ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2021-03-27 10:40:43

ᠵᠣᠬᠢᠶᠠᠭ᠍ᠴᠢ᠄ ᠬᠡᠰᠢᠭᠪᠥᠶᠠᠨ ᠣᠩᠱᠢᠭ᠍ᠰᠠᠨ ᠣᠳᠠᠭ᠎ᠠ᠄ 3

ᠤᠷᠢᠬᠠᠨ ᠬᠠᠪᠤᠷ ᠰᠠᠭᠠᠳᠠᠬᠤ᠎ᠳ᠋ᠤ ᠮᠥᠰᠥ ᠴᠠᠰᠤ ᠬᠠᠶᠢᠯᠵᠤ᠂ ᠬᠢᠩᠭᠠᠨ ᠠᠶᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠤᠯᠠᠭᠠᠨᠮᠣᠳᠣ᠎ᠶᠢᠨ ᠲᠠᠯ᠎ᠠ ᠨᠤᠲᠤᠭ᠎ᠤᠨ ᠮᠠᠯᠴᠢᠳ ᠲᠥᠯ ᠲᠤᠰᠴᠤ ᠪᠣᠶᠢᠵᠢᠭᠤᠯᠬᠤ ᠵᠠᠩᠭᠢᠯᠠᠭ᠎ᠠ᠎ᠶᠢᠨ ᠬᠤᠭᠤᠴᠠᠭᠠᠨ᠎ᠳ᠋ᠤ ᠣᠷᠣᠭᠠᠳ ᠤᠨᠠᠬᠰᠠᠨ ᠮᠠᠯᠠᠭᠠᠢ᠎ᠪᠠᠨ ᠠᠪᠬᠤ ᠵᠠᠪ ᠦᠭᠡᠢ ᠶᠠᠭᠠᠷᠠᠯᠳᠤᠨ᠎ᠡ᠃


QQ截图20210327091901.jpg


ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠮᠠᠨᠵᠤ ᠦᠨᠳᠦᠰᠦᠳᠡᠨ᠎ᠤ ᠮᠠᠨᠵᠤᠢᠲ᠋ᠤᠨ ᠰᠢᠶᠠᠩ᠎ᠤᠨ ᠮᠠᠨᠵᠦᠢᠲ᠋ᠤᠨ ᠭᠠᠴᠠᠭ᠎ᠠ᠎ᠶᠢᠨ ᠮᠠᠯᠴᠢᠨ ᠪᠦᠷᠢᠨᠳᠡᠯᠭᠡᠷ᠎ᠤᠨ᠎ᠬᠢᠨ᠎ᠳ᠋ᠤ ᠬᠦᠷᠬᠦ᠎ᠳ᠋ᠤ ᠬᠤᠨᠢᠨ ᠬᠠᠰᠢᠶᠠᠨ᠎ᠳ᠋ᠤᠨᠢ ᠬᠤᠨᠢ ᠬᠤᠷᠠᠭ᠎ᠡ ᠮᠠᠢᠯᠠᠯᠳᠤᠨ ᠬᠦᠶᠤᠯᠳᠤᠨ᠎ᠡ᠃ ︽ ᠡᠨᠡ ᠵᠢᠯ᠎ᠤᠨ 3 ᠰᠠᠷ᠎ᠠ᠎ᠶᠢᠨ ᠡᠬᠢᠨ᠎ᠡᠴᠠ ᠲᠥᠯ ᠲᠤᠰᠴᠤ ᠂ ᠨᠢᠭᠡᠨᠲᠡ 300 ᠭᠠᠷᠤᠶ ᠲᠥᠯ ᠲᠤᠰᠴᠠᠢ᠂ ᠪᠠᠰᠠ 100 ᠭᠠᠷᠤᠶ ᠲᠥᠯ ᠲᠤᠰᠤᠨ᠎ᠠ᠂ ᠣᠳᠣᠬᠠᠨ᠎ᠳ᠋ᠤ ᠤᠨᠳᠤᠷᠤᠯᠳᠠ᠎ᠶᠢᠨ ᠨᠣᠷᠮ᠎ᠠ ᠦᠨᠳᠦᠰᠦᠨ᠎ᠳ᠋ᠡᠭᠡᠨ 100%᠎ᠳ᠋ᠤ ᠬᠦᠷᠴᠡᠶ︾ ᠭᠡᠵᠤ ᠬᠣᠨᠢᠨ ᠰᠦᠷᠦᠭ᠎ᠢᠶᠡᠨ ᠬᠠᠷᠠᠭᠠᠳ ᠪᠦᠷᠢᠨᠳᠡᠯᠭᠡᠷ ᠪᠠᠶᠠᠷᠯᠠᠨ᠎ᠠ᠃

ᠡᠬᠡ ᠮᠠᠯ᠎ᠤᠨ ᠲᠥᠯᠯᠡᠬᠦ ᠨᠣᠷᠮ᠎ᠠ᠎ᠶᠢ ᠳᠡᠭᠡᠭᠰᠢᠯᠡᠭᠦᠯᠬᠦ᠎ᠶᠢᠨ ᠲᠥᠯᠥᠭᠡ᠂ ᠨᠢᠳᠤᠨᠤᠨ ᠨᠠᠮᠤᠷ ᠪᠦᠷᠢᠨᠳᠡᠯᠭᠡᠷ᠎ᠤᠨ᠎ᠬᠢᠨ 150 ᠲᠣᠨ ᠲᠡᠵᠢᠭᠡᠯ ᠡᠪᠡᠰᠦ ᠂ 75 ᠲᠣᠨ ᠬᠥᠬᠡ ᠪᠤᠷᠳᠤᠭ᠎ᠡ ᠪᠣᠯᠤᠨ 5 ᠲᠣᠨ ᠨᠠᠷᠢᠯᠢᠭ ᠪᠤᠷᠳᠤᠭ᠎ᠠ ᠨᠥᠭᠡᠴᠡᠯᠡᠵᠦ᠂ ᠪᠠᠰᠠ 900 ᠭᠠᠷᠤᠶ ᠲᠡᠭᠰᠢ ᠳᠥᠷᠪᠡᠯᠵᠢᠨ ᠮᠧᠲ᠋ᠷ᠎ᠤᠨ ᠳᠤᠯᠠᠭᠠᠨ ᠰᠠᠷᠠᠪᠴᠢ ᠪᠠᠷᠢᠵᠤ᠂ ᠠᠯᠢ ᠡᠷᠲᠡ᠎ᠡᠴᠠ ᠬᠠᠪᠤᠷ᠎ᠤᠨ ᠲᠥᠯ ᠲᠣᠰᠬᠣ᠎ᠪᠠᠷ ᠪᠡᠯᠡᠭᠡᠨ ᠪᠤᠯᠤᠭᠠᠳ ᠪᠠᠢᠵᠡᠶ ᠃

ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠮᠠᠨᠵᠤ ᠦᠨᠳᠦᠰᠦᠲᠡᠨ᠎ᠤ ᠮᠠᠨᠵᠦᠢᠲ᠋ᠤᠨ ᠰᠢᠶᠠᠩ᠎ᠤᠨ ᠪᠠᠶᠠᠨ ᠠᠭᠤᠯᠠ ᠭᠠᠴᠠᠭ᠎ᠠ᠎ᠶᠢᠨ ᠮᠠᠯᠴᠢᠨ ᠪᠠᠭᠠᠲᠤᠷ᠎ᠤᠨ᠎ᠬᠢᠨ᠎ᠳ᠋ᠤ ᠬᠦᠷᠬᠦ᠎ᠳ᠋ᠤ᠂ ᠬᠣᠨᠢᠨ ᠬᠠᠰᠢᠶᠠᠨ᠎ᠳ᠋ᠤᠨᠢ ᠬᠤᠷᠠᠭ᠎ᠠ ᠢᠰᠢᠬᠡ ᠮᠠᠢᠯᠠᠯᠳᠤᠨ ᠲᠤᠬᠯᠠᠯᠳᠤᠵᠤ ᠪᠠᠢᠯ᠎ᠡ ᠃ ︽ ᠲᠦᠯ ᠲᠤᠰᠬᠤ ᠠᠵᠢᠯ ᠤᠷᠤᠭᠰᠢᠲᠠᠢ ᠶᠠᠪᠤᠭᠳᠠᠵᠤ ᠪᠠᠶᠢᠨ᠎ᠠ︾ ᠭᠡᠵᠦ 7 ᠨᠢᠯᠬ᠎ᠠ ᠲᠤᠭᠤᠯ᠎ᠢᠶᠡᠨ ᠬᠠᠷᠠᠭᠠᠳ ᠪᠠᠭᠠᠲᠤᠷ ᠪᠠᠶᠠᠷᠯᠠᠨ ᠶᠠᠷᠢᠨ᠎ᠠ᠃


QQ截图20210327091909.jpg


ᠡᠪᠡᠰᠦ ᠪᠣᠷᠳᠣᠭ᠎ᠠ ᠲᠡᠭᠡᠭᠡᠪᠤᠷᠢᠯᠡᠬᠦ ᠂ ᠬᠠᠰᠢᠶ᠎ᠠ ᠰᠠᠷᠠᠪᠴᠢ ᠴᠡᠪᠡᠷᠯᠡᠬᠦ ᠂ ᠬᠤᠷᠠᠭ᠎ᠠ ᠲᠡᠵᠢᠭᠡᠬᠦ ᠁ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠤᠯᠠᠭᠠᠨᠮᠣᠳᠣ ᠰᠤᠮᠤ᠎ᠶᠢᠨ ᠰᠤᠭᠤᠠᠳᠠᠢ ᠭᠠᠴᠠᠭᠠᠨ᠎ᠤ ᠮᠠᠯᠴᠢᠨ ᠪᠤᠶᠠᠨᠪᠠᠶᠠᠷ᠎ᠤᠨ᠎ᠬᠢᠨ᠎ᠤ ᠬᠣᠨᠢᠨ ᠬᠠᠰᠢᠶᠠᠨ᠎ᠳ᠋ᠠᠬᠢ ︽ ᠢᠬᠡᠷ᠎ᠠ ᠬᠤᠷᠠᠭ᠎ᠠ︾᠎ᠨᠢ ᠬᠦᠮᠦᠰ ᠤᠨ ᠠᠡᠭᠬᠠᠷᠤᠯ᠎ᠢ ᠤᠨᠴᠠᠭᠠᠢ ᠲᠠᠳᠠᠨ᠎ᠠ ᠃ ᠡᠲᠡᠭᠡᠷ ᠬᠤᠷᠠᠭ᠎ᠠ ᠪᠣᠯ ᠨᠤᠲᠤᠭ᠎ᠤᠨ ᠬᠣᠨᠢ ᠪᠠ ᠰᠠᠹᠤᠯᠺ ᠬᠣᠨᠢ᠎ᠶᠢᠨ ᠡᠷᠯᠢᠰᠡᠵᠢᠭᠦᠯᠦᠭᠰᠡᠨ ᠡᠭᠦᠯᠳᠡᠷ ᠰᠠᠶᠢᠵᠢᠷᠠᠭᠤᠯᠤᠭᠰᠠᠨ ᠲᠦᠯ ᠪᠣᠯᠤᠨ᠎ᠠ ᠂ ᠪᠡᠶ᠎ᠡ ᠪᠢᠯᠳᠠᠷ᠎ᠨᠢ ᠶᠡᠬᠡ ᠂ ᠡᠳᠡᠭᠡᠷᠡᠯᠲᠡ᠎ᠶᠢᠨ ᠨᠣᠷᠮ᠎ᠠ᠎ᠨᠢ ᠥᠨᠳᠥᠷ ᠂ ᠮᠢᠬᠠᠨ᠎ᠤ ᠴᠢᠨᠠᠷ᠎ᠨᠢ ᠰᠠᠶᠢᠨ ᠂ ᠢᠬᠡᠷ᠎ᠡ ᠲᠦᠯ ᠪᠤᠶᠤ 3 ᠲᠦᠯ ᠲᠤᠰᠬᠤ᠎ᠨᠢ ᠣᠯᠠᠨ ᠪᠠᠢᠳᠠᠭ ᠃ ︽ ᠮᠢᠨᠦ ᠡᠨᠡ 300 ᠭᠠᠷᠤᠶ ᠬᠤᠨᠢ ᠠᠳᠠᠯᠢ ᠨᠥᠬᠥᠴᠡᠯ ᠳᠤᠤᠷ᠎ᠠ ᠂ ᠨᠤᠲᠤᠭ᠎ᠤᠨ ᠬᠤᠨᠢ᠎ᠡᠴᠠ 6 ᠲᠦᠮᠡ ᠭᠠᠷᠤᠶ ᠲᠥᠭᠥᠷᠢᠭ ᠢᠯᠡᠬᠦᠤ ᠬᠤᠳᠠᠯᠳᠤᠨ᠎ᠠ ᠃ ᠡᠬᠦᠯᠳᠡᠷ ᠰᠠᠢᠵᠢᠷᠠᠭᠤᠯᠬᠤ᠎ᠪᠠᠷ ᠲᠠᠮᠵᠢᠵᠤ ᠂ ᠮᠢᠬᠠᠨ᠎ᠤ ᠬᠡᠷᠡᠭᠯᠡᠭᠡᠨ᠎ᠤ ᠴᠢᠨᠠᠷ ᠪᠣᠯᠤᠨ ᠡᠪᠡᠳᠴᠢᠨ᠎ᠢ ᠡᠰᠡᠷᠭᠦᠴᠡᠬᠦ ᠴᠢᠨᠠᠷ ᠂ ᠦᠷ᠎ᠡ ᠠᠰᠢᠭ᠎ᠨᠢ ᠴᠦ ᠵᠢᠯ ᠳᠠᠷᠠᠭᠠᠯᠠᠨ ᠳᠡᠭᠡᠭᠰᠢᠯᠡᠵᠦ ᠂ ᠨᠢᠳᠤᠨᠤᠨ᠎ᠤ ᠬᠣᠨᠢ ᠲᠡᠵᠢᠭᠡᠭᠰᠡᠨ ᠣᠷᠣᠯᠭ᠎ᠠ 60 ᠭᠠᠷᠤᠶ ᠲᠦᠮᠡᠨ ᠲᠥᠭᠥᠷᠢᠭ᠎ᠲᠤ ᠬᠦᠷᠴᠡᠶ︾ ᠬᠡᠵᠦ ᠪᠤᠶᠠᠨᠪᠠᠶᠠᠷ ᠲᠠᠨᠢᠯᠴᠠᠭᠤᠯᠤᠯ᠎ᠠ ᠃


QQ截图20210327091935.jpg

ᠬᠠᠪᠤᠷ᠎ᠤᠨ ᠤᠯᠠᠷᠢᠯ᠎ᠤᠨ ᠲᠥᠯ ᠲᠤᠰᠴᠤ ᠪᠣᠶᠢᠵᠢᠭᠤᠯᠬᠤ ᠠᠵᠢᠯ᠎ᠢ ᠰᠠᠶᠢᠲᠤᠷ ᠬᠢᠬᠦ᠎ᠶᠢᠨ ᠲᠥᠯᠥᠭᠡ᠂ ᠡᠨᠡ ᠵᠢᠯ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ ᠡᠷᠲᠡ ᠪᠠᠶᠢᠷᠢᠯᠠᠭᠤᠯᠵᠤ᠂ ᠬᠢᠵᠢᠭ ᠪᠠᠶᠢᠴᠠᠭᠠᠬᠤ ᠡᠷᠴᠢᠮ᠎ᠢᠶᠡᠨ ᠴᠢᠩᠭᠠᠳᠬᠠᠨ᠂ ᠭᠠᠳᠠᠨ᠎ᠠ᠎ᠡᠴᠠ ᠬᠢᠵᠢᠭ ᠬᠠᠯᠳᠠᠪᠤᠷᠢᠯᠠᠨ ᠣᠷᠣᠵᠤ ᠢᠷᠡᠬᠦ᠎ᠶᠢ ᠰᠡᠷᠭᠡᠶᠢᠯᠡᠵᠦ᠂ ᠲᠠᠷᠢᠶᠠᠯᠠᠩ᠎ᠤᠨ ᠰᠤᠯᠠ ᠰᠡᠯᠡᠭᠦᠦ ᠴᠠᠭ᠎ᠢ ᠠᠰᠢᠬᠯᠠᠨ ᠬᠡᠷ᠎ᠤᠨ ᠲᠡᠵᠢᠭᠡᠪᠦᠷᠢ᠎ᠶᠢᠨ ᠠᠷᠠᠴᠢᠯᠠᠭ᠎ᠠ ᠬᠠᠮᠢᠶᠠᠷᠤᠯᠲᠠ ᠂ ᠦᠷ᠎ᠡ ᠰᠣᠩᠭᠣᠵᠤ ᠬᠡᠭᠡᠯᠲᠦᠭᠦᠯᠬᠦ ᠂ ᠲᠥᠯ ᠲᠤᠰᠴᠤ ᠪᠣᠶᠢᠵᠢᠭᠤᠯᠬᠤ᠂ ᠡᠪᠡᠰᠦ ᠪᠣᠷᠳᠣᠭ᠎ᠠ᠎ᠶᠢ ᠣᠨᠳᠤᠤᠰᠢᠭᠤᠯᠬᠤ ᠂ ᠬᠠᠰᠢᠶ᠎ᠠ ᠰᠠᠷᠠᠪᠴᠢ᠎ᠶᠢ ᠪᠥᠲᠥᠭᠡᠨ ᠪᠠᠶᠢᠭᠤᠯᠬᠤ ᠵᠡᠷᠭᠡ ᠮᠡᠷᠭᠡᠵᠢᠯ᠎ᠤᠨ ᠪᠣᠯᠪᠠᠰᠤᠷᠠᠯ ᠡᠷᠭᠢᠯᠡᠪᠡ ᠃ ᠡᠭᠦᠨ᠎ᠤ ᠬᠠᠮᠲᠤ᠂ ᠮᠠᠯᠴᠢᠨ ᠲᠠᠷᠢᠶᠠᠴᠢᠨ᠎ᠢ ᠢᠳᠡᠪᠬᠢᠲᠡᠶ ᠬᠥ᠋ᠲᠥᠯᠥᠨ ᠵᠢᠯᠣᠭᠣᠳᠴᠤ ᠂ ᠮᠠᠯ ᠠᠵᠤ ᠠᠬᠤᠶ᠎ᠶᠢᠨ ᠦᠢᠯᠡᠳᠪᠦᠷᠢᠯᠡᠯ᠎ᠤᠨ ᠠᠷᠭ᠎ᠠ ᠮᠠᠶᠢᠭ᠎ᠢ᠎ᠨᠢ ᠬᠤᠪᠢᠷᠠᠭᠤᠯᠵᠤ᠂ ᠮᠠᠯ ᠠᠵᠤ ᠠᠬᠤᠶ᠎ᠶᠢᠨ ᠪᠦᠲᠦᠴᠡ᠎ᠶᠢᠨ ᠲᠣᠬᠢᠷᠠᠭᠤᠯᠤᠯᠲᠠ ᠬᠢᠵᠠᠢ ᠃ ᠣᠳᠣᠬᠠᠨ ᠪᠣᠯᠲᠠᠯ᠎ᠠ ᠂ ᠲᠣᠰ ᠬᠣᠰᠢᠭᠤ ᠨᠡᠶᠢᠲᠡ 104 .6 ᠲᠦᠮᠡᠨ ᠲᠥᠯ ᠲᠤᠰᠴᠠᠢ ᠂ ᠡᠭᠦᠨ᠎ᠳ᠋ᠤ ᠪᠣᠳᠠ ᠮᠠᠯ 2.75 ᠲᠦᠮᠡ᠂ ᠪᠣᠭ ᠮᠠᠯ 101.9 ᠲᠦᠮᠡ ᠪᠠᠶᠢᠵᠤ ᠂ ᠪᠣᠳᠠ ᠪᠣᠭ ᠮᠠᠯ᠎ᠤᠨ ᠤᠨᠳᠤᠷᠤᠯᠳᠠ᠎ᠶᠢᠨ ᠨᠣᠷᠮ᠎ᠠ ᠲᠣᠰ ᠲᠣᠰ 99.6%᠂ 98.9%᠎ᠳ᠋ᠤ ᠬᠦᠷᠴᠤ ᠪᠠᠢᠨ᠎ᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面