ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠮᠡᠳᠡᠭᠡᠯᠡᠯ

2022-10-26 16:44:40

ᠵᠣᠬᠢᠶᠠᠭ᠍ᠴᠢ᠄ ᠪᠠᠶ ᠯᠢᠶᠠᠨ ᠡᠸ᠋ ᠱᠤᠸᠠᠨ ᠬᠤ᠌ ᠢᠳᠡᠷᠬᠡᠭ ᠣᠩᠱᠢᠭ᠍ᠰᠠᠨ ᠣᠳᠠᠭ᠎ᠠ᠄ 3

ᠰᠤᠷᠤᠭ᠍ᠴᠢᠳ᠎ᠲᠤ ᠬᠣᠭᠣᠯᠠ ᠪᠤᠳᠠᠭ᠎ᠠ ᠬᠦᠷᠭᠡᠵᠦ᠍᠂ ᠬᠢᠵᠢᠭ᠎ᠲᠡᠶ ᠲᠡᠮᠡᠴᠡᠬᠦ᠌ ᠡᠳ᠋ ᠪᠣᠳᠠᠰ᠎ᠢ ᠲᠦᠭᠡᠭᠡᠵᠦ᠍ ᠥᠭ᠌ᠭᠦᠨ᠎ᠠ ᠁ ᠡᠳᠡᠭᠡᠷ ᠡᠳᠦᠷ ᠲᠤ᠌᠂ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ ᠮᠣᠩᠭᠣᠯ ᠰᠤᠳᠤᠯᠤᠯ᠎ᠤᠨ ᠳᠡᠭᠡᠳᠦ ᠰᠤᠷᠭᠠᠭᠤᠯᠢ᠎ᠶ᠋ᠢᠨ ᠵᠠᠯᠠᠭᠤ ᠪᠠᠭ᠍ᠰᠢ ᠴᠧᠩ ᠷᠧᠨ ᠰᠤᠷᠭᠠᠭᠤᠯᠢ᠎ᠶ᠋ᠢᠨ ᠬᠦᠷᠢᠶᠡᠨ᠎ᠦ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ ᠲᠤ᠌ ᠭᠠᠪᠰᠢᠭᠠᠢᠯᠠᠨ᠎ᠠ᠃ ᠬᠡᠴᠢᠨᠡᠨ ᠶᠠᠳᠠᠷᠠᠵᠤ ᠵᠦᠳᠡᠷᠡᠵᠤ ᠪᠠᠢᠪᠠᠴᠤ ᠴᠧᠩ ᠷᠧᠨ ᠵᠤᠯ ᠵᠢᠷᠭᠠᠯᠳᠤ ᠰᠡᠳᠬᠢᠯᠭᠡ ᠪᠠᠨ ᠲᠠᠷᠤᠵᠤ ᠶᠠᠳᠠᠨ᠎ᠠ᠃

10 ᠰᠠᠷ᠎ᠠ᠎ᠶ᠋ᠢᠨ 5 ᠤ᠋ ᠡᠳᠦᠷ᠂ ᠴᠧᠩ ᠷᠧᠨ《 ᠴᠠᠪ ᠴᠠᠭᠠᠨ 》 ᠬᠤᠪᠴᠠᠰᠤ ᠡᠮᠦᠰᠴᠦ᠍᠂ ᠬᠠᠯᠠᠭᠤᠨ ᠠᠭᠤᠷ ᠰᠠᠪᠰᠠᠯᠠᠭ᠍ᠰᠠᠨ ᠪᠤᠳᠠᠭ᠎ᠠ ᠨᠣᠭᠣᠭ᠎ᠠ ᠵᠢ ᠭᠤᠷᠪᠠᠨ ᠬᠦᠷᠳᠦᠲᠦ ᠴᠠᠬᠢᠯᠭᠠᠨ ᠲᠡᠷᠭᠡ ᠪᠡᠷ ᠰᠤᠷᠤᠭ᠍ᠴᠢ᠎ᠶ᠋ᠢᠨ ᠪᠠᠢᠷᠢ᠎ᠶ᠋ᠢᠨ ᠲᠣᠭᠣᠷᠢᠭ᠎ᠲᠤ ᠬᠦᠷᠪᠡ᠃

《ᠨᠦᠬᠦᠳ ᠡ᠂ ᠬᠣᠭᠣᠯᠠ᠎ᠪᠠᠨ ᠢᠳᠡᠭᠡᠷᠡᠢ!》᠂ ᠴᠧᠩ ᠷᠧᠨ ᠪᠠᠭ᠍ᠰᠢ᠎ᠶ᠋ᠢᠨ ᠳᠠᠭᠤᠨ᠎ᠢ ᠰᠣᠨᠣᠰᠤᠭᠠᠳ ᠬᠣᠶᠠᠷ ᠡᠷᠡᠭ᠌ᠲᠡᠶ ᠰᠤᠷᠤᠭ᠍ᠴᠢ ᠳᠠᠷᠤᠢᠬᠠᠨ ᠤᠭ᠍ᠲᠤᠨ ᠭᠠᠷᠴᠤ᠌ ᠢᠷᠡᠪᠡ᠃

ᠡᠨᠡ ᠬᠦ᠌ ᠴᠠᠭ ᠮᠥᠴᠡ᠎ᠳᠦ᠂ ᠴᠧᠩ ᠷᠧᠨ᠎ᠦ ᠲᠦᠷᠦᠭᠰᠡᠨ ᠨᠤᠲᠤᠭ 1600 ᠺᠢᠯᠣᠮᠧᠲ᠋ᠷ᠎ᠦᠨ ᠴᠠᠭᠠᠨᠠᠬᠢ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠴᠠᠷᠠᠰᠤᠨ ᠪᠠᠯᠭᠠᠰᠤᠨ᠎ᠤ ᠨᠢᠭᠡᠨ ᠪᠠᠭᠤᠳᠠᠯ᠎ᠳᠤ᠂ ᠡᠷᠬᠢᠮ ᠵᠣᠴᠢᠳ ᠳᠦᠭᠦᠷᠲᠡᠯ᠎ᠡ ᠰᠠᠭᠤᠵᠤ᠂ ᠬᠥᠷ ᠬᠥᠭ᠌ᠵᠢᠶᠡᠨᠲᠡᠶ ᠬᠤᠷᠢᠮ᠎ᠤᠨ ᠶᠣᠰᠣᠯᠠᠯ᠎ᠢᠶᠡᠨ ᠶᠠᠪᠤᠭ᠍ᠳᠠᠭᠤᠯᠤᠨ᠎ᠠ᠃ ᠰᠤᠨᠢᠷᠬᠠᠯᠳᠠᠢ ᠨᠢ᠂ ᠠᠬᠤᠢ ᠲᠠᠯᠠᠪᠠᠢ ᠳ᠋ᠤ ᠱᠢᠨ᠎ᠡ ᠬᠦᠷᠭᠡᠨ ᠱᠢᠨ᠎ᠡ ᠪᠡᠷᠢ᠎ᠶ᠋ᠢᠨ ᠪᠠᠷ᠎ᠠ ᠬᠠᠷᠠᠭ᠍ᠳᠠᠬᠤ ᠦᠭᠡᠢ᠂ ᠭᠤᠶᠤ ᠰᠠᠢᠬᠠᠨ ᠬᠤᠷᠢᠮ᠎ᠤᠨ ᠭᠡᠷᠡᠯ ᠵᠢᠷᠤᠭ ᠨᠢ ᠬᠤᠶᠠᠷ ᠱᠢᠨ᠎ᠡ ᠬᠥᠮᠦᠨ᠎ᠢ ᠣᠷᠣᠯᠠᠵᠤ᠂ ᠡᠨᠡ ᠰᠠᠢᠬᠠᠨ ᠴᠠᠭ ᠮᠥᠴᠡ᠎ᠶ᠋ᠢ ᠭᠡᠷᠡᠴᠢᠯᠡᠨ᠎ᠡ᠃

ᠡᠨᠡ ᠬᠤᠷᠢᠮ ᠤ᠋ᠨ ᠶᠤᠰᠤᠯᠠᠯ᠎ᠤᠨ ᠱᠢᠨ᠎ᠡ ᠬᠦᠷᠭᠡᠨ ᠪᠤᠯ ᠳᠠᠷᠤᠢ ᠴᠧᠩ ᠷᠧᠨ ᠪᠤᠯᠤᠨ᠎ᠠ᠃

ᠬᠣᠭᠣᠯᠠ ᠬᠦᠷᠭᠡᠵᠤ ᠪᠠᠷᠠᠭᠰᠠᠨ ᠤ᠋ ᠲᠠᠷᠠᠭ᠎ᠡ᠂ ᠴᠧᠩ ᠷᠧᠨ ᠭᠠᠷ ᠤᠲᠠᠰᠤ᠎ᠪᠠᠨ ᠭᠠᠷᠭᠠᠨ ᠡᠵᠢ᠎ᠶ᠋ᠢᠨ᠎ᠢᠶᠡᠨ ᠶᠠᠪᠤᠭᠤᠯᠤᠭ᠍ᠰᠠᠨ ᠬᠤᠷᠢᠮ᠎ᠤᠨ ᠶᠣᠰᠣᠯᠠᠯ᠎ᠤᠨ ᠠᠬᠤᠢ ᠲᠠᠯᠠᠪᠠᠢ᠎ᠶ᠋ᠢᠨ ᠸᠢᠳᠢᠣ᠋᠎ᠶ᠋ᠢ ᠦᠵᠡᠵᠤ᠂ ᠵᠣᠴᠢᠳ᠎ᠢᠶᠠᠨ ᠵᠣᠴᠢᠯᠠᠵᠤ ᠪᠠᠢᠬᠤ ᠡᠵᠢ ᠪᠠᠨ ᠦᠵᠡᠭᠡᠳ ᠵᠢᠷᠭᠠᠯ ᠲᠠᠢ ᠰᠠᠨᠠᠭᠳᠠᠬᠤ ᠪᠤᠯᠪᠠᠴᠤ ᠵᠢᠭᠠᠬᠠᠨ ᠬᠠᠷᠠᠮᠰᠠᠯᠳᠠᠢ ᠵᠦᠢᠯ ᠪᠠᠢᠬᠤ ᠮᠡᠳᠦ ᠪᠤᠳᠤᠭᠳᠠᠨ᠎ᠠ᠃

ᠡᠨᠡ ᠬᠦ᠌ ᠮᠥᠴᠡ᠎ᠳᠦ᠂ ᠴᠧᠩ ᠷᠧᠨ᠎ᠦ ᠬᠠᠢᠷᠠᠲᠤ ᠬᠥᠮᠦᠨ᠂ ᠠᠳᠠᠯᠢ ᠪᠡᠷ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ ᠪᠠᠭ᠍ᠰᠢ ᠴᠡᠯᠡᠭᠡᠷ ᠦᠳᠡ᠎ᠶ᠋ᠢᠨ ᠡᠮᠦᠨᠡᠬᠢ ᠰᠦᠯᠵᠢᠶᠡᠨ᠎ᠲᠡᠭᠡᠷᠡᠬᠢ ᠬᠢᠴᠢᠶᠡᠯ᠎ᠢᠶᠡᠨ ᠰᠠᠶᠢᠬᠠᠨ ᠤᠷᠤᠵᠤ ᠳᠠᠭᠤᠰᠭᠠᠭᠠᠳ᠂ ᠬᠤᠷᠢᠮ᠎ᠤᠨ ᠶᠣᠰᠣᠯᠠᠯ᠎ᠤᠨ ᠠᠬᠤᠶ ᠲᠠᠯᠠᠪᠠᠶ᠎ᠶ᠋ᠢᠨ ᠸᠢᠳᠢᠣ᠋᠎ᠶ᠋ᠢ ᠨᠡᠭᠡᠭᠡᠨ ᠦᠵᠡᠪᠡ᠃

ᠤᠤᠯ ᠨᠢ᠂ 10 ᠰᠠᠷ᠎ᠠ᠎ᠶ᠋ᠢᠨ 2 ᠎ᠤ᠋ᠨ ᠡᠳᠦᠷ᠂ ᠴᠧᠩ ᠷᠧᠨ ᠪᠣᠯᠤᠨ ᠴᠡᠯᠡᠭᠡᠷ ᠴᠢᠯᠥᠭᠡ ᠪᠡᠨ ᠭᠤᠶᠤᠵᠤ᠂ ᠨᠠᠷᠢᠨ ᠨᠢᠮᠪᠠᠢ ᠪᠡᠯᠡᠳᠭᠡᠭ᠌ᠰᠡᠨ ᠬᠤᠷᠢᠮ᠎ᠤᠨ ᠶᠣᠰᠣᠯᠠᠯ᠎ᠤᠨ ᠲᠡᠪᠡᠯ ᠬᠤᠪᠴᠠᠰᠤ᠎ᠪᠠᠨ ᠠᠪᠴᠤ᠌᠂ ᠶᠠᠭ ᠨᠤᠲᠤᠭ᠎ᠲᠠᠭᠠᠨ ᠪᠤᠴᠠᠬᠤ᠎ᠪᠠᠷ ᠪᠡᠯᠡᠳᠭᠡᠵᠦ᠍ ᠪᠠᠢᠲᠠᠯ᠎ᠠ᠂ ᠴᠧᠩ ᠷᠧᠨ ᠤ᠋ ᠪᠠᠢᠭ᠎ᠠ ᠳᠡᠭᠡᠳᠦ ᠰᠤᠷᠭᠠᠭᠤᠯᠢ᠎ᠶ᠋ᠢᠨ ᠨᠠᠮ᠎ᠤᠨ ᠬᠣᠷᠢᠶᠠᠨ᠎ᠤ ᠱᠦᠵᠢ᠎ᠡᠴᠡ ᠪᠠᠭ᠍ᠰᠢ ᠠᠵᠢᠯᠲᠠᠨ᠎ᠤ ᠠᠵᠢᠯ᠎ᠤᠨ ᠵᠢᠷᠭᠢᠶ᠎ᠡ ᠵᠢᠨ ᠬᠤᠯᠪᠤᠭ᠎ᠠ᠎ᠳᠦ᠄《ᠰᠤᠷᠭᠠᠭᠤᠯᠢ᠎ᠶ᠋ᠢᠨ ᠬᠦᠷᠢᠶᠡᠨ᠎ᠦ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠪᠠᠢᠳᠠᠯ ᠪᠠᠴᠢᠮ᠂ ᠪᠠᠭ᠍ᠰᠢ᠎ᠨᠠᠷ ᠰᠠᠬᠢᠨ ᠰᠠᠭᠤᠬᠤ ᠴᠢᠬᠤᠯᠠᠲᠠᠶ ᠪᠠᠢᠨ᠎ᠠ》 ᠭᠡᠰᠡᠨ ᠴᠢᠮᠡᠭᠡ ᠨᠡᠢᠳᠡᠯᠡᠪᠡ᠃

ᠡᠭᠦᠷᠭᠡ ᠬᠠᠷᠢᠭᠤᠴᠠᠯᠭ᠎ᠠ ᠵᠢ ᠵᠠᠢᠯᠠᠭᠤᠯᠵᠤ ᠪᠣᠯᠤᠰᠢ ᠦᠭᠡᠢ ᠶᠤᠮ᠃ ᠵᠢᠭᠠᠬᠠᠨ ᠲᠠᠲᠠᠭᠠᠯᠵᠠᠭ᠍ᠰᠠᠨ᠎ᠤ ᠳᠠᠷᠠᠭ᠎ᠠ᠂ ᠲᠡᠷᠡ ᠰᠠᠨᠠᠭᠠᠴᠢᠯᠠᠭ᠎ᠠ᠎ᠡᠴᠡ᠎ᠪᠠᠨ ᠰᠤᠷᠭᠠᠭᠤᠯᠢ᠎ᠳᠠᠭᠠᠨ ᠬᠤᠴᠤᠷᠤᠨ ᠰᠠᠬᠢᠨ ᠰᠠᠭᠤᠵᠤ᠂ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠡᠮᠦᠨ᠎ᠡ ᠹᠷᠣᠨᠲ᠎ᠲᠤ ᠡᠷᠡᠰ ᠱᠢᠭᠤᠷᠬᠠᠶ᠎ᠪᠠᠷ ᠣᠷᠣᠯᠴᠠᠨ᠂ ᠠᠷᠢᠭᠤᠳᠬᠠᠵᠤ ᠂ ᠵᠥᠭᠡᠭᠡᠪᠦᠷᠢᠯᠡᠵᠤ᠂ ᠡᠳ᠋ ᠪᠤᠳᠠᠰ᠎ᠢ ᠬᠤᠪᠢᠶᠠᠨ ᠲᠠᠷᠬᠠᠭᠠᠬᠤ ᠠᠵᠢᠯ᠎ᠳᠤ ᠭᠠᠪᠰᠢᠭᠠᠢᠯᠠᠪᠠ; ᠰᠤᠷᠤᠭ᠍ᠴᠢᠳ᠎ᠤᠨ ᠡᠷᠡᠭᠦᠯ ᠮᠡᠨᠳᠦ᠍ ᠵᠢᠨ ᠪᠠᠢᠳᠠᠯ ᠵᠢᠡᠨ ᠮᠡᠳᠡᠬᠦᠯᠬᠦ ᠵᠢ ᠱᠠᠯᠠᠪᠳᠠᠭᠤᠯᠪᠠ ᠁ ᠡᠢᠮᠤᠷᠬᠥᠦ ᠪᠠᠢᠳᠠᠯ ᠲᠤᠤᠷ᠎ᠠ ᠴᠡᠯᠡᠭᠡᠷ ᠴᠤ᠌ ᠰᠠᠨᠠᠭᠠᠴᠢᠯᠠᠭ᠎ᠠ᠎ᠡᠴᠡ᠎ᠪᠠᠨ ᠰᠤᠷᠭᠠᠭᠤᠯᠢ᠎ᠳᠦ ᠪᠠᠨ ᠦᠯᠡᠳᠡᠪᠡ᠃

《ᠠᠮᠠᠷᠠᠭ ᠬᠤᠩᠭᠤᠷ ᠲᠠᠢ ᠪᠠᠨ ᠬᠤᠷᠢᠮ᠎ᠤᠨ ᠶᠣᠰᠣᠯᠠᠯ ᠶᠠᠪᠤᠬᠳᠠᠭᠤᠯᠵᠤ ᠴᠢᠳᠠᠬᠰᠠᠨ ᠦᠭᠡᠢ ᠨᠢ ᠮᠢᠨᠦ᠍ ᠬᠠᠷᠠᠮᠰᠠᠯ ᠪᠣᠯᠤᠨ᠎ᠠ᠂ ᠭᠡᠪᠡᠴᠦ᠍ ᠰᠤᠷᠭᠠᠭᠤᠯᠢ᠎ᠶ᠋ᠢᠨ 1000 ᠭᠠᠷᠤᠢ ᠪᠠᠭ᠍ᠰᠢᠨᠠᠷ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ᠎ᠲᠤ ᠡᠷᠡᠯᠬᠡᠭ᠌ᠯᠡᠨ ᠲᠡᠮᠡᠴᠡᠵᠦ᠍᠂ ᠪᠢ ᠵᠥᠪᠬᠡᠨ ᠬᠢᠪᠡᠰᠦ ᠵᠣᠬᠢᠬᠤ ᠠᠵᠢᠯ᠎ᠢᠶᠠᠨ ᠬᠢᠭ᠌ᠰᠡᠨ ᠶᠠᠪᠤᠳᠠᠯ ᠪᠤᠯᠬᠤ ᠶᠤᠮ》 ᠭᠡᠵᠦ᠍ ᠴᠧᠩ ᠷᠧᠨ ᠬᠡᠯᠡᠪᠡ᠃

ᠬᠤᠷᠢᠮ ᠤ᠋ᠨ ᠶᠣᠰᠣᠯᠠᠯ᠎ᠤᠨ ᠠᠬᠤᠢ ᠲᠠᠯᠠᠪᠤᠷ᠎ᠲᠤ᠂ ᠴᠧᠩ ᠷᠧᠨ᠎ᠦ ᠡᠵᠢ ᠨᠢ᠄ 《ᠡᠨᠡ ᠮᠦᠴᠡ ᠳ᠋ᠤ ᠰᠡᠳᠬᠢᠯ ᠳᠣᠭ᠍ᠳᠣᠯᠬᠤ᠎ᠡᠴᠡ ᠭᠠᠳᠠᠨ᠎ᠠ ᠪᠠᠰᠠ ᠵᠢᠭᠠᠬᠠᠨ ᠰᠡᠳᠬᠢᠯ ᠲᠤᠳᠠᠭᠤ ᠪᠠᠢᠨ᠎ᠠ᠂ ᠭᠡᠪᠡᠴᠦ᠍ ᠲᠡᠳᠡ ᠰᠤᠷᠤᠭ᠍ᠴᠢᠳ᠎ᠤᠨ ᠠᠮᠤᠷ ᠲᠦᠪᠱᠢᠨ᠎ᠦ ᠲᠥᠯᠥᠭᠡ ᠦᠯᠡᠳᠡᠵᠡᠢ᠂ ᠪᠢ ᠲᠡᠳᠡᠨ᠎ᠦ ᠲᠥᠯᠥᠭᠡ ᠣᠮᠣᠭ᠍ᠰᠢᠨ᠎ᠠ! 》 ᠭᠡᠵᠦ ᠬᠡᠯᠡᠪᠡ᠃

《ᠴᠧᠩ ᠷᠧᠨ ᠪᠠᠭ᠍ᠰᠢ᠎ᠶ᠋ᠢ ᠵᠦᠩᠨᠡᠶ᠎ᠡ! ᠲᠡᠳᠡᠨ᠎ᠦ ᠦᠯᠢᠭᠡᠷ ᠨᠢ ᠬᠥᠮᠦᠰ᠎ᠢ ᠳᠣᠭ᠍ᠳᠣᠯᠤᠭᠤᠯᠤᠨ᠎ᠠ᠂ ᠪᠠᠰᠠ ᠬᠥᠮᠦᠰ᠎ᠢ ᠪᠢᠱᠢᠷᠡᠭᠦᠯᠦᠨ᠎ᠡ 》 ᠃

ᠴᠢᠩ ᠰᠡᠳᠭᠢᠯ᠎ᠦᠨ ᠵᠥᠩᠨᠡᠯ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ ᠬᠦᠷᠢᠶᠡᠨ᠎ᠳᠦ ᠤᠯᠠᠮᠵᠢᠯᠠᠭ᠍ᠳᠠᠵᠤ᠂ ᠡᠨᠡ ᠬᠦ᠌ ᠣᠨᠴᠠᠭᠠᠶ 《ᠰᠦᠯᠵᠢᠶᠡᠨ ᠲᠡᠭᠡᠷᠡᠬᠢ ᠬᠤᠷᠢᠮ᠎ᠤᠨ ᠶᠣᠰᠣᠯᠠᠯ》᠎ᠨᠢ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ᠎ᠲᠤ ᠤᠯᠠᠮᠵᠢᠯᠠᠬᠳᠠᠬᠰᠠᠨ ᠰᠠᠢᠬᠠᠨ ᠥᠯᠢᠭᠡᠷ ᠪᠤᠯᠵᠥ ᠲᠠᠮᠵᠢᠬᠳᠠᠨ᠎ᠠ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面