ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-05-14 11:23:47

ᠵᠣᠬᠢᠶᠠᠭ᠍ᠴᠢ᠄ ᠬᠡᠰᠢᠭᠪᠥᠶᠠᠨ ᠣᠩᠱᠢᠭ᠍ᠰᠠᠨ ᠣᠳᠠᠭ᠎ᠠ᠄ 3


ᠤᠢᠷ᠎ᠠ᠎ᠳ᠋ᠤ ᠂ ᠲᠦᠴᠢᠦᠸᠠᠨ ᠰᠢᠶᠠᠨ᠎ᠤ ᠲᠡᠷᠢᠶᠠᠯᠠᠬᠤ ᠤᠷᠤᠠ᠎ᠳ᠋ᠤ ᠲᠷᠠᠺᠲ᠋ᠣᠷ ᠂ ᠬᠠᠭᠠᠯᠪᠦᠷᠢᠯᠠᠬᠤ ᠮᠠᠰᠢᠨ ᠂ ᠦᠷ᠎ᠡ ᠰᠠᠴᠤᠬᠤ ᠮᠠᠰᠢᠨ ᠶᠠᠭᠠᠷᠠᠯᠳᠠᠢ ᠠᠵᠢᠯᠯᠠᠵᠥ ᠂ ᠬᠠᠪᠤᠷ᠎ᠤᠨ ᠲᠠᠷᠢᠶᠠᠯᠠᠭ᠎ᠠ᠎ᠶᠢᠨ ᠬᠦᠭ ᠠᠶᠠᠰ᠎ᠢ ᠴᠢᠪᠬᠠᠳᠠᠨ᠎ᠠ ᠃

ᠲᠦᠴᠢᠦᠸᠠᠨ ᠰᠢᠶᠠᠨ᠎ᠤ ᠶᠠᠨ ᠯᠢᠶᠠᠩ ᠲᠠᠷᠢᠶᠠᠯᠠᠩ᠎ᠤᠨ ᠮᠠᠰᠢᠨᠴᠢᠯᠠᠭᠰᠠᠨ ᠲᠠᠷᠢᠮᠠᠯ᠎ᠤᠨ ᠬᠤᠷᠰᠢᠶ᠎ᠠ᠎ᠶᠢᠨ ᠠᠵᠢᠯᠴᠢᠳ ᠰᠢᠬᠢᠷ ᠯᠤᠤᠪᠠᠩ᠎ᠤᠨ ᠴᠢᠬᠢ ᠵᠠᠢᠯᠠᠵᠥ ᠶᠠᠭᠠᠷᠠᠯᠳᠤᠨ᠎ᠠ ᠂ ᠡᠨᠡ ᠵᠢᠯ ᠲᠤᠰ ᠬᠤᠷᠰᠢᠶ᠎ᠠ ᠰᠢᠬᠢᠷ ᠯᠤᠤᠪᠠᠩ᠎ᠤᠨ ᠴᠢᠬᠢ᠎ᠶᠢ ᠰᠢᠯᠵᠢᠭᠦᠯᠦᠨ ᠵᠠᠢᠯᠠᠬᠤ᠎ᠳ᠋ᠤ ᠮᠠᠰᠢᠨ ᠬᠡᠷᠡᠭᠯᠡᠭᠰᠡᠨ ᠦᠭᠡᠢ ᠬᠠᠷᠢᠨ ᠬᠥᠮᠦᠨ᠎ᠤ ᠬᠦᠴᠦ᠎ᠪᠠᠷ ᠰᠢᠯᠵᠢᠭᠦᠯᠦᠨ ᠵᠠᠢᠯᠠᠵᠠᠢ ᠃


55.jpg


︽ ᠡᠨᠡ ᠬᠦ ᠪᠦᠷᠬᠦᠪᠴᠢ᠎ᠶᠢᠨ ᠳᠤᠤᠭᠤᠷ ᠲᠤᠰᠤᠯᠠᠭᠠ ᠤᠰᠤᠯᠠᠬᠤ ᠰᠢᠨ᠎ᠡ ᠲᠠᠷᠢᠮᠠᠯ᠎ᠤᠨ ᠵᠠᠭᠪᠤᠷ ᠪᠤᠯ ᠲᠤᠰ ᠬᠤᠷᠰᠢᠶ᠎ᠠ᠎ᠶᠢᠨ ᠠᠵᠢᠯᠳᠠᠳ ᠤᠯᠠᠭᠠᠨᠬᠠᠳᠠ ᠬᠣᠲᠠ᠎ᠳ᠋ᠤ ᠰᠢᠨᠵᠢᠯᠡᠨ ᠪᠠᠶᠢᠴᠠᠭᠠᠵᠤ ᠢᠷᠡᠭᠰᠡᠨ᠎ᠤ ᠳᠠᠷᠠᠭ᠎ᠠ ᠲᠤᠷᠰᠢᠨ ᠬᠡᠷᠡᠭᠯᠡᠵᠦ ᠪᠠᠢᠭ᠎ᠠ ᠰᠢᠨ᠎ᠠ ᠮᠡᠷᠬᠡᠵᠢᠯ ᠪᠤᠯᠤᠨ᠎ᠠ ᠃ ᠡᠨᠡ ᠵᠢᠯ 1500 ᠮᠥ ᠰᠢᠬᠢᠷ ᠯᠤᠤᠪᠠᠩ᠎ᠤᠨ ᠴᠢᠬᠢ᠎ᠶᠢ ᠬᠦᠮᠦᠠ᠎ᠤ ᠬᠦᠴᠦ᠎ᠪᠠᠷ ᠰᠢᠯᠵᠢᠬᠦᠯᠤᠨ ᠲᠡᠷᠢᠨ᠎ᠠ ᠂ ᠵᠢᠱᠢᠯᠲᠡ᠎ᠪᠠᠷ ᠮᠦ ᠨᠢᠭᠡᠴᠢ᠎ᠶᠢᠨ ᠤᠨᠠᠯᠲᠠ 5 ᠲᠣᠨ ᠣᠷᠴᠢᠮ ᠬᠦᠷᠴᠦ ᠂ ᠮᠦ ᠨᠢᠬᠡᠴᠢ᠎ᠶᠢᠨ ᠤᠨᠠᠯᠳᠠ ᠳᠤᠮᠳᠠᠴᠢ᠎ᠪᠠᠷ 1 ᠲᠣᠨ ᠨᠡᠮᠡᠭᠳᠡᠨ᠎ᠠ ︾ ᠭᠡᠵᠦ ᠶᠠᠨ ᠯᠢᠶᠠᠩ ᠲᠠᠷᠢᠶᠠᠯᠠᠩ᠎ᠤᠨ ᠮᠠᠰᠢᠨᠴᠢᠯᠠᠭᠰᠠᠨ ᠲᠠᠷᠢᠮᠠᠯ᠎ᠤᠨ ᠬᠣᠷᠰᠢᠶᠠᠨ᠎ᠤ ᠶᠡᠷᠦᠩᠬᠡᠢ ᠳᠠᠭᠠᠭᠠᠮᠠᠯ ᠭᠤᠤ ᠭᠦᠸᠧ ᠶᠠᠨ ᠬᠡᠯᠡᠨ᠎ᠡ ᠃

ᠲᠤᠰ ᠬᠣᠷᠰᠢᠶ᠎ᠠ 2014 ᠣᠨ᠎ᠡᠴᠠ ᠰᠢᠬᠢᠷ ᠯᠤᠤᠪᠠᠩ ᠳᠠᠷᠢᠵᠤ ᠂ ᠳᠠᠷᠢᠬᠤ᠎ᠡᠴᠠ ᠡᠮᠦᠨ᠎ᠡ ᠪᠦᠷ ᠥᠪᠥᠷ ᠮᠣᠩᠭᠣᠯ᠎ᠤᠨ ᠾᠧᠹᠸᠩ ᠲᠠᠷᠢᠶᠠᠯᠠᠩ᠎ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠎ᠲᠠᠢ ᠭᠡᠷ᠎ᠡ ᠲᠣᠭᠲᠠᠵᠤ ᠵᠠᠬᠢᠶᠠᠯᠠᠭ᠎ᠠ᠎ᠶᠢᠨ ᠬᠡᠯᠪᠡᠷᠢ᠎ᠪᠠᠷ ᠳᠠᠷᠢᠳᠠᠭ ᠪᠤᠯᠬᠤᠷ ᠠᠰᠢᠭ ᠤᠷᠤᠯᠭ᠎ᠠ᠎ᠨᠢ ᠪᠠᠳᠤᠯᠠᠪᠤᠷᠢ᠎ᠲᠠᠢ ᠮᠦᠷᠳᠡᠬᠡᠡ ᠦᠢᠷ᠎ᠠ ᠵᠡᠷᠬᠡᠯᠡᠳᠡᠬᠡ ᠲᠣᠰᠬᠣᠨ᠎ᠤ ᠠᠷᠠᠳ᠎ᠤᠨ ᠰᠡᠯᠡᠭᠦᠦ ᠴᠠᠭ᠎ᠤᠨ ᠠᠵᠢᠯ ᠣᠯᠭᠣᠯᠲᠠ᠎ᠶᠢᠨ ᠠᠰᠠᠭᠤᠳᠠᠯ᠎ᠢ ᠰᠢᠢᠳᠪᠦᠷᠢᠯᠡᠵᠦ ᠪᠠᠶᠢᠨ᠎ᠠ ᠃ ︽ ᠬᠠᠪᠤᠷ᠎ᠤᠨ ᠡᠬᠢ᠎ᠪᠠᠷ ᠰᠢᠬᠢᠷ ᠯᠤᠤᠪᠠᠩ᠎ᠤᠨ ᠴᠢᠬᠢ ᠳᠠᠷᠢᠵᠤ ᠂ ᠣᠲᠣ ᠰᠢᠯᠵᠢᠭᠦᠯᠦᠨ ᠵᠠᠶᠢᠯᠠᠵᠤ ᠂ ᠨᠠᠮᠤᠷ ᠬᠤᠷᠢᠶᠠᠨ᠎ᠠ ᠃ ᠵᠢᠯ ᠲᠤᠷᠰᠢ ᠬᠢᠬᠦ ᠠᠵᠢᠯ᠎ᠲᠠᠢ ᠂ ᠭᠡᠷ᠎ᠡᠴᠠ ᠣᠶᠢᠷ᠎ᠠ ᠪᠤᠯᠬᠤᠷ ᠬᠤᠪᠢᠠ᠎ᠤ ᠲᠠᠷᠢᠶᠠᠨ ᠠᠵᠢᠯ᠎ᠢᠶᠡᠨ ᠴᠤ ᠰᠠᠭᠠᠲᠠᠭᠠᠬᠤ ᠦᠭᠡᠶ ᠂ ᠰᠠᠷ᠎ᠠ᠎ᠳᠠᠭᠠᠨ 4000 ᠭᠠᠷᠤᠶ ᠲᠥᠭᠥᠷᠢᠭ᠎ᠤᠨ ᠣᠷᠣᠯᠭ᠎ᠠ᠎ᠲᠠᠢ ︾ ᠭᠡᠵᠦ ᠫᠢᠩ ᠶᠤᠸᠠᠨ ᠲᠣᠰᠬᠣᠨ᠎ᠤ ᠲᠡᠷᠢᠶᠠᠴᠢᠠ ᠸᠸᠨ ᠶᠠᠨ ᠯᠢ ᠬᠡᠯᠡᠨ᠎ᠡ ᠃


6666.jpg


︽ ᠡᠨᠡ ᠵᠢᠯ ᠬᠣᠷᠰᠢᠶ᠎ᠠ 4300 ᠮᠥ ᠰᠢᠬᠢᠷ ᠯᠤᠤᠪᠠᠩ ᠳᠠᠷᠢᠵᠤ ᠂ ᠬᠣᠶᠠᠷ ᠵᠦᠢᠯ᠎ᠤᠨ ᠵᠠᠭᠪᠤᠷ ᠬᠡᠷᠡᠭᠯᠡᠵᠠᠢ ᠂ ᠨᠢᠭᠡ᠎ᠨᠢ ᠮᠠᠰᠢᠨ᠎ᠢᠶᠠᠷ ᠰᠢᠯᠵᠢᠭᠦᠯᠦᠨ ᠵᠠᠶᠢᠯᠠᠬᠤ ᠂ ᠨᠦᠬᠦᠭᠡ᠎ᠨᠢ ᠰᠦᠯᠢᠶᠣᠣ ᠪᠦᠷᠬᠦᠪᠴᠢ᠎ᠶᠢᠨ ᠳᠤᠤᠭᠤᠷ ᠲᠤᠰᠤᠯᠭᠠᠠ ᠤᠰᠤᠯᠠᠵᠦ ᠬᠥᠮᠦᠨ᠎ᠤ ᠬᠦᠴᠦ᠎ᠪᠠᠷ ᠰᠢᠯᠵᠢᠭᠦᠯᠦᠨ ᠵᠠᠶᠢᠯᠠᠬᠤ ᠵᠠᠬᠪᠦᠷ ᠪᠤᠯᠤᠨ᠎ᠠ ᠂ ᠵᠢᠱᠢᠯᠲᠡ᠎ᠪᠠᠷ ᠡᠨᠡ ᠵᠢᠯ᠎ᠤᠨ ᠤᠨᠠᠯᠲᠠ 1.8 ᠲᠦᠮᠡᠡ ᠲᠣᠨ᠎ᠳ᠋ᠤ ᠬᠦᠷᠴᠦ ᠂ ᠦᠷᠳᠡᠭ᠎ᠨᠢ 1000 ᠲᠦᠮᠡᠨ ᠲᠥᠭᠥᠷᠢᠭ᠎ᠲᠤ ᠬᠦᠷᠦᠨ᠎ᠠ ︾ ᠭᠡᠵᠦ ᠶᠠᠨ ᠯᠢᠶᠠᠩ ᠲᠠᠷᠢᠶᠠᠯᠠᠩ᠎ᠤᠨ ᠮᠠᠰᠢᠨᠴᠢᠯᠠᠭᠰᠠᠨ ᠲᠠᠷᠢᠮᠠᠯ᠎ᠤᠨ ᠬᠣᠷᠰᠢᠶᠠᠨ᠎ᠤ ᠶᠡᠷᠦᠩᠬᠡᠢ ᠳᠠᠭᠠᠭᠠᠮᠠᠯ ᠭᠤᠤ ᠭᠦᠸᠧ ᠶᠠᠨ ᠬᠡᠯᠡᠨ᠎ᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面