ᠭᠣᠣᠯ ᠰᠡᠳᠦᠪᠲᠦ ᠮᠡᠳᠡᠭᠡᠯᠡᠯ > ᠵᠢᠯ᠎ᠦ᠋ᠨ ᠠᠵᠢᠯ ᠬᠠᠪᠤᠷ ᠲᠠᠭᠠᠨ

2022-04-07 10:11:31

ᠵᠣᠬᠢᠶᠠᠭ᠍ᠴᠢ᠄ ᠭᠤᠸ᠎ᠠ ᠣᠩᠱᠢᠭ᠍ᠰᠠᠨ ᠣᠳᠠᠭ᠎ᠠ᠄ 3

ᠬᠠᠪᠤᠷ ᠰᠠᠭᠠᠳᠠᠵᠤ ᠪᠦᠬᠦ ᠤᠷᠤᠨ ᠤ᠋ ᠡᠯ᠎ᠡ ᠭᠠᠵᠠᠷ ᠤ᠋ᠨ ᠮᠠᠯᠴᠢᠳ ᠲᠦᠯ ᠳᠤᠰᠬᠤ ᠶᠠᠭᠠᠷᠠᠤ ᠴᠠᠭ ᠲᠠᠭᠠᠨ ᠤᠷᠤᠯ᠎ᠠ᠃ ᠬᠦᠷᠢᠶ᠎ᠡ ᠬᠠᠰᠢᠶᠠᠨ ᠳ᠋ᠠᠬᠢ ᠲᠦᠯ ᠤ᠋ᠨ ᠮᠠᠢᠯᠠᠭᠠᠨ ᠠᠭᠤᠳᠠᠮ ᠲᠠᠯ᠎ᠠ ᠵᠢ ᠤᠶᠠᠰᠬᠠᠨ ᠠᠮᠢᠵᠢᠷᠠᠯ ᠤ᠋ᠨ ᠬᠦᠴᠦᠨ ᠪᠢᠯᠬᠠᠭᠤᠯᠵᠤ᠂ ᠮᠠᠯᠴᠢᠳ ᠲᠦᠮᠡᠨ ᠤ᠋ ᠬᠦᠰᠡᠯ ᠮᠠᠯ ᠰᠦᠷᠦᠭ ᠤ᠋ᠨ ᠦᠨᠢᠷ ᠦᠰᠤᠯᠳᠡ ᠵᠢ ᠪᠡᠯᠭᠡᠳᠡᠨ᠎ᠠ᠃

ᠬᠦᠯᠦᠨ ᠪᠤᠢᠷ ᠬᠤᠳᠠ ᠵᠢᠨ ᠬᠠᠭᠤᠴᠢᠨ ᠪᠠᠷᠭᠤ ᠬᠤᠰᠢᠭᠤᠨ ᠤ᠋ ᠬᠦᠬᠡᠨᠠᠭᠤᠷ ᠪᠠᠯᠭᠠᠰᠤ ᠵᠢᠨ ᠪᠠᠶᠠᠨᠪᠦ᠋ᠷᠢᠳᠤ ᠭᠠᠴᠠᠭᠠᠨ ᠤ᠋ ᠮᠠᠯᠴᠢᠨ ᠰᠢᠷᠡᠮᠤ ᠵᠢᠨ ᠬᠢᠨ 300 ᠭᠠᠷᠤᠢ ᠬᠤᠨᠢ 70 ᠭᠠᠷᠤᠢ ᠦᠭᠡᠷ ᠮᠠᠯᠵᠢᠵᠤ ᠪᠤᠢ᠃ ᠳᠡᠳᠡᠨ ᠤ᠋ ᠬᠢᠨ 3 ᠰᠠᠷ᠎ᠠ ᠵᠢᠨ 10 ᠤ᠋ ᠡᠳᠦᠷ ᠡᠴᠡ ᠡᠬᠢᠯᠡᠨ ᠬᠠᠪᠤᠷ ᠤ᠋ᠨ ᠲᠦᠯ ᠳᠤᠰᠴᠦ᠂ ᠤᠳᠤᠬᠠᠨ ᠪᠤᠯᠳᠠᠯ᠎ᠠ 60 ᠭᠠᠷᠤᠢ ᠲᠦᠯ ᠳᠤᠰᠤᠭᠠᠳ ᠪᠠᠢᠨ᠎ᠠ᠃

ᠰᠢᠯᠢ ᠵᠢᠨ ᠭᠤᠤᠯ ᠤ᠋ᠨ ᠳᠠᠯ᠎ᠠ ᠨᠤᠳᠤᠭ ᠲᠦ᠍᠂ ᠰᠦᠨᠢᠳ ᠵᠡᠭᠦᠨ ᠬᠤᠰᠢᠭᠤᠨ ᠤ᠋ ᠰᠠᠢᠬᠠᠨᠭᠤᠪᠢ ᠰᠤᠮᠤ ᠵᠢᠨ ᠦᠷᠭᠡᠨ ᠭᠦᠭᠵᠢᠯ ᠭᠠᠴᠠᠭᠠᠨ ᠤ᠋ ᠮᠠᠯᠴᠢᠨ ᠬᠤᠷᠴᠠ ᠵᠢᠨ ᠪᠡᠯᠴᠢᠭᠡᠷ ᠳᠡᠭᠡᠷ᠎ᠡ ᠬᠤᠷᠠᠭ᠎ᠠ ᠢᠰᠢᠭᠡ ᠳᠤᠭᠯᠠᠨ ᠮᠠᠢᠯᠠᠯᠳᠤᠭᠠᠳ ᠡᠵᠡᠨ ᠵᠢᠡᠨ ᠪᠠᠶᠠᠰᠬᠠᠨ᠎ᠠ᠃ 《ᠤᠳᠤ ᠨᠢᠬᠡ ᠰᠠᠷ᠎ᠠ ᠲᠠᠢ ᠪᠤᠯ ᠬᠠᠪᠤᠷ ᠤ᠋ᠨ ᠲᠦᠯ ᠵᠢᠡᠨ ᠳᠤᠰᠤᠭᠠᠳ ᠪᠠᠷᠠᠴᠢᠬᠠᠨ᠎ᠠ》 ᠭᠡᠵᠤ ᠬᠤᠷᠴᠠ ᠭᠤᠸᠠᠢ ᠤᠷᠮᠠᠳᠠᠢ ᠠᠵᠢᠯᠯᠠᠨ᠎ᠠ᠃

ᠪᠤᠭᠤᠳᠤ ᠬᠤᠳᠠ ᠵᠢᠨ ᠳᠠᠷᠬᠠᠨ ᠮᠤᠤᠮᠢᠩᠭᠠᠨ ᠬᠣᠯᠪᠣᠭᠠᠲᠤ ᠬᠤᠰᠢᠭᠤᠨ ᠤ᠋ ᠬᠤᠩᠭᠤᠷᠲᠠᠯ᠎ᠠ ᠡᠭᠦᠯᠳᠡᠷ ᠤ᠋ᠨ ᠬᠣᠨᠢᠨ ᠤ᠋ ᠲᠠᠯᠠᠪᠠᠢ ᠳ᠋ᠤ᠂ ᠮᠠᠯᠴᠢᠨ ᠰᠢᠩ ᠰᠢᠤᠢ ᠹᠧᠢ ᠳᠤᠯᠠᠭᠠᠨ ᠰᠠᠷᠠᠪᠴᠢᠨ ᠳᠣᠲᠣᠷᠠᠬᠢ ᠬᠤᠷᠠᠭ᠎ᠠ ᠢᠰᠢᠭᠡ ᠳ᠋ᠡᠭᠡᠨ ᠲᠡᠵᠢᠭᠡᠯ ᠡᠪᠡᠰᠤ ᠪᠣᠷᠳᠣᠭ᠎ᠠ ᠦᠭᠴᠦ᠂ ᠶᠠᠭᠠᠷᠠᠯᠳᠠᠢ ᠪᠦᠭᠡᠳ ᠶᠠᠳᠠᠷᠠᠭ᠎ᠠ ᠳᠠᠢ ᠪᠠᠢᠭᠰᠠᠨ ᠴᠦ᠍ ᠰᠡᠳᠭᠢᠯ ᠰᠠᠨᠠᠭ᠎ᠠ ᠳᠡᠨᠢᠭᠦᠨ᠃《ᠪᠢ ᠰᠠᠷᠠᠪᠴᠢᠨ ᠳ᠋ᠠᠭᠠᠨ ᠲᠤᠰᠭᠠᠢᠯᠠᠨ ᠭᠠᠯ ᠲᠦᠯᠡᠵᠦ ᠳᠤᠯᠠᠭᠠᠴᠠᠭᠤᠯᠳᠠᠭ ᠵᠢᠵᠢᠭ〈ᠰᠢᠷᠣᠢ ᠵᠢᠨ ᠬᠠᠨᠵᠤ〉 ᠪᠠᠷᠢᠵᠤ᠂ ᠨᠢᠯᠬ᠎ᠠ ᠲᠦᠯ ᠵᠢᠡᠨ ᠬᠥᠯᠳᠡᠭᠡᠬᠦ ᠦᠭᠡᠢ᠂ ᠡᠪᠤᠯ ᠬᠠᠪᠤᠷ ᠤ᠋ᠨ ᠲᠦᠯ ᠵᠢᠡᠨ ᠮᠡᠨᠳᠤ ᠪᠤᠢᠵᠢᠭᠤᠯᠬᠤ ᠵᠢ ᠪᠠᠳᠤᠯᠠᠵᠦ ᠪᠠᠢᠨ᠎ᠠ》 ᠬᠡᠵᠤ ᠪᠠᠶᠠᠯᠢᠭ ᠲᠤᠷᠰᠢᠯᠭ᠎ᠠ ᠲᠠᠢ ᠰᠢᠩ ᠰᠢᠦᠢ ᠹᠧᠢ ᠶᠠᠷᠢᠨ᠎ᠠ᠃

᠁

ᠲᠥᠯ ᠲᠣᠰᠴᠤ ᠪᠣᠢᠵᠢᠭᠤᠯᠬᠤ ᠪᠣᠯ ᠮᠠᠯ ᠠᠵᠤ ᠠᠬᠤᠢ ᠵᠢᠨ ᠦᠢᠯᠡᠳᠪᠦᠷᠢᠯᠡᠯ ᠤ᠋ᠨ ᠨᠢᠭᠡᠨ ᠴᠢᠬᠤᠯᠠ ᠭᠤᠭᠴᠤᠭ᠎ᠠ ᠶᠤᠮ᠂ ᠮᠠᠯᠴᠢᠳ ᠲᠦ᠍ ᠠᠪᠴᠤ ᠬᠡᠯᠡᠪᠡᠯ ᠮᠥᠨ ᠴᠦ᠍ ᠨᠢᠭᠡ ᠵᠢᠯ ᠤ᠋ᠨ ᠳᠣᠲᠣᠷᠠᠬᠢ ᠬᠠᠮᠤᠭ ᠤ᠋ᠨ ᠶᠠᠭᠠᠷᠠᠯᠲᠠᠢ ᠂ ᠬᠠᠮᠤᠭ ᠤ᠋ᠨ ᠵᠠᠩᠭᠢᠯᠠᠭ᠎ᠠ ᠵᠢᠨ ᠴᠠᠭ ᠬᠤᠭᠤᠴᠠᠭ᠎ᠠ ᠪᠤᠯᠤᠨ᠎ᠠ ᠃ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠲᠦᠯ ᠳᠤᠰᠬᠤ ᠡᠯ᠎ᠡ ᠵᠦᠢᠯ ᠤ᠋ᠨ ᠪᠡᠯᠡᠳᠭᠡᠯ ᠠᠵᠢᠯ ᠵᠢᠨᠨ ᠡᠷᠳᠡ ᠡᠴᠡ ᠡᠬᠢᠯᠠᠨ ᠰᠠᠢᠲᠤᠷ ᠬᠢᠵᠠᠢ᠃

— ᠪᠠᠷᠢᠮᠵᠢᠶᠠᠵᠢᠭᠤᠯᠤᠭᠰᠠᠨ ᠦᠢᠯᠡᠳᠪᠦᠷᠢᠯᠡᠯ ᠢ᠋ ᠦᠷᠭᠦᠯᠵᠢᠯᠡᠨ ᠠᠬᠢᠭᠤᠯᠪᠠ᠃ ᠲᠡᠵᠢᠭᠡᠪᠤᠷᠢ ᠵᠢᠨ ᠡᠷᠦᠬᠡ ᠵᠢᠨ ᠪᠠᠷᠢᠮᠵᠢᠶ᠎ᠠ ᠶᠣᠰᠣᠭᠠᠷ ᠲᠠᠵᠢᠬᠡᠵᠤ ᠠᠷᠠᠴᠢᠯᠠᠬᠤ ᠤᠬᠠᠮᠰᠠᠷ ᠢ᠋ ᠲᠠᠬᠡᠭᠰᠢᠯᠡᠬᠦᠯᠦᠨ᠂ ᠡᠬᠡ ᠮᠠᠯ ᠪᠠ ᠲᠥᠯ ᠮᠠᠯ ᠢ᠋ ᠲᠡᠵᠢᠭᠡᠨ ᠠᠷᠠᠴᠢᠯᠠᠬᠤ ᠬᠠᠮᠢᠶᠠᠷᠤᠯᠲᠠ ᠵᠢ ᠴᠢᠩᠭᠠᠳᠭᠠᠵᠤ᠂ ᠮᠠᠯ ᠤᠨᠤᠭ᠎ᠠ ᠳ᠋ᠠᠭᠠᠨ ᠦᠭᠬᠦ ᠲᠡᠵᠢᠭᠡᠯ ᠡᠪᠡᠰᠦ ᠪᠣᠷᠳᠣᠭ᠎ᠠ ᠵᠢ ᠵᠦᠢ ᠵᠣᠬᠢᠰᠲᠠᠢ ᠲᠣᠬᠢᠷᠠᠭᠤᠯᠤᠨ ᠂ ᠲᠥᠯ ᠮᠠᠯ ᠤ᠋ᠨ ᠪᠤᠢᠵᠢᠯᠳᠠ ᠵᠢᠨ ᠨᠣᠷᠮ᠎ᠠ ᠵᠢ ᠪᠦᠬᠦ ᠲᠠᠯ᠎ᠠ ᠪᠡᠷ ᠲᠠᠬᠡᠭᠰᠢᠯᠡᠬᠦᠯᠬᠦ ᠵᠢ ᠪᠠᠳᠤᠯᠠᠪᠠ ᠃

— ᠡᠪᠡᠰᠦ ᠪᠣᠷᠳᠣᠭ᠎ᠠ ᠵᠢᠨ ᠨᠥᠭᠡᠴᠡᠯᠡᠯᠲᠡ ᠵᠢ ᠪᠦᠬᠦ ᠬᠦᠴᠦᠨ ᠵᠢᠨᠷ ᠵᠢᠨᠨ ᠰᠠᠢᠲᠤᠷ ᠠᠳᠭᠤᠪᠠ᠃ ᠨᠢᠳᠤᠨᠤᠨ ᠬᠡᠰᠡᠭ ᠭᠠᠵᠠᠷ ᠲᠦ᠍ ᠭᠠᠩ ᠬᠠᠭᠰᠠᠷᠠᠭᠠᠨ ᠡᠬᠦᠰᠦᠭᠰᠡᠨ ᠵᠡᠷᠭᠡ ᠠᠰᠢᠭ ᠥᠬᠡᠢ ᠨᠥᠯᠥᠭᠡ ᠵᠢ ᠢᠯᠠᠨ ᠳᠠᠪᠠᠵᠤ᠂ ᠬᠠᠳᠤᠯᠠᠩ ᠪᠡᠯᠴᠢᠭᠡᠷ ᠤ᠋ᠨ ᠡᠪᠡᠰᠦ ᠵᠢ ᠬᠠᠳᠤᠵᠤ ᠨᠥᠭᠡᠴᠡᠯᠡᠬᠦ ᠵᠢ ᠰᠠᠢᠲᠤᠷ ᠠᠳᠭᠤᠬᠰᠠᠨ ᠤ᠋ ᠬᠠᠮᠲᠤ ᠠᠮᠤ ᠪᠤᠳᠠᠭᠠᠨ ᠤ᠋ ᠳᠠᠷᠢᠮᠠᠯ ᠢ᠋ ᠳᠡᠵᠢᠭᠡᠯ ᠪᠣᠷᠳᠣᠭᠠᠨ ᠤ᠋ ᠳᠠᠷᠢᠮᠠᠯ ᠪᠣᠯᠭᠠᠨ ᠬᠤᠪᠢᠷᠠᠭᠤᠯᠬᠤ ᠵᠢ ᠭᠦᠨᠵᠡᠭᠡᠢ ᠬᠡᠷᠡᠭᠵᠢᠭᠦᠯᠵᠤ᠂ ᠰᠦᠯ ᠰᠠᠢᠲᠠᠢ ᠲᠡᠵᠢᠭᠡᠯ ᠡᠪᠡᠰᠦ ᠪᠤᠷᠳᠤᠭᠠᠨ ᠤ᠋ ᠰᠠᠭᠤᠷᠢᠨ ᠤ᠋ ᠪᠦᠲᠦᠭᠡᠨ ᠪᠠᠢᠭᠤᠯᠤᠯᠲᠠ ᠵᠢ ᠲᠦᠷᠭᠡᠳᠭᠡᠵᠠᠢ᠃ ᠨᠢᠳᠤᠨᠤᠨ ᠪᠦᠬᠦ ᠣᠷᠣᠨ ᠤ᠋ ᠬᠥᠬᠡ ᠳᠠᠷᠤᠰᠢ ᠵᠢᠨ ᠡᠷᠳᠡᠨᠢ ᠰᠢᠰᠢ᠂ ᠴᠠᠷᠭᠠᠰᠤ ᠪᠠ ᠨᠣᠬᠠᠢ ᠵᠢᠨ ᠬᠣᠰᠢᠭᠤ ᠲᠠᠷᠢᠬᠰᠠᠨ ᠲᠠᠯᠠᠪᠠᠢ ᠳᠤᠰ ᠳᠤᠰ 1200 ᠲᠦᠮᠡᠨ ᠮᠦ᠍᠂ 400 ᠲᠦᠮᠡᠨ ᠮᠦ᠍ ᠪᠠ 260 ᠲᠦᠮᠡᠨ ᠮᠦ᠍ ᠳ᠋ᠦ᠍ ᠬᠦᠷᠴᠦ᠂ ᠲᠡᠵᠢᠭᠡᠯ ᠡᠪᠡᠰᠦ ᠪᠣᠷᠳᠣᠭᠠᠨ ᠤ᠋ ᠤᠨᠠᠯᠲᠠ 5300 ᠲᠦᠮᠡᠨ ᠲᠤᠨ ᠢ᠋ ᠳᠠᠪᠠᠭᠰᠠᠨ ᠪᠠᠢᠨ᠎ᠠ᠃

— ᠬᠠᠰᠢᠶ᠎ᠠ ᠰᠠᠷᠠᠪᠴᠢ ᠵᠡᠷᠭᠡ ᠰᠠᠭᠤᠷᠢ ᠲᠥᠬᠥᠭᠡᠷᠦᠮᠵᠢ ᠵᠢ ᠲᠠᠰᠤᠷᠠᠯᠲᠠ ᠦᠭᠡᠢ ᠲᠡᠭᠦᠯᠳᠡᠷᠵᠢᠭᠦᠯᠪᠡ᠃ ᠪᠦᠬᠦ ᠣᠷᠣᠨ ᠳ᠋ᠦ᠍ ᠪᠡᠯᠴᠢᠭᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠤᠨ ᠳᠡᠰ ᠳᠡᠪᠰᠢᠬᠦᠯᠬᠦ ᠪᠠ ᠬᠠᠰᠢᠶᠠᠯᠠᠨ ᠲᠡᠵᠢᠭᠡᠵᠦ ᠠᠷᠠᠴᠢᠯᠠᠬᠤ ᠵᠢ ᠡᠷᠴᠢᠮᠵᠢᠭᠦᠯᠦᠨ ᠠᠬᠢᠭᠤᠯᠵᠤ᠂ ᠮᠠᠯᠵᠢᠬᠤ ᠣᠷᠣᠨ ᠤ᠋ ᠬᠠᠰᠢᠶ᠎ᠠ ᠰᠠᠷᠠᠪᠴᠢ᠂ ᠡᠪᠡᠰᠦ ᠪᠣᠷᠳᠣᠭ᠎ᠠ ᠵᠢᠨ ᠬᠥᠮᠥᠷᠭᠡ ᠵᠢᠴᠢ ᠲᠠᠷᠢᠶᠠᠯᠠᠬᠤ ᠣᠷᠣᠨ ᠤ᠋ ᠦᠢᠯᠡᠳᠪᠦᠷᠢᠯᠡᠯ ᠤ᠋ᠨ ᠰᠠᠭᠤᠷᠢ ᠲᠦᠭᠦᠭᠡᠷᠦᠮᠵᠢ ᠵᠢᠨ ᠲᠦᠪᠰᠢᠨ ᠢ᠋ ᠪᠦᠲᠦᠮᠵᠢᠲᠡᠢ ᠳᠡᠭᠡᠭᠰᠢᠯᠡᠭᠦᠯᠵᠦ᠂ ᠪᠤᠳᠠ ᠪᠤᠭ ᠮᠠᠯ ᠤ᠋ᠨ ᠤᠨᠳᠤᠷᠤᠯᠳᠠ ᠵᠢᠨ ᠨᠣᠷᠮ᠎ᠠ ᠵᠢ 98% ᠡᠴᠡ ᠳᠡᠭᠡᠭᠰᠢ ᠪᠠᠢᠬᠤ ᠵᠢ ᠪᠠᠳᠤᠯᠠᠵᠤ᠂ ᠲᠥᠯ ᠲᠣᠰᠴᠤ ᠪᠣᠢᠵᠢᠭᠤᠯᠬᠤ ᠠᠵᠢᠯ ᠤ᠋ᠨ ᠤᠷᠤᠭᠰᠢᠲᠠᠢ ᠶᠠᠪᠤᠭᠳᠠᠬᠤ ᠵᠢ ᠦᠨᠡᠨ ᠬᠦ᠌ ᠪᠠᠲᠤᠯᠠᠪᠠ ᠃

— ᠲᠥᠯ ᠲᠤᠰᠴᠦ ᠪᠤᠢᠵᠢᠭᠤᠯᠬᠤ ᠠᠵᠢᠯ ᠤ᠋ᠨ ᠵᠢᠯᠣᠭᠣᠳᠤᠯᠭ᠎ᠠ ᠪᠠ ᠮᠡᠷᠭᠡᠵᠢᠯ ᠤ᠋ᠨ ᠦᠢᠯᠡᠴᠢᠯᠡᠭᠡ ᠵᠢ ᠴᠢᠩᠭᠠᠳᠭᠠᠪᠠ᠃ ᠮᠡᠷᠭᠡᠵᠢᠯᠲᠡᠨ ᠢ᠋ ᠵᠣᠬᠢᠶᠠᠨ ᠪᠠᠢᠭᠤᠯᠵᠤ ᠮᠠᠯᠵᠢᠬᠤ ᠲᠠᠷᠢᠶᠠᠯᠠᠬᠤ ᠡᠷᠦᠬᠡ ᠳ᠋ᠦ᠍ ᠭᠦᠨᠵᠡᠭᠡᠢᠷᠡᠨ ᠲᠡᠵᠢᠭᠡᠵᠤ ᠠᠷᠠᠴᠢᠯᠠᠬᠤ ᠬᠠᠮᠢᠶᠠᠷᠤᠯᠲᠠ᠂ ᠭᠡᠮ ᠬᠢᠵᠢᠭ ᠢ᠋ ᠰᠡᠷᠭᠡᠢᠯᠡᠨ ᠵᠠᠰᠠᠬᠤ ᠵᠡᠷᠭᠡ ᠬᠡᠷᠡᠭᠯᠡᠭᠡᠨ ᠤ᠋ ᠮᠡᠷᠭᠡᠵᠢᠯ ᠢ᠋ ᠲᠦᠬᠡᠮᠡᠯᠵᠢᠬᠦᠯᠵᠤ᠂ ᠨᠢᠭᠡᠳᠦᠭᠡᠷ ᠹᠷᠣᠨᠲ ᠲᠦ᠍ ᠭᠦᠨᠵᠡᠭᠡᠢᠷᠡᠨ ᠠᠷᠢᠭᠤᠳᠭᠠᠬᠤ ᠡᠮ ᠤ᠋ᠨ ᠵᠦᠢᠯ᠂ ᠡᠩ ᠤ᠋ᠨ ᠡᠮ ᠤ᠋ᠨ ᠵᠦᠢᠯ ᠵᠡᠷᠭᠡ ᠵᠢ ᠲᠦᠭᠡᠭᠡᠨ ᠥᠭᠴᠦ᠂ ᠲᠥᠯ ᠮᠠᠯ ᠤ᠋ᠨ ᠪᠤᠢᠵᠢᠯᠳᠠ ᠵᠢᠨ ᠨᠣᠷᠮ᠎ᠠ ᠵᠢ ᠦᠨᠡᠨ ᠬᠦ᠌ ᠳᠡᠭᠡᠭᠰᠢᠯᠡᠭᠦᠯᠪᠡ᠃

— ᠬᠢᠵᠢᠭ ᠤ᠋ᠨ ᠬᠤᠭᠤᠴᠠᠭᠠᠨ ᠳ᠋ᠠᠬᠢ ᠡᠪᠡᠰᠦ ᠪᠣᠷᠳᠣᠭ᠎ᠠ ᠵᠢᠨ ᠬᠠᠩᠭᠠᠯᠭ᠎ᠠ ᠵᠢ ᠪᠦᠬᠦ ᠬᠦᠴᠦᠨ ᠵᠢᠨᠷ ᠵᠢᠨᠨ ᠪᠠᠲᠤᠯᠠᠪᠠ᠃ ᠡᠯ᠎ᠡ ᠭᠠᠵᠠᠷ ᠤ᠋ᠨ ᠬᠢᠨ ᠡᠪᠡᠰᠦ ᠪᠣᠷᠳᠣᠭ᠎ᠠ ᠵᠢᠨ ᠲᠣᠬᠢᠷᠠᠭᠤᠯᠤᠯᠳᠠ ᠵᠢ ᠴᠢᠩᠭᠠᠳᠭᠠᠵᠤ᠂ ᠳᠡᠵᠢᠭᠡᠯ ᠡᠪᠡᠰᠦ ᠪᠣᠷᠳᠣᠭ᠎ᠠ ᠲᠤᠭᠳᠠᠭᠳᠠᠵᠤ ᠪᠠᠢᠭ᠎ᠠ ᠡᠷᠦᠬᠡ ᠳ᠋ᠤ ᠲᠠᠷᠤᠢᠬᠠᠨ ᠡᠪᠡᠰᠤ ᠪᠤᠷᠳᠤᠭ᠎ᠠ ᠰᠢᠯᠵᠢᠭᠦᠯᠵᠤ ᠦᠭᠬᠦ ᠵᠡᠷᠭᠡ ᠠᠵᠢᠯ ᠢ᠋ ᠢᠳᠡᠪᠬᠢᠲᠡᠢ ᠪᠠᠷ ᠵᠣᠬᠢᠴᠠᠭᠤᠯᠤᠨ ᠰᠢᠢᠳᠪᠦᠷᠢᠯᠡᠵᠦ᠂ ᠬᠢᠵᠢᠭ ᠤ᠋ᠨ ᠪᠠᠢᠳᠠᠯ ᠢ᠋ ᠴᠢᠩᠭ᠎ᠠ ᠰᠡᠷᠭᠡᠢᠯᠡᠨ ᠡᠵᠡᠮᠳᠡᠭᠦ ᠵᠢᠨ ᠬᠠᠮᠲᠤ ᠮᠠᠯ ᠠᠵᠤ ᠠᠬᠤᠢ ᠵᠢᠨ ᠦᠢᠯᠡᠳᠪᠦᠷᠢᠯᠡᠯ ᠤ᠋ᠨ ᠬᠡᠪ ᠤ᠋ᠨ ᠡᠮᠬᠢ ᠵᠢᠷᠤᠮ ᠢ᠋ ᠦᠨᠡᠨ ᠬᠦ᠌ ᠪᠠᠲᠤᠯᠠᠪᠠ᠃

ᠡᠢᠨ ᠬᠦ᠌ ᠪᠦᠳᠦᠮᠵᠢᠳᠠᠢ ᠠᠷᠭ᠎ᠠ ᠬᠡᠮᠵᠢᠶ᠎ᠠ ᠵᠢ ᠠᠪᠤᠭᠰᠠᠨ ᠡᠴᠡ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠨᠢᠳᠤᠨᠤᠨ ᠡᠪᠦᠯ ᠡᠴᠡ ᠨᠠᠭᠠᠰᠢᠬᠢ ᠬᠢᠵᠢᠭ ᠤ᠋ᠨ ᠪᠠᠢᠳᠠᠯ ᠪᠣᠯᠤᠨ ᠬᠦᠢᠲᠡᠨ ᠤᠷᠤᠰᠭᠠᠯ ᠤ᠋ᠨ ᠴᠠᠭ ᠠᠭᠤᠷ ᠤ᠋ᠨ ᠨᠥᠯᠥᠭᠡ ᠵᠢ ᠴᠢᠷᠮᠠᠢᠨ ᠠᠷᠭᠠᠴᠠᠭᠠᠵᠦ᠂ ᠲᠥᠯ ᠲᠣᠰᠴᠤ ᠪᠣᠢᠵᠢᠭᠤᠯᠬᠤ ᠠᠵᠢᠯ ᠤ᠋ᠨ ᠡᠮᠬᠢ ᠵᠢᠷᠤᠮ ᠲᠠᠢ ᠶᠠᠪᠤᠭᠳᠠᠬᠤ ᠵᠢ ᠪᠠᠳᠤᠯᠠᠨ᠂ ᠪᠦᠬᠦ ᠵᠢᠯ ᠤ᠋ᠨ ᠮᠠᠯ ᠠᠵᠤ ᠠᠬᠤᠢ ᠵᠢᠨ ᠬᠦᠭᠵᠢᠯᠳᠡ ᠳ᠋ᠦ᠍ ᠰᠠᠢᠨ ᠰᠠᠭᠤᠷᠢ ᠵᠢ ᠲᠠᠯᠪᠢᠵᠤ ᠥᠭᠴᠡᠢ᠃ ᠪᠦᠷᠢᠨ ᠪᠤᠰᠤ ᠪᠦᠷᠢᠳᠬᠡᠯ ᠵᠢᠡᠷ᠂ 3 ᠰᠠᠷ᠎ᠠ ᠵᠢᠨ ᠡᠭᠢᠨ ᠪᠣᠯᠲᠠᠯ᠎ᠠ ᠪᠦᠬᠦ ᠣᠷᠣᠨ ᠤ᠋ ᠬᠡᠪᠴᠢᠶᠡᠨ᠎ᠳᠦ ᠨᠡᠢᠳᠡ 1748 ᠲᠦᠮᠡᠨ ᠪᠤᠳᠠ ᠪᠤᠭ ᠮᠠᠯ ᠤ᠋ᠨ ᠲᠥᠯ ᠲᠣᠰᠴᠤ᠂ ᠥᠩᠭᠡᠷᠡᠭᠰᠡᠨ ᠵᠢᠯ ᠤ᠋ᠳ ᠤ᠋ᠨ ᠠᠳᠠᠯᠢ ᠬᠤᠭᠤᠴᠠᠭᠠᠨ ᠤ᠋ ᠬᠢ ᠡᠴᠡ ᠢᠯᠡᠳᠳᠡ ᠰᠠᠢᠨ ᠪᠠᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面