2021-03-26 10:23:34
ᠦᠤᠰᠢᠨ ᠬᠤᠰᠢᠭᠤᠨ᠎ᠤ ᠭᠠᠯᠠᠭᠤᠲᠤ ᠪᠠᠯᠭᠠᠰᠤᠨ᠎ᠤ ᠡᠪᠡᠰᠦ ᠪᠡᠯᠴᠢᠭᠡᠷ ᠦᠩ ᠰᠢᠮᠡᠯᠢᠭ ᠪᠠᠢᠳᠠᠭ᠎ᠢᠶᠠᠷ᠎ᠢᠶᠡᠨ ᠪᠦᠬᠦ ᠤᠯᠤᠰ᠎ᠤᠨ ᠣᠷᠳᠣᠰ᠎ᠤᠨ ᠨᠠᠷᠢᠨ ᠨᠣᠤᠰᠣ᠎ᠲᠤ ᠬᠤᠨᠢ ᠮᠠᠯᠵᠢᠬᠤ ᠲᠣᠭᠤᠷᠢᠭ᠎ᠤᠨ ᠨᠢᠭᠡ ᠪᠤᠯᠤᠭᠰᠠᠨ ᠪᠠᠢᠨ᠎ᠠ ᠃ ᠭᠠᠯᠠᠭᠤᠲᠤ ᠪᠠᠯᠭᠠᠰᠤᠨ᠎ᠤ ᠰᠡᠪᠭᠦᠯ ᠭᠠᠴᠠᠭᠠᠨ᠎ᠤ ᠮᠠᠯᠴᠢᠨ ᠤᠶᠤᠨᠮᠦ᠋ᠷᠡᠨ ᠪᠤᠯ ᠤᠷᠲᠤᠰᠤᠨ ᠨᠠᠷᠢᠨ ᠨᠤᠤᠰᠤᠲᠦ ᠬᠤᠨᠢ᠎ᠶᠢ ᠬᠡᠪᠴᠢᠶᠠᠵᠢᠬᠦᠯᠤᠠ ᠮᠠᠯᠵᠢᠵᠥ ᠪᠠᠶᠢᠭ᠎ᠠ ᠡᠷᠦᠬᠡ᠎ᠶᠢᠨ ᠨᠢᠭᠡ ᠪᠤᠯᠤᠨ᠎ᠠ ᠃
3 ᠰᠠᠷ᠎ᠠ᠎ᠶᠢᠨ ᠳᠣᠮᠳᠠᠴᠢ᠎ᠪᠠᠷ ᠂ ᠰᠣᠷᠪᠣᠯᠵᠢᠯᠠᠬᠴᠢ ᠤᠶᠤᠨᠮᠦ᠋ᠷᠡᠨᠤᠳ᠋ᠤ ᠬᠦᠷᠬᠦ᠎ᠳ᠋ᠤ ᠂ ᠶᠠᠬ ᠬᠠᠪᠤᠷ᠎ᠤᠨ ᠲᠦᠯ ᠲᠤᠰᠤᠭᠠᠳ ᠶᠠᠭᠠᠷᠠᠵᠦ ᠪᠠᠶᠢᠯ᠎ᠠ ᠃ ᠲᠡᠲᠡᠠᠤᠬᠢᠨ ᠵᠢᠯ᠎ᠳ᠋ᠤ 300 ᠭᠠᠷᠤᠢ ᠮᠥ ᠪᠤᠷᠤ ᠴᠠᠷᠭᠠᠰᠤ ᠪᠠ ᠡᠷᠲᠡᠨᠢ ᠰᠢᠰᠢ ᠲᠠᠷᠢᠵᠦ ᠂ ᠬᠤᠨᠢ ᠮᠠᠯ᠎ᠤᠨ᠎ᠢᠶᠡᠨ ᠡᠪᠡᠰᠤ ᠪᠤᠷᠲᠤᠭ᠎ᠠ᠎ᠶᠢ ᠬᠠᠩᠭᠠᠮᠵᠢᠲᠠᠢ ᠨᠦᠭᠡᠴᠡᠯᠡᠲᠡᠭᠢᠶᠠᠷ ᠂ 500 ᠭᠠᠷᠤᠢ ᠤᠷᠲᠤᠰᠤᠨ ᠨᠠᠷᠢᠨ ᠨᠤᠤᠰᠤᠲᠤ ᠬᠤᠨᠢᠠᠤ ᠵᠢᠯ᠎ᠤᠨ ᠠᠰᠢᠭ ᠤᠷᠤᠯᠭ᠎ᠠ᠎ᠨᠢ 30 ᠭᠠᠷᠤᠢ ᠲᠦᠮᠡᠨ ᠲᠦᠭᠦᠷᠢᠭ᠎ᠲᠤ ᠬᠥᠷᠴᠤ ᠪᠠᠢᠳᠠᠭ ᠠᠵᠢ ᠃
ᠤᠶᠤᠨᠮᠦᠢᠷᠡᠨ ᠄ ︽ ᠤᠷᠲᠤᠰᠤᠨ ᠨᠠᠷᠢᠨ ᠨᠤᠤᠰᠤᠲᠤ ᠬᠤᠨᠢ ᠪᠤᠯ ᠮᠠᠨ᠎ᠤ ᠨᠤᠲᠤᠭ ᠤᠷᠤᠨ᠎ᠤ ᠤᠨᠴᠠᠯᠢᠭᠳᠣ ᠮᠠᠯ ᠪᠣᠯᠣᠨ᠎ᠠ ᠂ ᠡᠨᠡ ᠬᠠᠪᠤᠷ ᠮᠠᠨᠠᠢᠬᠢᠨ᠎ᠤ 300 ᠭᠠᠷᠤᠢ ᠬᠤᠨᠢ ᠲᠦᠯᠯᠡᠨ᠎ᠡ ᠂ ᠤᠳᠤ ᠲᠦᠯ ᠲᠤᠰᠬᠤ ᠬᠠᠮᠤᠭ᠎ᠤᠨ ᠶᠠᠭᠠᠷᠠᠯᠳᠠᠢ ᠮᠥᠷᠳᠡᠬᠡᠨ ᠬᠦᠭᠵᠢᠯᠳᠡᠢ ᠡᠷᠢᠨᠳ᠋ᠡᠭᠡᠨ ᠪᠤᠢ ᠂ ᠲᠠᠷᠠᠭ᠎ᠠ ᠠᠯᠬᠤᠮ᠎ᠳ᠋ᠤ ᠬᠡᠪᠴᠢᠶᠡᠵᠢᠭᠦᠯᠤᠨ ᠮᠠᠯᠵᠢᠵᠥ ᠠᠰᠢᠭ ᠤᠷᠤᠯᠭ᠎ᠠ᠎ᠪᠠᠨ ᠲᠤᠭᠲᠠᠪᠦᠷᠢᠳᠡᠢ ᠨᠡᠮᠡᠭᠲᠡᠭᠦᠯᠵᠦ ᠂ ᠨᠤᠲᠤᠭ᠎ᠤᠨ ᠮᠠᠯᠴᠢᠳ᠎ᠢᠶᠡᠨ ᠲᠠᠶᠢᠴᠢᠯᠠᠨ ᠬᠠᠮᠲᠦ᠎ᠪᠠᠷ ᠪᠠᠶᠠᠵᠢᠨ ᠴᠢᠨᠡᠬᠡᠯᠢᠭᠵᠢᠨᠡ ︾ ᠬᠡᠵᠥ ᠶᠠᠷᠢᠨ᠎ᠠ ᠃
ᠭᠠᠯᠠᠭᠤᠲᠤ ᠪᠠᠯᠭᠠᠰᠤᠨ᠎ᠳ᠋ᠤ ᠣᠷᠳᠣᠰ᠎ᠤᠨ ᠨᠠᠷᠢᠨ ᠨᠣᠣᠰᠣᠲᠤ ᠬᠤᠨᠢ ᠮᠠᠯᠵᠢᠬᠤ ᠦᠢᠯᠡᠰ ᠡᠷᠬᠢᠯᠡᠵᠦ ᠪᠠᠢᠭ᠎ᠠ ᠡᠷᠤᠬᠡ 2991 ᠪᠠᠶᠢᠵᠦ ᠂ ᠨᠠᠷᠢᠨ ᠨᠣᠣᠰᠣᠲᠤ ᠬᠤᠨᠢᠨ᠎ᠤ ᠦᠢᠯᠡᠳᠬᠦᠨ᠎ᠤ ᠥᠷᠲᠡᠭ 2.25 ᠳ᠋ᠦ᠋ᠢᠩᠰᠢᠭᠤᠷ ᠲᠥᠭᠦᠷᠢᠭ᠎ᠲᠤ ᠬᠦᠷᠴᠦ ᠂ ᠮᠠᠯᠴᠢᠨ ᠲᠠᠷᠢᠶᠠᠴᠢᠳ᠎ᠤᠨ ᠶᠡᠷᠦᠩᠬᠡᠢ ᠣᠷᠣᠯᠭ᠎ᠠ᠎ᠶᠢᠨ 59.2%᠎ᠢ ᠡᠵᠡᠯᠡᠵᠦ ᠪᠣᠢ ᠃ ᠵᠢᠯ᠎ᠤᠨ ᠨᠠᠷᠢᠨ ᠨᠣᠣᠰᠣᠳᠣ ᠬᠤᠨᠢᠨ᠎ᠤ ᠨᠣᠣᠰᠣᠨᠤ ᠭᠠᠷᠤᠯᠲᠠ 1090 ᠲᠤᠨᠢ ᠲᠡᠪᠠᠵᠥ ᠂ ᠨᠠᠷᠢᠨ ᠨᠣᠣᠰᠣᠳᠣ ᠬᠤᠨᠢᠨ᠎ᠤ ᠭᠠᠷᠭᠠᠯᠳᠠ 15 ᠲᠦᠮᠡ᠎ᠳ᠋ᠤ ᠬᠦᠷᠴᠤ ᠪᠠᠶᠢᠨ᠎ᠠ ᠃ ᠨᠠᠷᠢᠨ ᠨᠣᠣᠰᠣᠲᠤ ᠬᠤᠨᠢᠨ᠎ᠤ ᠠᠵᠤ ᠦᠢᠯᠡᠰ᠎ᠤᠨ ᠣᠷᠣᠯᠭ᠎ᠠ ᠪᠣᠯ ᠮᠠᠯᠴᠢᠳ᠎ᠤᠨ ᠦᠢᠯᠡᠳᠪᠦᠷᠢᠯᠡᠯ ᠠᠮᠢᠳᠤᠷᠠᠯ᠎ᠤᠨ ᠭᠤᠣᠯ ᠠᠵᠤ ᠠᠬᠤᠢ᠎ᠶᠢᠨ ᠢᠷᠡᠯᠲᠡ ᠪᠤᠯᠵᠥ ᠪᠠᠢᠳᠠᠭ᠎ᠢᠶᠠᠷ ᠭᠠᠯᠠᠭᠤᠲᠤ ᠪᠠᠯᠭᠠᠰᠤᠨ᠎ᠳ᠋ᠤ ᠨᠠᠷᠢᠨ ᠨᠤᠤᠰᠤᠲᠤ ᠬᠤᠨᠢᠨ᠎ᠤ ᠠᠵᠤ ᠦᠢᠯᠡᠰ᠎ᠤᠨ ᠥᠪᠡᠷᠲᠡᠭᠡᠨ ᠵᠠᠰᠠᠬᠤ ᠣᠷᠣᠨ᠎ᠤ ᠳᠠᠭᠠᠭᠤᠯᠤᠭᠴᠢ ᠠᠵᠤ ᠠᠬᠤᠶᠢᠯᠠᠯ 1 ᠂ ᠬᠤᠲᠠ᠎ᠶᠢᠨ ᠳᠡᠰ᠎ᠤᠨ ᠲᠠᠭᠠᠭᠤᠯᠤᠭᠴᠢ ᠠᠵᠤ ᠠᠬᠤᠶᠢᠯᠠᠯ 2 ᠂ ᠨᠠᠷᠢᠨ ᠨᠣᠣᠰᠣᠳᠣ ᠬᠤᠨᠢᠨ᠎ᠤ ᠲᠤᠰᠬᠠᠢ ᠬᠤᠷᠰᠢᠶ᠎ᠠ 20 ᠡᠷᠦᠬᠡ ᠪᠠᠢᠵᠣ ᠂ ᠪᠦᠷ ᠵᠠᠰᠠᠭ᠎ᠤᠨ ᠣᠷᠳᠣᠨ᠎ᠤ ᠲᠡᠮᠵᠢᠯᠬᠡ᠎ᠶᠢ ᠬᠦᠷᠳᠡᠵᠥ ᠂ ᠮᠠᠯ᠎ᠤᠨ ᠠᠰᠢᠭ ᠰᠢᠮ᠎ᠠ᠎ᠶᠢᠨ ᠭᠠᠷᠤᠯᠳᠠ᠎ᠶᠢ ᠦᠢᠯᠡᠳᠪᠦᠷᠢᠯᠡᠬᠦ ᠂ ᠪᠣᠯᠪᠠᠰᠤᠷᠠᠭᠤᠯᠬᠤ ᠂ ᠪᠣᠷᠣᠯᠠᠭᠤᠯᠬᠤ ᠬᠥᠷᠳᠡᠯ᠎ᠠ ᠴᠢᠨᠡᠷ ᠰᠠᠢᠳᠡᠢ ᠦᠢᠯᠡᠴᠢᠯᠡᠭᠡ ᠬᠠᠩᠭᠠᠵᠣ ᠪᠣᠢ ᠃
ᠣᠷᠳᠣᠰ᠎ᠤᠨ ᠨᠠᠷᠢᠨ ᠨᠣᠣᠰᠣᠲᠤ ᠬᠤᠨᠢ ᠪᠣᠯ ᠦᠤᠰᠢᠨ ᠬᠤᠰᠢᠭᠤᠨ᠎ᠤ ᠨᠤᠲᠤᠭ᠎ᠤᠨ ᠬᠤᠨᠢ ᠪᠤᠯᠤᠨ ᠰᠢᠨᠵᠢᠶᠠᠩ᠎ᠤᠨ ᠮᠧᠷᠢᠨᠣᠰ ᠬᠤᠨᠢ᠎ᠲᠠᠢ ᠡᠷᠯᠢᠰᠵᠢᠭᠦᠯᠦᠭᠰᠡᠨ ᠰᠠᠶᠢᠨ ᠡᠬᠦᠯᠲᠡᠷ᠎ᠤᠨ ᠬᠤᠨᠢ ᠪᠤᠯᠤᠨ᠎ᠠ ᠃ ᠣᠷᠳᠣᠰ᠎ᠤᠨ ᠨᠠᠷᠢᠨ ᠨᠣᠣᠰᠣᠲᠤ ᠬᠤᠨᠢ ᠦᠤᠰᠢᠨ ᠬᠤᠰᠢᠭᠤᠨ᠎ᠤ ᠥᠷᠭᠡᠨ ᠠᠭᠤᠳᠠᠮ ᠪᠠᠢᠭᠠᠯᠢᠯᠢᠭ ᠪᠡᠯᠴᠢᠭᠡᠷ ᠳᠡᠭᠡᠷ᠎ᠡ ᠲᠠᠷᠬᠠᠵᠦ ᠂ ᠨᠤᠤᠰᠤ᠎ᠶᠢᠨ ᠴᠢᠨᠠᠷ᠎ᠨᠢ ᠮᠠᠰᠢ ᠰᠠᠶᠢᠨ ᠂ ︽ ᠠᠦᠰᠲᠷᠠᠯᠢᠶᠠ ᠨᠤᠤᠰᠤ ︾᠎ᠶᠢᠨ ᠲᠦᠪᠰᠢᠨ᠎ᠳ᠋ᠤ ᠬᠦᠷᠴᠦ ᠪᠠᠶᠢᠲᠠᠭᠢᠶᠠᠷᠢᠶᠡᠨ ᠤᠯᠤᠰ᠎ᠤᠨ ᠲᠤᠲᠤᠭᠠᠲᠦ ᠭᠠᠲᠠᠭᠠᠲᠦ᠎ᠳ᠋ᠤ ᠨᠡᠷᠡᠲᠡᠢ ᠃ ᠬᠤᠨᠢᠨ ᠮᠢᠬ᠎ᠠ᠎ᠨᠢ ᠤᠭᠤᠷᠠᠭ ᠂ ᠥᠭᠡᠬᠦ ᠂ ᠡᠷᠦᠳᠡᠰᠦ ᠂ ᠹᠣᠰᠹᠣᠷ ᠂ ᠲᠡᠮᠦᠷ ᠵᠡᠷᠭᠡ ᠮᠠᠰᠢ ᠡᠯᠪᠡᠭ ᠪᠠᠶᠠᠯᠢᠭ ᠰᠢᠮ᠎ᠡ ᠲᠡᠵᠢᠭᠡᠯ ᠠᠬᠤᠭᠤᠯᠤᠭᠲᠠᠬᠤ ᠪᠣᠯᠬᠤᠷ ᠰᠢᠨ᠎ᠡ ᠰᠣᠷᠭᠤᠭ ᠂ ᠰᠢᠮ᠎ᠠ ᠲᠡᠵᠢᠬᠡᠯ ᠰᠠᠢᠳᠠᠢ ᠵᠡᠷᠬᠡ ᠤᠨᠴᠠᠯᠢᠭ᠎ᠲᠠᠢ ᠃ ᠤᠷᠴᠢᠮ᠎ᠤᠨ ᠵᠢᠯ᠎ᠡᠴᠠ ᠂ ᠲᠤᠰ ᠬᠤᠰᠢᠭᠤ ᠨᠠᠷᠢᠨ ᠨᠣᠣᠰᠣᠲᠤ ᠬᠤᠨᠢ ᠮᠠᠯᠵᠢᠬᠤ ᠂ ᠮᠢᠬ᠎ᠠ ᠂ ᠨᠣᠣᠰᠣ᠎ᠶᠢ ᠪᠣᠷᠣᠯᠠᠭᠤᠯᠬᠤ ᠂ ᠪᠣᠯᠪᠠᠰᠤᠷᠠᠭᠤᠯᠬᠤ ᠵᠡᠷᠬᠡ ᠠᠵᠤ ᠦᠢᠯᠡᠰ᠎ᠤᠨ ᠬᠡᠯᠬᠢᠶ᠎ᠡ᠎ᠶᠢ ᠤᠷᠲᠤᠳᠬᠠᠨ ᠂ ᠨᠡᠮᠡᠯᠲᠡ ᠥᠷᠲᠡᠭ᠎ᠤᠨ ᠬᠡᠯᠪᠡᠷᠢ᠎ᠶᠢᠨ ᠬᠤᠪᠢᠷᠠᠯᠲᠠ ᠪᠠ ᠬᠦᠭᠵᠢᠯᠲᠡ᠎ᠶᠢ ᠠᠬᠢᠭᠤᠯᠬᠤ᠎ᠶᠢᠨ ᠬᠠᠮᠲᠦ ᠨᠠᠷᠢᠨ ᠨᠣᠣᠰᠣ᠎ᠶᠢ ᠲᠠᠰᠤᠷᠠᠯᠲᠠ ᠦᠭᠡᠢ ᠳᠡᠰ ᠳᠡᠪᠰᠢᠭᠦᠯᠵᠦ ᠂ ᠶᠠᠰᠤ ᠴᠢᠨᠠᠷ᠎ᠢ᠎ᠨᠢ ᠳᠡᠭᠡᠭᠰᠢᠯᠡᠭᠦᠯᠦᠨ ᠦᠷ᠎ᠡ ᠠᠰᠢᠭ᠎ᠢ᠎ᠨᠢ ᠨᠡᠮᠡᠭᠳᠡᠭᠦᠯᠵᠦ ᠂ ᠮᠠᠯᠴᠢᠨ ᠲᠠᠷᠢᠶᠠᠴᠢᠳ᠎ᠤᠨ ᠨᠠᠷᠢᠨ ᠨᠣᠣᠰᠣᠲᠤ ᠬᠤᠨᠢ ᠮᠠᠯᠵᠢᠬᠤ᠎ᠶᠢ ᠤᠷᠮᠠᠰᠢᠭᠤᠯᠤᠨ ᠵᠤᠷᠢᠭᠵᠢᠭᠤᠯᠵᠥ ᠪᠠᠢᠨ᠎ᠠ ᠃
ᠣᠶᠣᠨᠮᠥᠢᠷᠠᠨ ᠨᠠᠷᠢᠨ ᠨᠣᠣᠰᠣᠳᠣ ᠬᠤᠨᠢ᠎ᠪᠠᠨ ᠡᠪᠡᠰᠤᠯᠠᠵᠥ ᠪᠠᠢᠨ᠎ᠠ
ᠣᠶᠣᠨᠮᠥᠢᠷᠠᠨᠤ ᠬᠤᠳᠠ ᠤᠰᠤ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃