᠤᠰᠬᠤ ᠠᠵᠢᠯ ᠦᠨᠳᠦᠰᠤᠨ ᠳ᠋ᠡᠭᠡᠨ ᠰᠡᠭᠦᠯ ᠰᠢᠪᠳᠤᠷᠠᠵᠤ᠂ ᠪᠤᠳᠠ ᠪᠤᠭ ᠮᠠᠯᠤᠨ ᠲᠦᠯᠢ ᠨᠡᠢᠳᠡ 8.7 ᠲᠦᠮᠡ ᠭᠠᠷᠤᠢ ᠲᠤᠰᠤᠨ ᠪᠤᠢᠵᠢᠭᠤᠯᠵᠤ᠂ ᠡᠨᠡ ᠨᠢ ᠨᠢᠳᠤᠨᠤᠨᠤ ᠠᠳᠠᠯᠢ ᠬᠤᠭᠤᠴᠠᠭᠠᠨᠤ ᠬᠢ ᠡᠴᠡ ᠪᠠᠷᠤᠭ ᠲᠦᠮᠡ ᠭᠠᠷᠤᠢ ᠨᠡᠮᠡᠭᠳᠡᠵᠦ᠂ ᠤᠨᠳᠤᠷᠤᠯᠳᠠ ᠵᠢᠨ ᠨᠤᠷᠮ᠎ᠠ 99.94%ᠳᠤ ᠬᠦᠷᠴᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃