ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-02-25 11:34:53

ᠵᠣᠬᠢᠶᠠᠭ᠍ᠴᠢ᠄ ᠪᠢᠯᠢᠭᠪᠡᠭᠠᠳᠤᠷ ᠣᠩᠱᠢᠭ᠍ᠰᠠᠨ ᠣᠳᠠᠭ᠎ᠠ᠄ 3

ᠰᠢᠯᠢ᠎ᠶᠢᠨ ᠭᠤᠤᠯ ᠠᠢᠮᠠᠭ᠎ᠤᠨ ᠮᠠᠯᠴᠢᠳ ᠬᠠᠰᠢᠶ᠎ᠠ ᠰᠠᠷᠠᠪᠴᠢ᠎ᠪᠠᠨ ᠵᠠᠰᠠᠨ ᠰᠡᠯᠪᠢᠬᠦ ᠂ ᠡᠪᠡᠰᠤ ᠪᠤᠷᠳᠤᠭ᠎ᠠ ᠨᠦᠭᠡᠴᠡᠯᠡᠬᠦ ᠵᠡᠷᠬᠡ ᠪᠡᠯᠡᠳᠬᠡᠯ ᠠᠵᠢᠯ᠎ᠢᠶᠡᠨ ᠭᠦᠢᠴᠡᠳ ᠬᠢᠭᠰᠡᠨ᠎ᠡᠴᠠ ᠤᠳᠤᠬᠠᠨ ᠪᠤᠯᠳᠠᠯ᠎ᠠ ᠪᠦᠬᠦ ᠠᠢᠮᠠᠭ᠎ᠢᠶᠠᠷ᠎ᠢᠶᠡᠨ ᠨᠡᠢᠳᠡ 65 ᠲᠦᠮᠡ ᠭᠠᠷᠤᠢ ᠲᠦᠯ ᠲᠤᠰᠤᠨ 99.7%᠎ᠪᠠᠷ ᠮᠡᠨᠳᠤ ᠪᠤᠢᠵᠢᠭᠤᠯᠵᠤ ᠂ ᠮᠠᠯ ᠰᠦᠷᠦᠭ ᠦᠨᠢᠷ ᠦᠰᠬᠦ ᠦᠡᠭᠰᠢᠭᠦᠨ ᠵᠢᠯ᠎ᠤᠨ ᠪᠡᠯᠭᠡ ᠲᠤᠳᠤᠷᠠᠵᠠᠢ ᠃

ᠴᠠᠭᠠᠨ ᠰᠠᠷ᠎ᠠ᠎ᠶᠢᠨ ᠬᠤᠭᠤᠴᠠᠭᠠᠨ᠎ᠳ᠋ᠤ ᠰᠦᠨᠢᠳ ᠪᠠᠷᠠᠭᠤᠨ ᠬᠤᠰᠢᠭᠤᠨ᠎ᠤ ᠰᠠᠢᠬᠠᠨᠳᠠᠯ᠎ᠠ ᠪᠠᠯᠭᠠᠰᠤ᠎ᠶᠢᠨ ᠲᠦᠬᠦᠮ ᠭᠠᠴᠠᠭᠠᠨ᠎ᠤ ᠮᠠᠯᠴᠢᠨ ᠵᠢᠶᠠ ᠭᠦᠢ ᠬᠤᠸᠠ᠎ᠶᠢᠨ᠎ᠬᠢᠨ ᠲᠦᠯ ᠲᠤᠰᠬᠤ ᠶᠠᠭᠠᠷᠠᠯᠳᠠᠢ ᠡᠷᠢᠨ᠎ᠳ᠋ᠡᠭᠡᠨ ᠤᠷᠤᠪᠠ ᠂ ᠤᠳᠤᠬᠠᠨ ᠪᠤᠯᠳᠠᠯ᠎ᠠ ᠲᠡᠳᠡᠨ᠎ᠤ᠎ᠬᠢᠨ ᠨᠡᠢᠳᠡ 300 ᠭᠠᠷᠤᠢ ᠬᠤᠷᠠᠭ᠎ᠠ ᠲᠤᠰᠴᠤ ᠪᠦᠬᠦᠨ᠎ᠢ ᠮᠡᠨᠳᠤ ᠪᠤᠢᠵᠢᠭᠤᠯᠤᠭᠠᠳ ᠮᠠᠡᠭᠨᠠᠢ ᠲᠡᠨᠢᠢᠨ ᠪᠠᠶᠠᠰᠴᠦ ᠶᠠᠪᠤᠨ᠎ᠠ ᠃ ᠲᠦᠯ ᠲᠤᠰᠴᠤ ᠡᠬᠢᠯᠡᠭᠰᠡᠨ᠎ᠡᠴᠠ ᠨᠠᠭᠠᠰᠢ ᠂ ᠵᠢᠶᠠ ᠭᠦᠢ ᠬᠤᠸᠠ ᠨᠦᠬᠦᠷ᠎ᠲᠠᠢ᠎ᠪᠠᠨ ᠬᠤᠶᠠᠭᠤᠯᠠ ᠡᠳᠦᠷᠵᠢᠨ ᠬᠤᠷᠠᠭᠠᠯᠠᠬᠤ ᠬᠤᠨᠢᠳ᠎ᠢᠶᠡᠨ ᠰᠠᠢᠳᠤᠷ ᠲᠤᠳᠤᠮᠳᠠᠬᠤ᠎ᠶᠢᠨ ᠬᠠᠮᠳᠤ ᠨᠢᠯᠬ᠎ᠠ ᠬᠤᠷᠠᠭ᠎ᠠ᠎ᠪᠠᠨ ᠬᠦᠢᠳᠡᠨ ᠨᠤᠢᠳᠠᠨ᠎ᠳ᠋ᠤ ᠤᠰᠤᠭᠠᠵᠤ ᠡᠨᠳᠡᠬᠦ ᠪᠤᠯᠭᠤᠵᠠᠢ ᠬᠡᠵᠥ ᠰᠡᠳᠬᠢᠯ ᠲᠠᠯᠪᠢᠨ ᠨᠢᠮᠪᠠᠢ ᠠᠷᠠᠴᠢᠯᠠᠨ ᠲᠤᠳᠤᠮᠳᠠᠵᠤ ᠤᠨᠠᠭᠰᠠᠨ ᠮᠠᠯᠠᠭᠠᠢ᠎ᠪᠠᠨ ᠠᠪᠬᠤ ᠵᠠᠪ ᠦᠭᠡᠢ ᠶᠠᠭᠠᠷᠠᠵᠠᠢ ᠃ ︽ ᠨᠢᠳᠤᠨᠤᠨ ᠡᠪᠦᠯ᠎ᠡᠴᠠ ᠨᠠᠭᠠᠰᠢ ᠶᠡᠬᠡ ᠬᠦᠢᠳᠡᠨ ᠪᠠᠢᠭᠰᠠᠨ ᠴᠦ ᠪᠢᠳᠡ ᠬᠠᠰᠢᠶ᠎ᠠ ᠰᠠᠷᠠᠪᠴᠢ᠎ᠪᠠᠨ ᠪᠡᠬᠢᠯᠡᠨ ᠲᠤᠯᠠᠭᠠᠯᠠᠵᠤ ᠂ ᠡᠪᠡᠰᠤ ᠪᠤᠷᠳᠤᠭ᠎ᠠ᠎ᠪᠠᠨ ᠭᠦᠢᠴᠡᠳ ᠨᠦᠭᠡᠴᠡᠯᠡᠭᠰᠡᠨ᠎ᠤ ᠰᠠᠢᠨ᠎ᠢᠶᠠᠷ ᠲᠦᠯᠯᠡᠬᠦ ᠡᠬᠡ ᠮᠠᠯ᠎ᠢᠶᠡᠨ ᠲᠠᠷᠭᠤᠨ ᠲᠠᠪᠠᠳᠠᠢ ᠡᠪᠦᠯᠵᠢᠭᠦᠯᠵᠦ ᠲᠦᠯ ᠲᠤᠰᠴᠦ ᠪᠤᠢᠵᠢᠭᠤᠯᠬᠤ᠎ᠪᠠᠨ ᠪᠠᠳᠤᠯᠠᠭᠰᠠᠨ ᠶᠤᠮ ︾ ᠭᠡᠵᠦ ᠵᠢᠶᠠ ᠬᠦᠢ ᠬᠤᠸᠠ ᠪᠠᠶᠠᠷᠳᠠᠢ ᠶᠠᠷᠢᠨ᠎ᠠ ᠃

ᠰᠢᠯᠢ᠎ᠶᠢᠨ ᠭᠤᠤᠯ ᠠᠢᠮᠠᠭ ᠤᠯᠠᠨ ᠲᠠᠯ᠎ᠠ᠎ᠶᠢᠨ ᠪᠦᠳᠦᠮᠵᠢᠳᠡᠢ ᠠᠷᠭ᠎ᠠ ᠬᠡᠮᠵᠢᠶ᠎ᠡ ᠠᠪᠴᠤ ᠪᠠᠢᠭᠠᠳ ᠮᠠᠯᠴᠢᠳ᠎ᠤᠨ ᠰᠢᠨᠵᠢᠯᠡᠬᠦ ᠤᠬᠠᠭᠠᠨᠴᠢ᠎ᠪᠠᠷ ᠲᠦᠯ ᠲᠤᠰᠬᠤ ᠠᠵᠢᠯ᠎ᠢ ᠬᠦᠲᠦᠯᠦᠨ ᠵᠢᠯᠤᠭᠤᠳᠴᠤ ᠂ ᠡᠷᠳᠡ ᠬᠦᠳᠡᠯᠦᠯᠴᠡᠵᠤ ᠡᠷᠳᠡ ᠲᠦᠰᠦᠪᠯᠡᠨ ᠡᠷᠳᠡ ᠪᠠᠢᠷᠢᠯᠠᠭᠤᠯᠬᠤ ᠠᠵᠢᠯ᠎ᠤᠨ ᠰᠡᠳᠬᠢᠴᠡ᠎ᠶᠢ ᠲᠤᠭᠤᠰᠢᠳᠠᠢ ᠬᠡᠷᠡᠭᠵᠢᠭᠦᠯᠵᠤ ᠂ ᠡᠨᠡ ᠬᠠᠪᠤᠷ᠎ᠤᠨ ᠲᠦᠯ ᠲᠤᠰᠴᠤ ᠪᠤᠢᠵᠢᠭᠤᠯᠬᠤ ᠠᠵᠢᠯ᠎ᠢ ᠡᠷᠴᠢᠮᠳᠠᠢ ᠰᠠᠢᠨ ᠬᠢᠪᠡ ᠃ ᠲᠤᠰᠴᠤ ᠪᠤᠢᠵᠢᠭᠤᠯᠤᠭᠰᠠᠨ ᠲᠦᠯ ᠮᠠᠯ᠎ᠤᠨ ᠲᠤᠭ᠎ᠠ᠎ᠡᠴᠠ ᠦᠵᠡᠪᠡᠯ ᠂ ᠪᠤᠳᠠ ᠮᠠᠯ᠎ᠤᠨ ᠲᠦᠯ 1.56 ᠲᠦᠮᠡ ᠨᠡᠮᠡᠭᠳᠡᠨ ᠪᠤᠭ ᠮᠠᠯ᠎ᠤᠨ ᠲᠦᠯ 1.3 ᠲᠦᠮᠡ ᠪᠠᠭᠤᠷᠠᠵᠤ ᠂ ᠲᠤᠰ ᠠᠢᠮᠠᠭ᠎ᠤᠨ ︽ ᠪᠤᠭ ᠮᠠᠯ᠎ᠢ ᠴᠦᠬᠡᠳᠬᠡᠨ ᠦᠭᠡᠷ᠎ᠢ ᠨᠡᠮᠡᠭᠳᠡᠭᠦᠯᠬᠦ ︾ ᠰᠢᠢᠳᠪᠤᠷᠢᠳᠤ ᠪᠤᠳᠤᠯᠭ᠎ᠠ᠎ᠶᠢᠨ ᠦᠷ᠎ᠡ ᠪᠦᠲᠦᠮᠵᠢ ᠢᠯᠡᠳᠳᠡ ᠲᠤᠪᠤᠢᠵᠤ ᠂ ᠰᠦᠷᠦᠭ᠎ᠤᠨ ᠪᠦᠲᠦᠴᠡ ᠤᠯᠠᠮ ᠨᠢᠭᠡ ᠠᠯᠬᠤᠮ ᠰᠢᠯᠢᠳᠡᠭᠵᠢᠭᠰᠡᠨ ᠪᠠᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面