ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2020-04-20 11:37:35

ᠵᠣᠬᠢᠶᠠᠭ᠍ᠴᠢ᠄ ᠬᠠᠢ ᠵᠢᠶᠦ᠋ᠨ ᠣᠩᠱᠢᠭ᠍ᠰᠠᠨ ᠣᠳᠠᠭ᠎ᠠ᠄ 3

︽ ᠵᠢᠯ᠎ᠤᠨ ᠠᠵᠢᠯ ᠬᠠᠪᠤᠷ᠎ᠲᠠᠭᠠᠨ ︾ ᠬᠡᠳᠡᠭ᠎ᠢᠶᠠᠷ ᠤᠢᠷ᠎ᠠ᠎ᠶᠢᠨ ᠬᠡᠳᠦᠨ ᠡᠳᠦᠷ ᠂ ᠴᠠᠬᠠᠷ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠪᠠᠶᠠᠨᠲᠠᠯ᠎ᠠ ᠪᠠᠯᠭᠠᠰᠤᠨ᠎ᠤ ᠯᠢ ᠶᠢᠩ ᠲᠣᠰᠬᠣᠨ᠎ᠤ᠎ᠬᠢᠨ ᠤᠨᠴᠠ ᠭᠠᠷᠤᠯᠳᠠ ᠪᠤᠯᠬᠤ ᠲᠥᠮᠥᠰᠥ᠎ᠪᠠᠨ ᠲᠠᠷᠢᠵᠤ ᠡᠬᠢᠯᠡᠪᠠ ᠃ ᠰᠤᠷᠪᠤᠯᠵᠢᠯᠠᠭᠴᠢ ᠯᠢ ᠶᠢᠩ ᠲᠣᠰᠬᠣᠨ ᠤᠢᠷᠠᠳᠬᠤ᠎ᠲᠠᠢ ᠵᠡᠷᠬᠡ ᠲᠣᠮᠣ ᠬᠡᠯᠪᠡᠷᠢ᠎ᠶᠢᠨ ᠲᠠᠷᠢᠬᠤ ᠮᠠᠰᠢᠨ ᠲᠠᠷᠢᠶᠠᠨ ᠭᠠᠵᠠᠷ᠎ᠲᠤ ᠵᠤᠭᠰᠤᠯ ᠦᠭᠡᠢ ᠶᠠᠭᠠᠷᠠᠵᠦ ᠪᠠᠶᠢᠬᠤ᠎ᠶᠢ ᠤᠯᠵᠦ ᠬᠠᠷᠠᠪᠠ ᠃ ᠬᠡᠳᠤᠨ ᠬᠦᠮᠦᠨ ᠠᠵᠢᠯ᠎ᠢᠶᠡᠨ ᠲᠤᠳᠤᠷᠬᠠᠢ ᠬᠤᠪᠢᠶᠠᠯᠴᠠᠨ ᠂ ᠪᠣᠷᠳᠣᠭᠤᠷ ᠣᠷᠣᠭᠤᠯᠬᠤ ᠂ ᠳᠠᠯᠠᠩ ᠭᠠᠷᠭᠠᠬᠤ ᠂ ᠲᠠᠷᠢᠬᠤ ᠂ ᠬᠣᠭᠣᠯᠠᠶ ᠳᠡᠪᠢᠰᠬᠦ ᠂ ᠪᠦᠷᠬᠦᠭᠦᠯ ᠪᠦᠷᠬᠦᠬᠦ ᠵᠡᠷᠭᠡ ᠣᠯᠠᠨ ᠭᠣᠭᠴᠣᠭ᠎ᠠ᠎ᠶᠢ ᠡᠬᠢ ᠲᠠᠷᠠᠭ᠎ᠠ᠎ᠲᠠᠢ ᠬᠦᠢᠴᠡᠳᠭᠡᠵᠤ ᠶᠠᠭᠠᠷᠠᠯᠳᠤᠨ᠎ᠠ ᠃
ᠯᠢ ᠶᠢᠩ ᠲᠣᠰᠬᠣᠨ᠎ᠤ ᠨᠠᠮ᠎ᠤᠨ ᠡᠭᠦᠷ᠎ᠤᠨ ᠱᠦᠵᠢ ᠲᠢᠶᠠᠨ ᠸᠠᠨ ᠯᠢᠶᠠᠩ ᠂ ᠡᠨᠡ ᠬᠠᠪᠤᠷ ᠪᠢᠳᠡ ᠠᠵᠤ ᠠᠬᠤᠶ᠎ᠶᠢᠨ ᠦᠷ᠎ᠡ ᠠᠰᠢᠭ ᠰᠠᠢᠳᠠᠢ ᠬᠤᠸᠠ ᠰᠦᠡᠭ 7 ᠳ᠋ᠤᠭᠠᠷ ᠨᠣᠮᠧᠷᠲᠤ ᠡᠭᠦᠯᠳᠡᠷ᠎ᠤᠨ ᠲᠥᠮᠥᠰᠥ᠎ᠶᠢ ᠲᠠᠷᠢᠭᠰᠠᠨ ᠂ ᠬᠡᠬᠦ᠎ᠳ᠋ᠡᠭᠡᠨ ︽ ᠨᠠᠮ᠎ᠤᠨ ᠡᠭᠦᠷ + ᠬᠣᠷᠰᠢᠶ᠎ᠠ + ᠲᠠᠷᠢᠶᠠᠴᠢᠨ ᠡᠷᠦᠬᠡ ︾᠎ᠶᠢᠨ ᠵᠠᠭᠪᠤᠷ᠎ᠢ ᠬᠡᠷᠡᠭᠵᠢᠬᠦᠯᠵᠦ ᠂ ᠨᠠᠮ᠎ᠤᠨ ᠡᠭᠦᠷ ᠲᠦᠷᠦᠭᠦᠯᠡᠨ ᠲᠠᠷᠢᠮᠠᠯ᠎ᠤᠨ ᠲᠥᠰᠦᠯ᠎ᠢ ᠰᠤᠳᠤᠯᠤᠨ ᠲᠣᠭᠳᠠᠭᠠᠵᠤ ᠂ ᠬᠤᠷᠰᠢᠶ᠎ᠠ ᠦᠷ᠎ᠡ ᠬᠠᠩᠭᠠᠬᠤ᠎ᠶᠢᠨ ᠬᠠᠮᠲᠤ ᠠᠵᠤ ᠠᠬᠤᠶᠢᠯᠠᠯ᠎ᠲᠠᠢ ᠵᠠᠬᠢᠶᠠᠯᠠᠭ᠎ᠠ ᠲᠣᠭᠲᠠᠵᠦ ᠂ ᠲᠠᠷᠢᠶᠠᠴᠢᠨ ᠡᠷᠦᠬᠡ ᠲᠠᠷᠢᠬᠤ᠎ᠶᠢ ᠬᠠᠷᠢᠭᠤᠴᠠᠨ᠎ᠠ ᠬᠡᠵᠤ ᠲᠠᠨᠢᠯᠴᠠᠭᠤᠯᠤᠨ᠎ᠠ ᠃
ᠯᠢ ᠶᠢᠩ ᠲᠣᠰᠬᠣᠨ ᠤᠯᠠᠭᠠᠨᠴᠠᠪ ᠬᠣᠲᠠ᠎ᠶᠢᠨ ᠲᠦᠮᠦᠰᠦ ᠲᠠᠷᠢᠬᠤ ᠠᠰᠢᠭᠳᠠᠢ ᠲᠦᠷᠦ᠎ᠶᠢᠨ ᠪᠤᠳᠤᠯᠭ᠎ᠠ᠎ᠶᠢᠨ ᠠᠵᠨ ᠵᠠᠪᠰᠢᠶᠠᠨ᠎ᠢ ᠡᠵᠡᠮᠳᠡᠨ ᠂ 470 ᠮᠥ ᠲᠥᠮᠥᠰᠥ ᠳᠠᠷᠢᠬᠤ᠎ᠪᠠᠷ ᠪᠤᠯᠪᠠ ᠃ ᠡᠩ᠎ᠤᠨ ᠪᠠᠢᠳᠠᠯ᠎ᠳ᠋ᠤ ᠲᠥᠮᠥᠰᠥ᠎ᠶᠢ 5 ᠰᠠᠷ᠎ᠠ᠎ᠳ᠋ᠤ ᠲᠠᠷᠢᠳᠠᠭ ᠃ ᠭᠡᠲᠡᠯ᠎ᠡ ᠡᠨᠡ ᠵᠢᠯ ᠯᠢ ᠶᠢᠩ ᠲᠣᠰᠬᠣᠨ 4 ᠰᠠᠷ᠎ᠠ᠎ᠶᠢᠨ 10᠎ᠤ ᠡᠳᠦᠷ᠎ᠡᠴᠠ ᠡᠬᠢᠯᠡᠨ ᠰᠦᠯᠢᠶᠤᠤ ᠪᠦᠷᠬᠦᠭᠦᠯ ᠪᠦᠷᠬᠦᠨ ᠲᠠᠷᠢᠵᠤ ᠡᠬᠢᠯᠡᠵᠠᠢ ᠃ ᠢᠩᠬᠢᠵᠦ 20 ᠰᠢᠬᠠᠮ ᠡᠳᠦᠷ ︽ ᠤᠷᠢᠳᠴᠢᠯᠠᠨ ᠲᠠᠷᠢᠵᠤ ︾ ᠪᠠᠢᠬᠤ᠎ᠨᠢ 8 ᠰᠠᠷ᠎ᠠ ᠪᠣᠯᠬᠤ᠎ᠳ᠋ᠤ ᠬᠤᠷᠢᠶᠠᠨ ᠠᠪᠴᠦ ᠦᠨᠳᠤᠷ ᠦᠨ᠎ᠡ᠎ᠪᠠᠷ ᠬᠤᠳᠠᠯᠳᠤᠬᠤ᠎ᠳᠠᠭᠠᠨ ᠰᠠᠭᠤᠷᠢ ᠲᠠᠯᠪᠢᠬᠰᠠᠨ ᠪᠠᠢᠯ᠎ᠠ ᠃ ᠲᠡᠳᠡ ᠪᠠᠰᠠ 370 ᠮᠦ ᠵᠠᠬᠢᠶᠠᠯᠠᠭ᠎ᠠ᠎ᠶᠢᠨ ᠰᠢᠬᠢᠷ ᠯᠤᠤᠪᠠᠡᠭ ᠲᠠᠷᠢᠬᠤ᠎ᠪᠠᠷ ᠪᠡᠯᠡᠳᠬᠡᠵᠦ ᠂ ᠲᠣᠰᠬᠣᠨ᠎ᠤ ᠬᠠᠮᠲᠤ᠎ᠶᠢᠨ ᠭᠠᠵᠠᠷ ᠰᠢᠷᠣᠢ᠎ᠶᠢ ᠠᠮᠢᠯᠠᠭᠤᠯᠤᠨ ᠲᠣᠰᠬᠣᠨ᠎ᠤ ᠬᠠᠮᠲᠤ᠎ᠶᠢᠨ ᠠᠵᠤ ᠠᠬᠤᠢ᠎ᠶᠢ ᠪᠤᠵᠠᠭᠠᠶᠢᠷᠠᠭᠤᠯᠵᠤ ᠂ ᠲᠣᠰᠬᠣᠨ᠎ᠤ ᠠᠷᠠᠳ᠎ᠤᠨ ᠣᠷᠣᠯᠭ᠎ᠠ᠎ᠶᠢ ᠲᠣᠭᠲᠠᠭᠤᠨ᠎ᠢᠶᠠᠷ ᠨᠡᠮᠡᠭᠳᠡᠭᠦᠯᠭᠦ᠎ᠪᠠᠷ ᠪᠠᠢᠨ᠎ᠠ ᠃
ᠯᠢ ᠶᠢᠩ ᠲᠣᠰᠬᠣᠨ᠎ᠤ ᠲᠤᠳᠤᠷ᠎ᠠ ᠴᠤ ᠬᠥᠷ ᠬᠥᠭᠵᠢᠶᠡᠨ᠎ᠢᠶᠠᠷ ᠪᠢᠯᠬᠠᠵᠤ ᠂ 20 ᠭᠠᠷᠤᠶ ᠡᠮᠡᠭᠲᠡᠶᠢᠴᠦᠳ ᠲᠦᠮᠦᠰᠤᠨ ᠴᠢᠬᠢ ᠬᠡᠷᠴᠢᠵᠤ ᠶᠠᠭᠠᠷᠠᠯᠳᠦᠨ᠎ᠠ ᠃
︽ ᠲᠣᠰᠬᠣᠨ᠎ᠡᠴᠠ ᠭᠠᠷᠬᠤ ᠦᠭᠡᠢ᠎ᠪᠠᠷ ᠨᠢᠭᠡ ᠡᠳᠦᠷ 80 ᠲᠥᠭᠥᠷᠢᠭ ᠤᠯᠴᠢᠬᠠᠨ᠎ᠠ ᠂ ᠶᠡᠬᠡ ᠰᠠᠶᠢᠨ ᠤᠴᠢᠷ ᠡ ︾ ᠭᠡᠵᠦ ᠶᠠᠳᠠᠭᠤ ᠬᠦᠴᠢᠷᠳᠡᠯᠲᠡᠶ ᠡᠷᠦᠬᠡ ᠾᠧ ᠴᠠᠩ ᠯᠢᠨ ᠠᠵᠢᠯ᠎ᠢᠶᠡᠨ ᠬᠢᠭᠦ᠎ᠶᠢᠨ ᠲᠠᠭᠠᠤ ᠢᠨᠢᠶᠡᠮᠰᠦᠭᠯᠡᠨ ᠶᠠᠷᠢᠨ᠎ᠠ ᠃ ᠲᠦᠳᠡᠯ ᠦᠭᠡᠢ ᠬᠡᠳᠦᠨ ᠠᠷᠪᠠᠨ ᠤᠭᠤᠳᠠ ᠲᠥᠮᠥᠰᠥ᠎ᠶᠢᠨ ᠦᠷ᠎ᠡ᠎ᠨᠢ ᠨᠢᠭᠡᠨ ᠵᠢᠵᠢᠭ ᠠᠭᠤᠯᠠ ᠬᠡᠮᠡᠷ ᠣᠪᠣᠭᠠᠯᠠᠭᠳᠠᠵᠤ ᠭᠠᠷᠪᠠ ᠃ ᠶᠠᠳᠠᠭᠤ ᠬᠦᠴᠢᠷᠳᠡᠯᠲᠡᠶ ᠡᠷᠦᠬᠡ ᠰᠢᠤᠢ᠎ᠶᠢᠨ ᠢ ᠲᠷᠠᠺᠲ᠋ᠣᠷ᠎ᠢᠶᠡᠨ ᠵᠢᠯᠣᠭᠣᠳᠤᠨ ᠵᠥᠭᠡᠭᠡᠪᠦᠷᠢᠯᠡᠬᠦ᠎ᠳ᠋ᠡᠭᠡᠨ ᠄ ︽ ᠮᠠᠨ᠎ᠤ ᠲᠣᠰᠬᠣᠨ ᠬᠠᠮᠲᠤ᠎ᠶᠢᠨ ᠠᠵᠤ ᠠᠬᠤᠢ᠎ᠪᠠᠨ ᠶᠡᠬᠡ ᠰᠠᠢᠨ ᠬᠢᠵᠤ ᠂ ᠪᠢᠳᠡ ᠴᠤ ᠬᠢᠬᠦ ᠠᠵᠢᠯ᠎ᠲᠠᠢ ᠪᠤᠯᠵᠤ ᠪᠠᠭ᠎ᠠ ᠦᠭᠡᠢ ᠵᠣᠭᠣᠰ ᠣᠯᠵᠤ ᠪᠤᠢ ᠂ ᠤᠯᠤᠰ᠎ᠤᠨ ᠲᠦᠷᠦ᠎ᠶᠢᠨ ᠪᠤᠳᠤᠯᠭ᠎ᠠ ᠰᠠᠢᠨ ᠂ ᠤᠯᠤᠰ᠎ᠡᠴᠠ ᠲᠡᠳᠭᠦᠵᠤ ᠪᠠᠢᠬᠤ᠎ᠳ᠋ᠤ ᠮᠠᠨ᠎ᠤ ᠶᠠᠳᠠᠭᠤ ᠬᠦᠴᠢᠷᠳᠡᠯᠲᠡᠢ ᠡᠷᠦᠬᠡ ᠨᠡᠩ ᠴᠢᠷᠮᠠᠶᠢᠨ ᠠᠵᠢᠯᠯᠠᠬᠤ ᠬᠡᠷᠡᠭᠲᠡᠢ ︾ ᠭᠡᠵᠦ ᠬᠡᠯᠡᠨ᠎ᠡ ᠃
ᠣᠶᠢᠯᠠᠭᠠᠭᠰᠠᠨ᠎ᠢᠶᠠᠷ ᠂ 2018 ᠣᠨ᠎ᠡᠴᠠ ᠨᠠᠭᠠᠰᠢ ᠂ ᠯᠢ ᠶᠢᠩ ᠲᠣᠰᠬᠣᠨ᠎ᠤ ᠬᠠᠮᠲᠤ᠎ᠶᠢᠨ ᠠᠵᠤ ᠠᠬᠤᠶ᠎ᠨᠢ ᠬᠦᠯᠡᠮᠵᠢ ᠲᠦᠷᠢᠶᠡᠰᠦᠯᠡᠬᠦᠯᠬᠦ ᠂ ᠬᠡᠷᠡᠯ ᠴᠡᠨᠡᠭ᠎ᠤᠨ ᠴᠠᠬᠢᠯᠭᠠᠨ ᠥᠷᠲᠡᠭᠡ ᠭᠠᠷᠭᠠᠬᠤ ᠂ ᠵᠠᠬᠢᠶᠠᠯᠠᠭ᠎ᠠ᠎ᠶᠢᠨ ᠡᠷᠳᠡᠨᠢ ᠰᠢᠰᠢ ᠳᠠᠷᠢᠬᠤ ᠵᠡᠷᠭᠡ ᠣᠯᠠᠨ ᠵᠦᠶᠯ᠎ᠤᠨ ᠬᠡᠯᠪᠡᠷᠢ᠎ᠪᠠᠷ ᠬᠦᠭᠵᠢᠨ ᠪᠤᠵᠠᠭᠠᠢᠷᠠᠵᠤ ᠂ ᠤᠷᠤᠯᠭ᠎ᠠ᠎ᠨᠢ ᠡᠬᠢᠨ᠎ᠤ ᠦᠶ᠎ᠠ᠎ᠶᠢᠨ 40 ᠲᠦᠮᠡᠨ ᠲᠦᠭᠦᠷᠢᠭ᠎ᠡᠴᠠ᠎ᠪᠠᠨ 100 ᠲᠦᠮᠡᠨ ᠲᠦᠭᠦᠷᠢᠭ ᠪᠤᠯᠵᠤ ᠂ ᠲᠣᠰᠬᠣᠨ᠎ᠤ ᠣᠯᠠᠨ ᠨᠡᠶᠢᠲᠡ᠎ᠶᠢᠨ ᠦᠢᠯᠡᠴᠢᠯᠡᠭᠡᠨ᠎ᠤ ᠪᠥᠲᠥᠭᠡᠨ ᠪᠠᠶᠢᠭᠤᠯᠤᠯᠲᠠ᠎ᠶᠢ ᠵᠠᠯᠭᠠᠭ᠎ᠠ᠎ᠪᠠᠷ ᠲᠡᠭᠦᠯᠳᠡᠷᠵᠢᠭᠦᠯᠬᠦ᠎ᠶᠢᠨ ᠬᠠᠮᠲᠤ ᠪᠠᠰᠠ ᠪᠥᠬᠥ ᠲᠣᠰᠬᠣᠨ᠎ᠤ 21 ᠶᠠᠳᠠᠭᠤ ᠬᠦᠴᠢᠷᠳᠡᠯᠲᠡᠶ ᠡᠷᠦᠬᠡ᠎ᠶᠢᠨ ᠬᠥᠮᠦᠨ ᠪᠦᠷᠢ᠎ᠳ᠋ᠤ 150 ᠲᠥᠭᠥᠷᠢᠭ᠎ᠤᠨ ᠬᠤᠷᠰᠢᠭᠰᠠᠨ ᠡᠮ ᠡᠮᠨᠡᠯᠭᠡ᠎ᠶᠢᠨ ᠳᠠᠭᠠᠳᠬᠠᠯ ᠲᠤᠰᠢᠶᠠᠵᠤ ᠥᠭᠴᠡᠶ ᠃ ᠣᠨᠴᠠᠭᠠᠶ ᠶᠠᠳᠠᠭᠤ ᠬᠦᠴᠢᠷᠳᠡᠯᠲᠡᠶ ᠡᠷᠦᠬᠡ᠎ᠳ᠋ᠤ ᠪᠠᠰᠠ ᠨᠥᠬᠥᠪᠥᠷᠢ ᠮᠥᠩᠭᠥ ᠣᠯᠭᠣᠵᠤ ᠂ ᠶᠠᠳᠠᠭᠤ᠎ᠶᠢ ᠲᠡᠳᠬᠦᠬᠦ ᠠᠵᠢᠯ᠎ᠤᠨ ᠰᠢᠨ᠎ᠡ ᠪᠠᠲᠤᠯᠠᠭ᠎ᠠ ᠪᠣᠯᠪᠠ ᠃
︽ ᠡᠨᠡ ᠵᠢᠯ ᠮᠠᠨ᠎ᠤ ᠬᠠᠮᠲᠤ᠎ᠶᠢᠨ ᠠᠵᠤ ᠠᠬᠤᠢ ᠲᠥᠮᠥᠰᠥ ᠪᠠ ᠰᠢᠬᠢᠷ ᠯᠤᠤᠪᠠᠡᠭ ᠲᠠᠷᠢᠭᠠᠳ ᠵᠠᠬᠢᠶᠠᠯᠠᠭ᠎ᠠ᠎ᠶᠢᠨ ᠬᠡᠯᠪᠡᠷᠢ᠎ᠪᠠᠷ ᠬᠣᠶᠠᠷ ᠺᠣᠮᠫᠠᠨᠢ᠎ᠲᠠᠢ ᠭᠡᠷ᠎ᠡ ᠲᠣᠭᠲᠠᠭᠠᠪᠠ ᠃ ᠵᠢᠱᠢᠯᠲᠡ᠎ᠪᠠᠷ ᠮᠠᠨ᠎ᠤ ᠲᠣᠰᠬᠣᠨ᠎ᠤ ᠬᠠᠮᠲᠤ᠎ᠶᠢᠨ ᠠᠵᠤ ᠠᠬᠤᠢ᠎ᠶᠢᠨ ᠣᠷᠣᠯᠭ᠎ᠠ 60 ᠲᠦᠮᠡ᠎ᠳ᠋ᠤ ᠬᠦᠷᠬᠦ ᠪᠣᠯᠤᠨ᠎ᠠ ᠃ ᠲᠣᠰᠬᠣᠨ᠎ᠤ ᠬᠠᠮᠲᠤ᠎ᠶᠢᠨ ᠠᠵᠤ ᠠᠬᠤᠢ᠎ᠶᠢ ᠶᠡᠬᠡ᠎ᠪᠠᠷ ᠬᠥᠭᠵᠢᠭᠦᠯᠬᠦ᠎ᠨᠢ ᠶᠠᠳᠠᠭᠤ ᠬᠦᠴᠢᠷᠳᠡᠯᠲᠡᠢ ᠡᠷᠦᠬᠡ᠎ᠶᠢ ᠳᠠᠶᠢᠴᠢᠯᠠᠨ ᠲᠣᠭᠲᠠᠭᠤᠨ᠎ᠢᠶᠠᠷ ᠶᠠᠳᠠᠭᠤ᠎ᠡᠴᠠ ᠠᠩᠭᠢᠵᠢᠷᠠᠭᠤᠯᠵᠤ ᠴᠢᠳᠠᠬᠤ ᠮᠥᠷᠲᠡᠭᠡᠨ ᠪᠦᠬᠦ ᠲᠣᠰᠬᠣᠨ᠎ᠤ ᠠᠷᠠᠳ᠎ᠢ ᠳᠠᠭᠠᠭᠤᠯᠤᠨ ᠴᠢᠨᠡᠭᠡᠯᠢᠭᠵᠢᠬᠦᠯᠵᠦ ᠂ ᠲᠣᠰᠬᠣᠨ᠎ᠢᠶᠡᠨ ᠪᠣᠯᠪᠠᠰᠤᠨ ᠂ ᠪᠠᠶᠠᠨ ᠴᠢᠨᠡᠭᠡᠯᠢᠭ ᠰᠠᠢᠨ ᠲᠣᠰᠬᠣᠨ ᠪᠣᠯᠭᠠᠨ ᠪᠦᠳᠦᠬᠡᠨ ᠪᠠᠶᠢᠭᠤᠯᠵᠦ ᠴᠢᠳᠠᠨ᠎ᠠ ︾ ᠭᠡᠵᠦ ᠭᠠᠴᠠᠭᠠᠨ ᠳᠠᠷᠤᠭ᠎ᠠ ᠲᠢᠶᠠᠨ ᠸᠠᠨ ᠯᠢᠶᠠᠩ ᠢᠲᠡᠭᠡᠯ ᠲᠡᠭᠦᠯᠳᠡᠷ ᠶᠠᠷᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面