ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠮᠡᠳᠡᠭᠡᠯᠡᠯ

2022-11-05 13:17:58

ᠵᠣᠬᠢᠶᠠᠭ᠍ᠴᠢ᠄ ​ᠸᠠᠩ ᠺᠦᠨ ᠸᠠᠩ ᠯᠢ ᠵᠢᠤᠸᠠᠨ ᠣᠩᠱᠢᠭ᠍ᠰᠠᠨ ᠣᠳᠠᠭ᠎ᠠ᠄ 3

《ᠰᠤᠪᠢᠯᠠᠭ᠍ᠴᠢ ᠡᠭᠡᠴᠢ ᠡ᠂ ᠲᠠ᠎ᠨᠠᠷ᠎ᠤᠨ ᠬᠠᠪᠰᠤᠷᠤᠯᠭ᠎ᠠ᠎ᠳᠤ ᠲᠠᠯᠠᠷᠬᠠᠵᠤ ᠪᠠᠢᠨ᠎ᠠ᠂ ᠪᠢ ᠡᠨᠡ ᠤᠳᠠᠭᠠᠨ᠎ᠤ ᠴᠢᠬᠤᠯᠠ ᠱᠢᠯᠭᠠᠯᠲᠠ᠎ᠪᠠᠨ ᠠᠮᠵᠢᠯᠲᠠ᠎ᠲᠠᠶ ᠰᠢᠯᠭᠠᠪᠠ》᠃ 10 ᠰᠠᠷ᠎ᠠ᠎ᠶ᠋ᠢᠨ 30 ᠎ᠤ᠋ ᠦᠳᠡ᠎ᠶ᠋ᠢᠨ 12 ᠴᠠᠭ᠎ᠤᠨ ᠦᠶ᠎ᠡ᠎ᠪᠡᠷ᠂ ᠴᠡᠯᠡᠭᠡᠷ ᠲᠠᠯ᠎ᠠ ᠴᠢᠩᠭᠡᠯᠢᠭ ᠡᠮᠨᠡᠯᠭᠡ᠎ᠶ᠋ᠢᠨ ᠬᠣᠷᠢᠶᠠᠨ᠎ᠤ 2 ᠳ᠋ᠤᠭᠠᠷ ᠨᠣᠮᠧᠷᠲᠤ ᠣᠷᠳᠣᠨ᠎ᠳᠤ᠂ ᠱᠢᠥᠢ ᠣᠪᠣᠭ᠍ᠲᠤ ᠬᠡᠤᠬᠡᠨ B ᠲᠣᠭᠣᠷᠢᠭ᠎ᠤᠨ ᠰᠤᠪᠢᠯᠠᠭ᠍ᠴᠢ᠎ᠶ᠋ᠢᠨ ᠥᠷᠲᠡᠭᠡᠨ᠎ᠳᠦ ᠬᠦᠷᠴᠦ᠍ ᠱᠢᠯᠢ᠎ᠶ᠋ᠢᠨ ᠭᠤᠤᠯ ᠠᠢᠮᠠᠭ᠎ᠤ᠋ᠨ ᠬᠦᠬᠡᠬᠤᠳᠠ ᠵᠢ ᠲᠤᠰᠠᠯᠠᠬᠤ ᠪᠡᠷ ᠢᠷᠡᠭ᠌ᠰᠡᠨ ᠡᠮᠴᠢᠯᠡᠭᠡᠨ᠎ᠦ ᠠᠩᠭᠢ᠎ᠶ᠋ᠢᠨ ᠰᠤᠪᠢᠯᠠᠭ᠍ᠴᠢᠳ᠎ᠲᠤ ᠲᠠᠯᠠᠷᠬᠠᠯ ᠳᠡᠪᠱᠢᠭᠦᠯᠪᠡ᠃

ᠤᠤᠯ ᠨᠢ᠂ ᠱᠢᠤᠢ ᠣᠪᠣᠭ᠍ᠲᠤ ᠬᠡᠤᠬᠡᠨ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠡᠪᠡᠳᠴᠢᠨ᠎ᠦ ᠢᠯᠡᠷᠡᠯ ᠥᠬᠡᠶ ᠬᠠᠯᠳᠠᠪᠤᠷᠢᠯᠠᠭ᠍ᠳᠠᠭᠴᠢ ᠪᠡᠷ ᠲᠤᠳᠤᠯᠠᠭᠳᠠᠵᠤ ᠴᠢᠩᠭᠡᠯᠢᠭ ᠡᠮᠨᠡᠯᠭᠡ ᠵᠢᠨ ᠬᠤᠷᠢᠶᠠᠨ᠎ᠳᠦ ᠤᠷᠤᠵᠤ ᠰᠠᠭᠤᠬᠤ᠎ᠡᠴᠡ ᠡᠮᠦᠨ᠎ᠡ᠂ 10 ᠰᠠᠷ᠎ᠠ᠎ᠶ᠋ᠢᠨ 29 ᠤ᠋ ᠡᠳᠦᠷ ᠪᠠ 30 ᠎ᠤ᠋ ᠡᠳᠦᠷ᠎ᠰᠢᠯᠭᠠᠭᠤᠯᠬᠤ ᠱᠢᠯᠭᠠᠯᠲᠠ᠎ᠶ᠋ᠢᠨ ᠮᠡᠳᠡᠭ᠌ᠳᠡᠯ᠎ᠢ ᠣᠯᠵᠠᠶ᠃ ᠡᠨᠡ ᠤᠳᠠᠭᠠᠨ᠎ᠤ ᠱᠢᠯᠭᠠᠯᠲᠠ ᠨᠢ ᠲᠡᠬᠥᠨ ᠳ᠋ᠤ ᠠᠪᠴᠤ᠌ ᠬᠡᠯᠡᠪᠡᠯ ᠲᠤᠢᠯ᠎ᠦᠨ ᠴᠢᠬᠤᠯᠠ᠂ ᠭᠡᠲᠡᠯ᠎ᠡ ᠱᠢᠨ᠎ᠡ ᠲᠢᠲᠢᠮᠯᠢᠭ ᠠᠭᠤᠰᠭᠢᠨ ᠦᠷᠪᠢᠰᠦᠯ ᠤ᠋ᠨ ᠸᠢᠷᠦ᠋ᠰ ᠨᠢ ᠲᠡᠭᠦᠨ᠎ᠦ ᠤᠤᠯ᠎ᠤᠨ ᠱᠢᠯᠭᠠᠯᠲᠠ᠎ᠶ᠋ᠢᠨ ᠲᠥᠯᠥᠪᠯᠡᠭᠡ᠎ᠶ᠋ᠢ ᠰᠠᠮᠠᠭᠤᠷᠠᠭᠤᠯᠪᠠ᠃ ᠲᠤᠰ ᠤᠳᠠᠭᠠᠨ᠎ᠤ ᠰᠦᠯᠵᠢᠶᠡᠨ ᠳᠡᠭᠡᠷᠡᠬᠢ ᠱᠢᠯᠭᠠᠯᠲᠠ᠎ᠶ᠋ᠢᠨ ᠱᠠᠭᠠᠷᠳᠠᠯᠭ᠎ᠠ ᠮᠠᠰᠢ ᠴᠢᠩᠭ᠎ᠠ᠄ ᠱᠢᠯᠭᠠᠯᠲᠠ᠎ᠶ᠋ᠢᠨ ᠲᠠᠯᠠᠪᠤᠷ᠎ᠲᠤ ᠤᠷᠢᠳ᠎ᠢᠶᠠᠷ ᠸᠢᠳᠢᠣ᠋᠎ᠪᠠᠷ ᠬᠥᠮᠦᠨ᠎ᠦ ᠵᠢᠰᠦ ᠴᠢᠷᠠᠢ᠎ᠶ᠋ᠢ ᠢᠯᠭᠠᠨ ᠲᠠᠨᠢᠵᠤ᠂ ᠨᠠᠮ ᠵᠢᠮ ᠲᠤᠰᠠᠭᠠᠷ ᠣᠷᠣᠨ ᠵᠠᠶ᠎ᠲᠠᠶ ᠪᠠᠢᠬᠤ ᠬᠡᠷᠡᠭ᠌ᠲᠡᠶ ᠪᠥᠭᠡᠳ ᠱᠢᠯᠭᠠᠯᠲᠠ᠎ᠶ᠋ᠢᠨ ᠬᠤᠭᠤᠴᠠᠭᠠᠨ᠎ᠳᠤ᠂ ᠱᠢᠯᠭᠠᠯᠲᠠ᠎ᠶ᠋ᠢᠨ ᠲᠠᠯᠠᠪᠤᠷ᠎ᠲᠤ ᠪᠥᠬᠥ᠌ ᠶᠠᠪᠤᠴᠠ᠎ᠳᠤ ᠳᠦᠷᠰᠦ ᠱᠢᠩᠭᠡᠭᠡᠯᠳᠠ ᠬᠢᠬᠥ ᠬᠡᠷᠡᠭ᠌ᠲᠡᠶ᠂ ᠪᠤᠰᠤᠳ ᠬᠠᠮᠢᠶ᠎ᠠ ᠥᠬᠡᠶ ᠬᠥᠮᠦᠨ ᠱᠢᠯᠭᠠᠯᠲᠠ᠎ᠶ᠋ᠢᠨ ᠲᠠᠯᠠᠪᠤᠷ᠎ᠲᠤ ᠨᠠᠭᠠᠰᠢ ᠴᠠᠭᠠᠰᠢ ᠣᠷᠣᠵᠤ ᠭᠠᠷᠴᠤ᠌ ᠪᠣᠯᠬᠤ ᠥᠬᠡᠶ᠂ ᠡᠰᠡ ᠲᠡᠭᠡᠪᠡᠯ ᠲᠣᠭ᠍ᠲᠠᠭᠠᠯ᠎ᠡᠴᠡ ᠵᠥᠷᠢᠴᠡᠭ᠌ᠰᠡᠨ᠎ᠢᠶᠡᠷ ᠱᠢᠶ᠋ᠳᠪᠦᠷᠢᠯᠡᠨ᠎ᠡ ᠭᠡᠪᠡ᠃

10 ᠰᠠᠷ᠎ᠠ᠎ᠶ᠋ᠢᠨ 26 ᠎ᠤ᠋ ᠡᠳᠦᠷ᠂ ᠴᠡᠯᠡᠭᠡᠷ ᠲᠠᠯ᠎ᠠ ᠴᠢᠩᠭᠡᠯᠢᠭ ᠡᠮᠨᠡᠯᠭᠡ᠎ᠶ᠋ᠢᠨ ᠬᠣᠷᠢᠶ᠎ᠠ᠎ᠶ᠋ᠢᠨ 2 ᠳ᠋ᠤᠭᠠᠷ ᠨᠣᠮᠧᠷᠲᠤ ᠤᠷᠳᠤᠨ᠎ᠢ ᠵᠢᠯᠣᠭᠣᠳᠭᠤ ᠭᠠᠵᠠᠷ᠎ᠤᠨ ᠳᠠᠷᠤᠭ᠎ᠠ ᠦ᠋ ᠶᠣᠣ ᠲᠤᠰ ᠬᠡᠤᠬᠡᠨ᠎ᠤ ᠪᠠᠢᠳᠠᠯ᠎ᠢ ᠤᠢ᠍ᠢᠯᠠᠭᠠᠭ᠍ᠰᠠᠨ᠎ᠤ ᠳᠠᠷᠠᠭ᠎ᠠ᠂ ᠲᠡᠷᠡ ᠳᠠᠷᠤᠢ᠎ᠳᠤᠨᠢ ᠱᠢᠯᠢ᠎ᠶ᠋ᠢᠨ ᠭᠣᠣᠯ ᠠᠢᠮᠠᠭ᠎ᠤᠨ ᠬᠦᠬᠡᠬᠤᠳᠠ ᠵᠢ ᠲᠤᠰᠠᠯᠠᠬᠤ ᠪᠡᠷ ᠢᠷᠡᠭᠰᠡᠨ ᠡᠮᠴᠢᠯᠡᠭᠡᠨ᠎ᠦ ᠠᠩᠬᠢ᠎ᠲᠠᠶ ᠬᠠᠷᠢᠯᠴᠠᠪᠠ᠃ ᠲᠤᠰ ᠡᠳᠦᠷ᠎ᠦᠨ 10 ᠴᠠᠭ᠎ᠲᠤ᠂ ᠲᠤᠰ ᠤᠷᠳᠤᠨ᠎ᠤ ᠰᠤᠪᠢᠯᠠᠭ᠍ᠴᠢ᠎ᠶ᠋ᠢᠨ ᠳᠠᠷᠤᠭ᠎ᠠ ᠨᠠᠷ ᠮᠡᠳᠡᠭ᠌ᠳᠡᠯ᠎ᠢ ᠣᠯᠤᠭ᠍ᠰᠠᠨ᠎ᠤ ᠳᠠᠷᠠᠭ᠎ᠠ᠂ ᠲᠡᠷᠡ ᠲᠤᠤᠷ᠎ᠠ ᠪᠡᠨ ᠡᠮᠴᠢᠯᠡᠭᠡᠨ᠎ᠦ ᠠᠩᠭᠢ᠎ᠶ᠋ᠢᠨ ᠰᠤᠪᠢᠯᠠᠭ᠍ᠴᠢᠳ᠎ᠢᠶᠡᠨ ᠴᠤᠭ᠍ᠯᠠᠭᠤᠯᠵᠤ ᠪᠡᠯᠡᠳᠭᠡᠯ ᠠᠵᠢᠯ ᠬᠢᠪᠠ᠃ ᠲᠡᠳᠡ ᠴᠢᠩᠭᠡᠯᠢᠭ ᠡᠮᠨᠡᠯᠭᠡ᠎ᠶ᠋ᠢᠨ ᠬᠣᠷᠢᠶᠡᠨ ᠳ᠋ᠡᠬᠢ ᠨᠥᠬᠥᠴᠡᠯ ᠬᠢᠵᠠᠭᠠᠷ᠎ᠲᠠᠶ ᠪᠠᠢᠬᠰᠠᠨ ᠴᠸ᠋ ᠲᠦᠷᠭᠡᠨ ᠠᠪᠤᠷᠠᠯᠳᠠ ᠵᠢᠨ ᠲᠠᠰᠤᠭ᠎ᠢᠶᠡᠨ ᠱᠢᠯᠭᠠᠯᠲᠠ᠎ᠶ᠋ᠢᠨ ᠲᠠᠯᠠᠪᠤᠷ ᠪᠣᠯᠭᠠᠨ ᠥᠭᠡᠷᠡᠴᠢᠯᠡᠵᠠᠶ᠃ ᠲᠤᠰ ᠤᠷᠤᠢ᠎ᠶ᠋ᠢᠨ 20 ᠴᠠᠭ᠎ᠲᠤ᠂ ᠠᠵᠢᠯᠲᠠᠳ 《ᠱᠢᠯᠭᠠᠯᠲᠠ᠎ᠶ᠋ᠢᠨ ᠲᠠᠯᠠᠪᠤᠷ》 ᠲᠸ᠋ ᠣᠷᠣᠵᠤ᠂ ᠤᠯᠠᠨ ᠰᠠᠯᠠᠭ᠎ᠠ ᠮᠥᠴᠢᠷ᠎ᠲᠡᠶ ᠵᠣᠬᠢᠴᠠᠭᠤᠯᠤᠨ᠂ ᠲᠦᠷᠭᠡᠨ ᠠᠪᠤᠷᠠᠯᠳᠠ᠎ᠶ᠋ᠢᠨ ᠲᠠᠰᠤᠭ᠎ᠢ ᠭᠦᠢᠴᠡᠳ ᠠᠷᠢᠭᠤᠳᠭᠠᠵᠤ᠂ ᠲᠤᠬᠠᠢ᠎ᠶ᠋ᠢᠨ ᠲᠠᠯᠠᠪᠠᠢ᠎ᠶ᠋ᠢᠨ ᠳ᠋ᠧᠩ᠎ᠦᠨ ᠭᠡᠷᠡᠯ᠂ ᠴᠠᠬᠢᠯᠭᠠᠨ ᠤᠭᠯᠠᠭᠤᠷ ᠤ᠋ᠨ ᠬᠠᠪᠲᠠᠰᠤ᠂ ᠱᠢᠷᠡᠭᠡ ᠰᠠᠨᠳᠠᠯᠢ᠎ᠶ᠋ᠢ ᠪᠠᠢᠷᠢᠯᠠᠭᠤᠯᠵᠤ᠂ ᠰᠦᠯᠵᠢᠶᠡᠨ᠎ᠦ ᠲᠤᠬᠢᠶ᠎ᠠ᠎ᠶ᠋ᠢ ᠱᠢᠯᠭᠠᠵᠤ᠂ ᠲᠦᠷᠭᠡᠨ ᠠᠪᠤᠷᠠᠯᠳᠠ᠎ᠶ᠋ᠢᠨ ᠲᠠᠰᠤᠭ᠎ᠢ ᠠᠮᠵᠢᠯᠲᠠ᠎ᠲᠠᠶ᠎ᠪᠠᠷ ᠲᠦᠷ ᠴᠠᠭ᠎ᠤᠨ ᠱᠢᠯᠭᠠᠯᠲᠠ᠎ᠶ᠋ᠢᠨ ᠲᠠᠯᠠᠪᠤᠷ ᠪᠤᠯᠭᠠᠪᠠ ᠃

10 ᠰᠠᠷ᠎ᠠ᠎ᠶ᠋ᠢᠨ 27 ᠎ᠤ᠋ ᠡᠳᠦᠷ᠂ ᠱᠢᠦᠢ ᠣᠪᠣᠭ᠍ᠲᠤ ᠬᠡᠤᠬᠡᠨ 《ᠱᠢᠯᠭᠠᠯᠲᠠ᠎ᠶ᠋ᠢᠨ ᠲᠠᠯᠠᠪᠤᠷ》 ᠲᠸ᠋ ᠱᠢᠯᠭᠠᠯᠲᠠ᠎ᠡᠴᠡ ᠡᠮᠦᠨᠡᠬᠢ ᠲᠥᠬᠥᠭᠡᠷᠦᠮᠵᠢ ᠪᠠ ᠱᠢᠯᠭᠠᠯᠲᠠ᠎ᠶ᠋ᠢᠨ ᠲᠠᠯᠠᠪᠤᠷ᠎ᠲᠸ᠋ ᠰᠤᠷᠢᠯᠳᠠ ᠬᠢᠵᠦ᠂ 10 ᠰᠠᠷ᠎ᠠ᠎ᠶ᠋ᠢᠨ 30 ᠎ᠤ᠋ ᠡᠳᠦᠷ᠎ᠦᠨ 11 ᠴᠠᠭ 30 ᠮᠢᠨᠦ᠋ᠲ᠎ᠲᠦ᠂ ᠲᠡᠷᠡ ᠬᠣᠶᠠᠷ ᠤᠳᠠᠭᠠᠨ᠎ᠤ ᠰᠦᠯᠵᠢᠶᠡᠨ ᠳᠡᠭᠡᠷᠡᠬᠢ ᠱᠢᠯᠭᠠᠯᠲᠠ ᠪᠠᠨ ᠤᠷᠤᠭ᠍ᠰᠢᠲᠠᠶ ᠰᠢᠯᠭᠠᠬᠰᠠᠨ ᠪᠠᠢᠨ᠎ᠠ᠃

ᠱᠢᠯᠭᠠᠯᠲᠠ᠎ᠶ᠋ᠢᠨ ᠡᠮᠦᠨ᠎ᠡ ᠬᠣᠢᠨᠠᠬᠢ ᠬᠡᠳᠦᠨ ᠡᠳᠦᠷ᠂ ᠱᠢᠣᠢ ᠣᠪᠣᠭ᠍ᠲᠤ᠎ᠶ᠋ᠢᠨ ᠡᠵᠢ ᠨᠢ ᠱᠢᠣᠢ ᠣᠪᠣᠭ᠍ᠲᠤ᠎ᠶ᠋ᠢᠨ ᠱᠢᠯᠭᠠᠯᠲᠠ ᠤᠷᠤᠭ᠍ᠰᠢᠲᠠᠢ ᠶᠠᠪᠤᠭ᠍ᠳᠠᠵᠤ ᠴᠢᠳᠠᠬᠤ ᠡᠰᠡᠬᠦ᠌᠎ᠶ᠋ᠢᠨ ᠲᠥᠯᠥᠭᠡ ᠶᠡᠬᠡᠲᠡ ᠰᠠᠨᠠᠭ᠎ᠠ ᠪᠤᠯᠵᠤ᠂ ᠲᠤᠰᠬᠠᠢᠯᠠᠨ ᠡᠮᠴᠢ ᠰᠤᠪᠢᠯᠠᠬᠴᠢ᠎ᠶᠢᠨ ᠵᠢᠷᠬᠢᠶ᠎ᠡ ᠵᠢ ᠨᠡᠮᠡᠵᠦ᠍᠂ ᠬᠡᠤᠬᠡᠨ᠎ᠤ ᠪᠠᠨ ᠱᠢᠯᠭᠠᠯᠲᠠ᠎ᠶ᠋ᠢᠨ ᠤᠴᠢᠷ᠎ᠢ ᠵᠥᠪᠳᠡᠯᠴᠡᠭ᠌ᠰᠡᠨ ᠪᠥᠭᠡᠳ ᠲᠠᠯᠠᠷᠬᠠᠯ᠎ᠤᠨ ᠤᠯᠠᠭᠠᠨ ᠪᠠᠭ᠍ᠯᠠᠭ᠎ᠠ ᠢᠷᠡᠭᠦᠯᠪᠡ᠂ ᠰᠤᠪᠢᠯᠠᠭ᠍ᠴᠢ᠎ᠶ᠋ᠢᠨ ᠳᠠᠷᠤᠭ᠎ᠠ᠄《ᠡᠭᠡᠴᠢ ᠡ᠂ ᠲᠡᠯᠠᠷᠬᠠᠬᠤ ᠭᠡᠷᠡᠭ ᠥᠬᠡᠢ᠂ ᠠᠭᠤᠯᠵᠠᠯᠳᠠ ᠪᠤᠯ ᠲᠠᠷᠤᠢ ᠬᠤᠪᠢ ᠢᠷᠦᠭᠡᠯ᠂ ᠬᠠᠷᠢᠯᠴᠠᠨ ᠬᠠᠪᠰᠤᠷᠬᠤ ᠪᠣᠯ ᠮᠠᠨ᠎ᠤ ᠱᠢᠯᠢᠳᠡᠭ ᠤᠯᠠᠮᠵᠢᠯᠠᠯ ᠮᠥᠨ᠃ ᠤᠯᠠᠭᠠᠨ ᠪᠠᠭ᠍ᠯᠠᠭ᠎ᠠ᠎ᠪᠠᠨ ᠪᠤᠴᠠᠭᠠᠨ ᠠᠪᠤᠭᠠᠷᠠᠶ᠂ ᠡᠨᠡ ᠪᠣᠯ ᠮᠠᠨ᠎ᠤ ᠡᠮᠴᠢᠯᠡᠭᠡᠨ ᠤ᠋ ᠠᠵᠢᠯᠲᠠᠨ᠎ᠤ ᠭᠦᠶ᠋ᠴᠡᠳᠭᠡᠪᠡᠰᠦ ᠵᠣᠬᠢᠬᠤ ᠬᠠᠷᠢᠭᠤᠴᠠᠯᠭ᠎ᠠ ᠮᠥᠨ》 ᠭᠡᠵᠦ ᠬᠠᠷᠢᠭᠤ ᠥᠭᠴᠤ ᠪᠠᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面