2023-03-13 09:24:48
ᠲᠦᠷᠦᠬᠦᠬᠡᠨ᠂ ᠪᠠᠶᠠᠨᠨᠠᠭᠤᠷ ᠬᠣᠲᠠ᠎ᠶᠢᠨ ᠬᠠᠩᠭᠢᠨ ᠬᠣᠢᠲᠤ ᠬᠣᠰᠢᠭᠤ ᠪᠣᠯᠤᠨ ᠳ᠋ᠧᠩᠺᠧᠦ ᠰᠢᠶᠠᠨ ᠪᠣᠭᠣᠳᠠᠶ᠎ᠪᠠᠨ ᠲᠠᠷᠢᠵᠤ ᠡᠬᠢᠯᠡᠵᠡᠢ᠂ ᠡᠨᠡ ᠵᠢᠯ ᠬᠣᠶᠠᠷ ᠭᠠᠵᠠᠷ ᠲᠣᠰ ᠲᠣᠰ 24 ᠲᠦᠮᠡᠨ ᠮᠥ᠍ ᠪᠣᠭᠣᠳᠠᠶ᠂ 8 ᠲᠦᠮᠡᠨ ᠮᠥ᠍ ᠪᠣᠭᠣᠳᠠᠶ ᠳᠠᠷᠢᠬᠤ᠎ᠪᠠᠷ ᠲᠥᠯᠥᠪᠯᠡᠵᠦ ᠪᠣᠶ᠃
ᠬᠠᠩᠭᠢᠨ ᠬᠣᠢᠲᠤ ᠬᠣᠰᠢᠭᠤᠨ᠎ᠤ ᠱᠠ ᠬᠠᠢ ᠪᠠᠯᠭᠠᠰᠤᠨ᠎ᠤ ᠪᠠ ᠢ ᠲᠣᠰᠬᠣᠨ᠎ᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠲᠤ ᠰᠢᠨ᠎ᠡ ᠬᠡᠯᠪᠡᠷᠢ᠎ᠶᠢᠨ ᠡᠷᠭᠢᠯᠳᠦᠭᠦᠯᠦᠨ ᠬᠠᠭᠠᠯᠪᠤᠷᠢᠯᠠᠵᠤ ᠪᠤᠷᠳᠤᠭᠤᠷ ᠤᠷᠤᠭᠤᠯᠬᠤ ᠮᠠᠰᠢᠨ ᠲᠠᠷᠢᠶᠠᠨ ᠭᠠᠵᠠᠷ᠎ᠲᠤ ᠨᠠᠭᠠᠰᠢ ᠴᠠᠭᠠᠰᠢ ᠰᠦᠯᠵᠢᠯᠳᠦᠵᠦ ᠶᠠᠭᠠᠷᠠᠨ᠎ᠠ᠃

ᠪᠠ ᠢ ᠲᠣᠰᠬᠣᠨ᠎ᠤ ᠬᠢᠨ ᠪᠣᠭᠣᠳᠠᠶ ᠲᠠᠷᠢᠵᠤ ᠪᠠᠢᠭ᠎ᠠ ᠨᠢ
ᠪᠤᠭᠤᠲᠠᠢ ᠲᠠᠷᠢᠬᠤ ᠲᠤᠬᠠᠶ᠎ᠶᠢᠨ ᠲᠠᠯᠠᠪᠠᠶ᠎ᠳᠤ ᠬᠠᠩᠭᠢᠨ ᠬᠣᠢᠲᠤ ᠬᠣᠰᠢᠭᠤᠨ᠎ᠤ ᠲᠠᠷᠢᠶᠠᠯᠠᠩ᠎ᠤᠨ ᠮᠡᠷᠭᠡᠵᠢᠯ᠎ᠢ ᠳᠡᠯᠭᠡᠷᠡᠭᠦᠯᠬᠦ ᠠᠵᠢᠯᠲᠠᠳ ᠲᠠᠷᠢᠶᠠᠴᠢᠳ᠎ᠤᠨ ᠰᠡᠵᠢᠭ ᠡᠭᠡᠳᠡᠷᠡᠭᠡ᠎ᠶᠢ ᠳᠡᠢᠯᠵᠦ᠂ ᠪᠣᠭᠣᠳᠠᠶ᠎ᠶᠢᠨ ᠲᠠᠷᠢᠮᠠᠯ᠎ᠤᠨ ᠴᠢᠭᠢᠭ᠎ᠦᠨ ᠪᠠᠢᠳᠠᠯ᠎ᠢ ᠡᠵᠡᠮᠰᠢᠬᠦ᠂ ᠠᠩᠬᠠᠷᠬᠤ ᠵᠦᠢᠯ ᠵᠢᠴᠢ ᠲᠥᠷᠥᠯ ᠵᠦᠢᠯ᠎ᠢ ᠰᠣᠩᠭᠣᠬᠤ ᠵᠡᠷᠭᠡ ᠠᠭᠤᠯᠭ᠎ᠠ᠎ᠶᠢᠨ ᠲᠣᠭᠣᠷᠢᠨ᠎ᠳᠤ ᠨᠠᠷᠢᠨ ᠲᠠᠢᠯᠤᠮᠵᠢ ᠬᠢᠵᠦ᠂ ᠡᠯ᠎ᠡ ᠲᠣᠰᠬᠣᠨ ᠳᠤᠭᠤᠢᠯᠠᠩ᠎ᠤᠨ ᠲᠠᠷᠢᠶᠠᠨ ᠭᠠᠵᠠᠷ᠎ᠲᠤ ᠭᠦᠨᠵᠡᠭᠡᠢᠷᠡᠨ᠂ ᠪᠥᠬᠥ ᠶᠠᠪᠤᠴᠠ᠎ᠳᠤ ᠲᠠᠷᠢᠶᠠᠴᠢᠨ ᠡᠷᠦᠬᠡ᠎ᠶᠢᠨ ᠰᠢᠨᠵᠢᠯᠡᠬᠦ ᠤᠬᠠᠭᠠᠨᠴᠢ᠎ᠪᠠᠷ ᠲᠠᠷᠢᠶ᠎ᠠ ᠳᠠᠷᠢᠬᠤ᠎ᠶᠢ ᠵᠢᠯᠣᠭᠣᠳᠪᠠ᠃ 《ᠣᠲᠣ ᠬᠦᠷᠦᠰᠦᠨ᠎ᠤ ᠴᠢᠭᠢᠭ᠎ᠤᠨ ᠪᠠᠢᠳᠠᠯᠰᠠᠢᠨ ᠪᠠᠢᠨ᠎ᠠ᠂ ᠪᠢᠳᠡ ᠴᠠᠭ᠎ᠢ ᠵᠠᠪᠳᠤᠨ᠂ 1000 ᠮᠥ᠍ ᠪᠣᠭᠣᠳᠠᠶ ᠳᠠᠷᠢᠬᠤ᠎ᠪᠠᠷ ᠲᠥᠯᠥᠪᠯᠡᠵᠦ ᠪᠤᠢ᠃ ᠤᠯᠤᠰ᠎ᠤᠨ ᠡᠯ᠎ᠡ ᠵᠦᠢᠯ᠎ᠦᠨ ᠨᠥᠬᠥᠪᠥᠷᠢ ᠤᠯᠠᠨ᠂ ᠪᠢᠳᠡ ᠠᠮᠤ ᠪᠤᠳᠠᠭ᠎ᠠ ᠵᠢᠨ ᠲᠠᠷᠢᠮᠠᠯ ᠲᠠᠷᠢᠬᠤ᠎ᠳᠤ ᠨᠡᠯᠢᠶᠡᠳ ᠢᠲᠡᠭᠡᠯ᠎ᠲᠡᠶ ᠪᠠᠢᠨ᠎ᠠ᠂ ᠠᠮᠤ ᠪᠤᠳᠠᠭ᠎ᠠ ᠵᠢᠨ ᠲᠠᠷᠢᠮᠠᠯ ᠠᠷᠪᠢᠨ ᠲᠠᠷᠢᠮᠠᠨᠵᠢᠨ ᠰᠠᠶᠢ ᠥᠪᠡᠷ᠎ᠦᠨ ᠪᠤᠳᠠᠭᠠᠨ ᠠᠶᠠᠭ᠎ᠠ᠎ᠪᠠᠨ ᠴᠢᠩᠭ᠎ᠠ ᠠᠳᠬᠤᠵᠤ ᠴᠢᠳᠠᠨ᠎ᠠ》 ᠭᠡᠵᠦ ᠪᠠ ᠢ ᠲᠣᠰᠬᠣᠨ᠎ᠤ ᠪᠣᠭᠣᠳᠠᠶ᠎ᠶᠢᠨ ᠲᠠᠷᠢᠮᠠᠯ᠎ᠤᠨ ᠲᠤᠭᠤᠷᠢᠭ᠎ᠤᠨ ᠬᠠᠷᠢᠭᠤᠴᠠᠯᠭᠠᠲᠠᠨ ᠰᠦ᠍ ᠯᠢᠦ ᠵᠦ᠍ ᠲᠠᠨᠢᠯᠴᠠᠭᠤᠯᠤᠨ᠎ᠠ᠃
ᠳ᠋ᠸᠩᠺᠸᠤ ᠰᠢᠶᠠᠨ᠎ᠤ ᠳ᠋ᠦ᠋ᠺᠸᠤ ᠪᠠᠯᠭᠠᠰᠤᠨ᠎ᠤ ᠨᠠᠨᠲ᠋ᠠᠨ ᠲᠣᠰᠬᠣᠨ᠎ᠤ ᠲᠠᠷᠢᠶᠠᠨ ᠭᠠᠵᠠᠷ᠎ᠲᠤ ᠲᠠᠷᠢᠶᠠᠴᠢᠳ ᠪᠤᠭᠤᠳᠠᠢ᠎ᠶᠢᠨ ᠦᠷ᠎ᠡ᠂ ᠪᠤᠷᠳᠤᠭᠤᠷ ᠵᠢᠡᠨ ᠬᠠᠮᠲᠤᠳᠤᠨᠢ ᠲᠠᠷᠢᠬᠤ ᠮᠠᠰᠢᠨᠳᠤ ᠬᠢᠵᠦ᠂ ᠲᠷᠠᠺᠲ᠋ᠣᠷ ᠲᠠᠷᠢᠶᠠᠨ᠎ᠳᠦ ᠨᠠᠭᠠᠰᠢ ᠴᠠᠭᠠᠰᠢ ᠲᠠᠪᠬᠢᠨ᠂ ᠪᠤᠭᠤᠳᠠᠢ ᠲᠠᠷᠢᠬᠤ᠂ ᠪᠤᠷᠳᠤᠭᠤᠷ ᠣᠷᠣᠭᠤᠯᠬᠤ᠎ᠶᠢ ᠨᠢᠭᠡ ᠯᠡ ᠤᠳᠠᠭ᠎ᠠ᠎ᠳᠤ ᠪᠡᠶᠡᠯᠡᠭᠦᠯᠵᠤ ᠶᠠᠪᠤᠨ᠎ᠠ᠃ 《ᠣᠳᠣ᠎ᠶᠢᠨ ᠤᠯᠤᠰ᠎ᠤᠨ ᠲᠥᠷᠥ᠎ᠶᠢᠨ ᠪᠣᠳᠣᠯᠭ᠎ᠠ ᠰᠠᠢᠨ ᠪᠣᠯᠬᠤᠷ ᠮᠥ᠍ ᠪᠦᠷᠢᠳᠦ 150 ᠲᠥᠭᠥᠷᠢᠭ᠎ᠦᠨ ᠨᠥᠬᠥᠪᠥᠷᠢ ᠥᠭᠭᠦᠨ᠎ᠡ᠂ ᠰᠡᠭᠦᠯᠴᠢ᠎ᠶᠢᠨ ᠬᠤᠭᠤᠴᠠᠭᠠᠨ᠎ᠳᠤ ᠲᠠᠷᠢᠶ᠎ᠠ ᠪᠠᠨ ᠰᠠᠢᠲᠤᠷ ᠠᠷᠠᠴᠢᠯᠠᠴᠢᠬᠠᠪᠠᠯ ᠡᠨᠡ ᠵᠢᠯ ᠰᠠᠢᠨ ᠬᠤᠷᠢᠶᠠᠯᠲᠠ ᠤᠯᠬᠤ᠎ᠳᠤ ᠪᠠᠲᠤᠯᠠᠭ᠎ᠠ ᠲᠠᠢ》 ᠭᠡᠵᠦ ᠲᠠᠷᠢᠮᠠᠯ᠎ᠤᠨ ᠲᠣᠮᠣ ᠡᠷᠦᠬᠡ ᠵᠣᠣ ᠱᠧᠩ ᠴᠢᠶᠠᠩ ᠪᠠᠶᠠᠷᠯᠠᠨ᠎ᠠ᠃
ᠣᠳᠣᠬᠠᠨ᠎ᠳᠤ᠂ ᠪᠠᠶᠠᠨᠨᠠᠭᠤᠷ ᠬᠣᠲᠠ᠎ᠶᠢᠨ ᠡᠯ᠎ᠡ ᠭᠠᠵᠠᠷ᠎ᠤᠨ ᠬᠠᠪᠤᠷ᠎ᠤᠨ ᠪᠣᠭᠣᠳᠠᠶ ᠳᠠᠷᠢᠬᠤ ᠠᠵᠢᠯ ᠶᠠᠭ ᠡᠮᠬᠢ ᠲᠢᠭᠯᠢᠮ ᠲᠠᠢ ᠶᠠᠪᠤᠭᠳᠠᠵᠤ᠂ ᠵᠢᠱ᠌ᠢᠯᠲᠡ᠎ᠪᠡᠷ 3 ᠰᠠᠷ᠎ᠠ᠎ᠶᠢᠨ ᠰᠡᠭᠦᠯᠴᠢ᠎ᠪᠡᠷ ᠳᠠᠭᠤᠰᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃