2021-04-13 09:20:51
ᠲᠦᠴᠢᠦᠸᠠᠨ ᠰᠢᠶᠠᠨ᠎ᠤ ᠬᠠᠷᠢᠶᠠᠨ᠎ᠳ᠋ᠤ ᠰᠠᠭᠤᠷᠢᠰᠢᠭ᠎ᠠ ᠬᠢᠩᠭᠠᠨ ᠠᠳᠠᠷ ᠬᠠᠭᠠᠯᠪᠦᠷᠢᠯᠠᠯᠳᠠᠶᠢᠨ ᠲᠠᠯᠠᠪᠠᠢ᠎ᠶᠢᠨ ᠲᠦᠷᠦᠯᠵᠢ ᠲᠠᠷᠢᠶᠠᠯᠠᠩ᠎ᠤᠨ ᠲᠠᠯᠠᠪᠠᠢ᠎ᠶᠢᠨ ᠬᠣᠶᠠᠳᠤᠭᠠᠷ ᠪᠠᠷᠢᠭᠠᠳᠠ᠎ᠶᠢᠨ ᠨᠡᠭᠡᠭᠡᠨ ᠬᠥᠭᠵᠢᠭᠦᠯᠦᠯᠲᠡ᠎ᠶᠢᠨ ᠣᠷᠣᠨ᠎ᠤ ᠲᠠᠯ᠎ᠠ᠎ᠶᠢᠨ ᠲᠡᠷᠢᠶᠠᠠ᠎ᠳ᠋ᠤ ᠲᠤᠮᠤ ᠲᠷᠠᠺᠲ᠋ᠣᠷ᠎ᠤᠨ ᠬᠦᠷᠴᠢᠭᠢᠨᠡᠨ ᠥᠩᠭᠡᠷᠡᠬᠦ᠎ᠶᠢ ᠲᠡᠭᠠᠯᠳᠤᠠ ᠭᠠᠵᠠᠷ ᠲᠡᠭᠰᠢᠯᠡᠬᠦ ᠂ ᠭᠤᠤᠷᠰᠤ ᠠᠷᠢᠯᠭᠠᠬᠤ ᠂ ᠬᠦᠷᠦᠰᠦ ᠵᠦᠬᠡᠯᠡᠷᠡᠬᠦᠯᠬᠦ ᠂ ᠳᠠᠯᠠᠩ ᠪᠤᠰᠬᠠᠬᠤ ᠵᠡᠷᠬᠡ ᠠᠵᠢᠯ᠎ᠤᠳ᠎ᠢ ᠨᠢᠬᠡ ᠯᠡ ᠲᠡᠬᠡᠷ᠎ᠠ ᠬᠦᠢᠴᠠᠳᠬᠡᠵᠥ ᠲᠠᠷᠢᠶ᠎ᠠ ᠲᠠᠷᠢᠬᠤ᠎ᠳ᠋ᠤ ᠪᠡᠯᠡᠬᠡᠨ ᠪᠤᠯᠤᠭᠰᠠᠨ ᠪᠠᠢᠨ᠎ᠠ ᠃

ᠲᠠᠷᠢᠶᠠᠨ ᠭᠠᠵᠠᠷ᠎ᠢ ᠲᠡᠭᠰᠢᠯᠡᠭᠰᠡᠡ ᠶᠠᠰᠤ ᠴᠢᠨᠠᠷ᠎ᠢ ᠪᠠᠶᠢᠴᠠᠭᠠᠵᠤ ᠦᠵᠡᠬᠦ᠎ᠪᠠᠷ ᠢᠷᠡᠭᠰᠡᠨ ᠲᠤᠰ ᠪᠠᠷᠢᠭᠠᠳᠠ᠎ᠶᠢᠨ ᠯᠢ ᠴᠠᠩ ᠹᠧᠩ ᠄ ︽ ᠲᠣᠮᠣ ᠬᠡᠯᠪᠡᠷᠢ᠎ᠶᠢᠨ ᠲᠠᠷᠢᠶᠠᠯᠠᠩ᠎ᠤᠨ ᠮᠠᠰᠢᠨ᠎ᠢᠶᠠᠷ ᠲᠠᠷᠢᠶᠠᠯᠠᠬᠤ ᠦᠨᠡᠬᠡᠷ ᠰᠠᠢᠨ ᠂ ᠭᠤᠤᠷᠰᠤ᠎ᠶᠢ ᠨᠢᠬᠡ ᠯᠡ ᠲᠡᠬᠡᠷ᠎ᠠ ᠴᠡᠪᠠᠷᠯᠡᠵᠥ ᠂ ᠳᠠᠯᠠᠩ᠎ᠢ ᠴᠦ ᠦᠨᠳᠤᠷ ᠪᠤᠰᠬᠠᠵᠡᠢ ᠂ ᠳᠥᠷᠪᠡᠨ ᠬᠦᠷᠳᠦᠳᠤ ᠵᠢᠵᠢᠭ ᠲᠡᠷᠡᠺᠲ᠋ᠤᠷᠢᠶᠠᠷ ᠠᠵᠢᠯᠯᠠᠬᠤ᠎ᠲᠠᠢ ᠬᠠᠷᠢᠴᠠᠭᠤᠯᠬᠤ᠎ᠶᠢᠨ ᠠᠷᠭ᠎ᠠ ᠦᠬᠡᠢ ︾ ᠬᠡᠵᠥ ᠪᠠᠢᠯ᠎ᠠ ᠃
ᠡᠨᠡ ᠪᠤᠯ ᠲᠤᠰ ᠪᠠᠷᠢᠭᠠᠳᠠ᠎ᠶᠢᠨ ᠨᠠᠮ᠎ᠤᠨ ᠡᠭᠦᠷ ︽ ᠬᠠᠮᠤᠭ᠎ᠤᠨ ᠬᠦᠴᠦᠷᠬᠡᠭ ᠨᠠᠮ᠎ᠤᠨ ᠡᠭᠦᠷ ︾᠎ᠢ ᠪᠠᠶᠢᠭᠤᠯᠵᠤ ᠂ ᠣᠯᠠᠨ ᠲᠦᠮᠡᠨ᠎ᠳ᠋ᠤ ᠪᠣᠳᠠᠲᠤ ᠶᠠᠪᠤᠳᠠᠯ ᠬᠢᠵᠦ ᠥᠭᠴᠦ ᠪᠠᠶᠢᠭ᠎ᠠ᠎ᠨᠢ ᠡᠨᠡ ᠠᠵᠢ ᠃ ᠲᠠᠳᠠ ᠠᠵᠢᠯᠲᠠᠨ ᠠᠵᠢᠯᠴᠢᠨ᠎ᠤ ᠶᠡᠬᠡ ᠬᠤᠷᠠᠯ᠎ᠢᠶᠠᠷ ᠶᠠᠷᠢᠯᠴᠠᠵᠥ ᠪᠠᠲᠤᠯᠠᠭᠰᠠᠨ᠎ᠤ ᠳᠠᠷᠠᠭ᠎ᠠ ᠂ ᠲᠣᠮᠣ ᠬᠡᠯᠪᠡᠷᠢ᠎ᠶᠢᠨ ᠲᠠᠷᠢᠶᠠᠯᠠᠩ᠎ᠤᠨ ᠮᠠᠰᠢᠨ᠎ᠤ ᠡᠵᠡᠨ᠎ᠲᠠᠢ ᠬᠠᠷᠢᠯᠴᠠᠵᠤ ᠂ ᠠᠵᠢᠯᠲᠠᠨ ᠠᠵᠢᠯᠴᠢᠨ᠎ᠳ᠋ᠤ ᠲᠠᠷᠢᠶᠠᠨ ᠭᠠᠵᠠᠷ᠎ᠢ ᠲᠡᠭᠰᠢᠯᠡᠵᠦ ᠥᠭᠬᠦ᠎ᠶᠢᠨ ᠬᠠᠮᠲᠤ ᠠᠵᠢᠯᠲᠠᠨ ᠠᠵᠢᠯᠴᠢᠨ᠎ᠲᠠᠢ ᠬᠡᠷ᠎ᠠ ᠲᠣᠭᠲᠠᠵᠤ ᠂ ᠵᠢᠯ᠎ᠤᠨ ᠡᠴᠦᠰ᠎ᠲᠤ ᠡᠷᠳᠡᠨᠢ ᠰᠢᠰᠢ᠎ᠶᠢᠨ ᠡᠰᠢ ᠰᠦᠷᠡᠯ᠎ᠢ ᠰᠦᠢᠳᠬᠡᠯ ᠠᠪᠬᠤ ᠦᠬᠡᠢ ᠬᠤᠷᠢᠶᠠᠵᠦ ᠭᠠᠵᠠᠷ ᠲᠡᠭᠰᠢᠯᠡᠬᠦ ᠵᠠᠷᠤᠳᠠᠯ᠎ᠢ ᠤᠷᠤᠯᠠᠭᠤᠯᠵᠠᠢ ᠃ ᠡᠨᠡ ᠵᠢᠯ ᠲᠤᠰ ᠪᠠᠷᠢᠭᠠᠳᠠ 3000 ᠮᠥ ᠲᠠᠷᠢᠶᠠᠨ ᠭᠠᠵᠠᠷ᠎ᠢ ᠨᠢᠭᠡᠳᠦᠯᠲᠡᠶ ᠲᠡᠭᠰᠢᠯᠡᠨ᠎ᠡ ᠂ ᠡᠨᠡ ᠬᠦ ᠠᠷᠭ᠎ᠠ᠎ᠨᠢ ᠠᠵᠢᠯᠲᠠᠨ ᠠᠵᠢᠯᠴᠢᠳ᠎ᠲᠤ 6 ᠲᠦᠮᠡᠨ ᠲᠥᠭᠥᠷᠢᠭ ᠠᠷᠪᠢᠯᠠᠵᠤ ᠥᠭᠭᠦᠨ᠎ᠡ ᠃
ᠯᠢ ᠴᠠᠩ ᠹᠧᠩ ᠄ ︽ ᠪᠢ 130 ᠭᠠᠷᠤᠶ ᠮᠥ ᠲᠠᠷᠢᠶᠠᠨ ᠭᠠᠵᠠᠷ ᠳᠡᠭᠡᠷ᠎ᠠ ᠲᠤᠮᠤ ᠮᠠᠰᠢᠨ᠎ᠢᠶᠠᠷ ᠳᠠᠷᠢᠶᠠᠯᠠᠬᠤ᠎ᠪᠠᠷ ᠬᠡᠷ᠎ᠠ ᠲᠣᠭᠲᠠᠵᠠᠶ᠂ ᠭᠠᠵᠠᠷ ᠲᠡᠭᠰᠢᠯᠡᠬᠦ ᠶᠠᠰᠤ ᠴᠢᠨᠠᠷ᠎ᠨᠢ ᠰᠠᠶᠢᠨ ᠂ ᠨᠠᠮᠤᠷ᠎ᠤᠨ ᠰᠡᠭᠦᠯᠴᠢ᠎ᠪᠠᠷ ᠡᠰᠢ ᠰᠦᠷᠡᠯ᠎ᠢ ᠰᠢᠢᠳᠪᠦᠷᠢᠯᠡᠬᠦ ᠭᠡᠵᠦ ᠰᠠᠨᠠᠭ᠎ᠠ ᠵᠣᠪᠠᠬᠤ ᠬᠡᠷᠡᠭ ᠥᠬᠡᠶ ᠪᠤᠯᠤᠬᠰᠠᠠ︾ ᠬᠡᠵᠥ ᠶᠠᠷᠢᠵᠦ ᠪᠠᠶᠢᠯ᠎ᠠ ᠃
ᠪᠠᠷᠢᠭᠠᠳᠠ᠎ᠶᠢᠨ ᠨᠠᠮ᠎ᠤᠨ ᠡᠭᠦᠷ᠎ᠤᠨ ᠱᠦᠵᠢ᠂ ᠪᠠᠷᠢᠭᠠᠳᠠ᠎ᠶᠢᠨ ᠳᠠᠷᠤᠭ᠎ᠠ ᠱᠢ ᠶᠦᠩ ᠰᠢᠤᠸᠠᠢ᠄ ︽ ᠡᠨᠡ ᠤᠳᠠᠭᠠᠨ᠎ᠤ ᠬᠠᠮᠲᠤᠷᠠᠨ ᠭᠠᠵᠠᠷ ᠲᠡᠭᠰᠢᠯᠡᠬᠦ᠎ᠪᠠᠷ ᠳᠠᠮᠵᠢᠨ ᠂ ᠠᠵᠢᠯᠲᠠᠨ ᠠᠵᠢᠯᠴᠢᠨ᠎ᠳ᠋ᠤ ᠲᠣᠮᠣ ᠬᠡᠯᠪᠡᠷᠢ᠎ᠶᠢᠨ ᠲᠡᠷᠢᠶᠠᠯᠠᠩ᠎ᠤᠨ ᠮᠠᠰᠢᠠᠤ ᠬᠠᠮᠲᠤᠷᠠᠨ ᠠᠵᠢᠯᠯᠠᠬᠤ ᠳᠠᠪᠠᠭᠤᠯᠢᠭ᠎ᠢ ᠲᠠᠨᠢᠭᠤᠯᠵᠤ᠂ ᠦᠵᠡᠯ ᠰᠠᠨᠠᠭ᠎ᠠ᠎ᠪᠠᠨ ᠤᠯᠠᠮ ᠨᠢᠭᠡ ᠠᠯᠬᠤᠮ ᠴᠢᠯᠥᠭᠡᠯᠡᠵᠦ᠂ ᠭᠠᠵᠠᠷ ᠰᠢᠷᠣᠶ᠎ᠶᠢ ᠲᠠᠷᠢᠶ᠎ᠠ ᠳᠠᠷᠢᠬᠤ ᠲᠣᠮᠣ ᠡᠷᠦᠬᠡ᠎ᠳ᠋ᠤ ᠰᠢᠯᠵᠢᠭᠦᠯᠵᠦ ᠂ ᠬᠡᠪᠴᠢᠶᠡᠵᠢᠭᠰᠡᠨ᠂ ᠦᠢᠯᠡᠴᠢᠯᠡᠬᠦ ᠬᠡᠯᠪᠡᠷᠢ᠎ᠶᠢᠨ ᠣᠲᠣ ᠦᠶ᠎ᠡ᠎ᠶᠢᠨ ᠣᠶᠤᠨᠴᠢ ᠲᠠᠷᠢᠶᠠᠯᠠᠩ᠎ᠤᠨ ᠵᠠᠮ᠎ᠢᠶᠠᠷ ᠵᠠᠮᠨᠠᠭᠤᠯᠬᠤ᠎ᠪᠠᠷ ᠴᠢᠷᠮᠠᠢᠵᠥ ᠪᠠᠢᠨ᠎ᠠ︾ ᠬᠡᠵᠥ ᠪᠠᠶᠠᠷᠳᠠᠢ ᠶᠠᠷᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠼᠠᠢ ᠬᠤᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃