ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠮᠡᠳᠡᠭᠡᠯᠡᠯ

2022-11-11 20:15:07

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠰᠤᠷᠪᠤᠯᠵᠢᠯᠠᠭᠴᠢ G6 ᠪᠡᠭᠡᠵᠢᠩ᠎ᠡᠴᠡ ᠲᠥᠪᠡᠳ ᠬᠦᠷᠬᠦ ᠲᠦᠷᠭᠡᠨ᠎ᠦ᠌ ᠵᠠᠰᠠᠮᠠᠯ ᠵᠠᠮ᠎ᠤ᠋ᠨ ᠬᠥᠬᠡᠬᠣᠲᠠ᠎ᠶ᠋ᠢᠨ ᠰᠦᠢᠳᠬᠡᠯ ᠬᠤᠷᠢᠶᠠᠬᠤ ᠥᠷᠲᠡᠭᠡ᠎ᠳ᠋ᠦ᠍ ᠤᠯᠵᠤ ᠬᠠᠷᠠᠭᠰᠠᠨ ᠵᠢᠠᠷ᠄ ᠬᠣᠲᠠ ᠳ᠋ᠤ ᠣᠷᠣᠵᠤ ᠬᠤᠲᠠ ᠡᠴᠡ ᠭᠠᠷᠬᠤ ᠪᠠᠢᠴᠠᠭᠠᠯᠲᠠ᠎ᠶ᠋ᠢᠨ ᠵᠠᠮ᠎ᠢ᠋ ᠪᠦᠬᠦᠨ᠎ᠢ᠋ ᠨᠡᠭᠡᠭᠡᠭᠰᠡᠨ᠎ᠪᠠᠢᠯ᠎ᠠ᠂ ᠪᠠᠢᠴᠠᠭᠠᠨ ᠰᠢᠯᠭᠠᠬᠤ ᠵᠠᠮ ᠨᠡᠮᠡᠭᠳᠡᠭᠰᠡᠨ᠎ᠡᠴᠡ ᠪᠣᠯᠵᠤ᠂ ᠬᠥᠮᠦᠨ ᠬᠠᠷ᠎ᠠ᠂ ᠲᠡᠷᠭᠡ ᠤᠨᠤᠭ᠎ᠠ ᠲᠦᠭᠵᠢᠷᠡᠨ ᠰᠠᠭᠠᠲᠠᠬᠤ ᠦᠵᠡᠭᠳᠡᠯ ᠢᠯᠡᠷᠡᠭᠰᠡᠨ ᠦᠭᠡᠢ᠃ ᠵᠢᠯᠣᠭᠤᠴᠢ᠎ᠵᠢᠨ ᠪᠠᠢᠴᠠᠭᠠᠯᠲᠠ ᠵᠢᠨ ᠳ᠋ᠦᠩ ᠨᠢ ᠬᠡᠪ᠎ᠦ᠋ᠨ ᠬᠢ ᠪᠤᠯ ᠰᠢᠭᠤᠳ ᠲᠡᠷᠭᠡ ᠪᠠᠨ ᠵᠢᠯᠣᠭᠣᠳᠤᠨ ᠲᠦᠷᠭᠡᠨ᠎ᠦ᠌ ᠵᠠᠮ᠎ᠳ᠋ᠤ᠌ ᠭᠠᠷᠴᠤ ᠪᠣᠯᠤᠨ᠎ᠠ᠂ ᠠᠶᠠᠯᠠᠭᠴᠢ ᠵᠢ ᠰᠦᠢᠳᠬᠡᠯ ᠬᠤᠷᠢᠶᠠᠬᠤ ᠥᠷᠲᠡᠭᠡᠨ᠎ᠦ᠌ ᠭᠠᠳᠠᠨ᠎ᠠ ᠲᠡᠷᠭᠡ ᠬᠥᠰᠬᠡ ᠬᠦᠯᠢᠶᠡᠵᠦ ᠪᠠᠢᠪᠠᠯ᠂ ᠠᠶᠠᠯᠠᠭᠴᠢ ᠪᠠᠢᠴᠠᠭᠠᠯᠲᠠ ᠵᠢ ᠦᠩᠭᠡᠷᠡᠭᠡᠭᠰᠡᠨ᠎ᠤ᠋ ᠳᠠᠷᠠᠭ᠎ᠠ ᠰᠦᠢᠳᠬᠡᠯ ᠬᠤᠷᠢᠶᠠᠬᠤ ᠠᠭᠤᠳᠠᠮ ᠲᠠᠯᠠᠪᠠᠢ᠎ᠶ᠋ᠢᠨ ᠭᠠᠳᠠᠨ᠎ᠠ ᠬᠦᠯᠢᠶᠡᠵᠦ ᠪᠤᠢ ᠲᠡᠷᠭᠡᠨ᠎ᠤ ᠵᠠᠬ᠎ᠠ ᠳ᠋ᠤ ᠠᠯᠬᠤᠵᠤ ᠬᠦᠷᠦᠭᠡᠳ ᠴᠢᠨᠠᠭᠰᠢ ᠶᠠᠪᠤᠨ᠎ᠠ᠃ ᠳᠠᠭᠠᠷᠢᠵᠤ ᠦᠩᠭᠡᠷᠡᠬᠦ ᠲᠡᠷᠭᠡ ᠬᠦᠰᠭᠡ ᠪᠠ ᠬᠦᠮᠦᠰ ᠪᠤᠯ ᠰᠢᠯᠭᠠᠨ ᠪᠠᠢᠴᠠᠭᠠᠬᠤ ᠠᠯᠬᠤᠮ᠎ᠢ ᠳᠠᠷᠤᠢ ᠲᠦᠷᠭᠡᠨ ᠭᠦᠢᠴᠡᠳᠬᠡᠵᠦ ᠪᠤᠯᠤᠨ᠎ᠠ᠃


微信图片_20221111201648.png


ᠬᠥᠬᠡᠬᠣᠲᠠ᠎ᠶ᠋ᠢᠨ ᠬᠢᠵᠢᠭ᠎ᠦ᠋ᠨ ᠪᠠᠢᠳᠠᠯ᠎ᠢ᠋ ᠰᠡᠷᠭᠡᠢᠯᠡᠨ ᠡᠵᠡᠮᠳᠡᠬᠦ ᠨᠢᠭᠡᠳᠦᠯᠲᠡᠢ ᠪᠠᠢᠷᠢᠯᠠᠭᠤᠯᠤᠯᠲᠠ ᠶᠣᠰᠣᠭᠠᠷ᠂ 11 ᠰᠠᠷ᠎ᠠ᠎ᠶ᠋ᠢᠨ 5 ᠤ᠋ ᠡᠳᠦᠷ᠎ᠡᠴᠡ ᠡᠬᠢᠯᠡᠨ᠂ ᠪᠠᠷᠠᠭᠠᠨ᠎ᠤ᠋ ᠲᠡᠷᠭᠡ᠎ᠶ᠋ᠢᠨ ᠵᠢᠯᠣᠭᠣᠴᠢ ᠪᠠ ᠲᠡᠷᠭᠡᠨ᠎ᠳ᠋ᠦ᠍ ᠰᠠᠭᠤᠭᠰᠠᠳ ᠡᠴᠡ ᠭᠠᠳᠠᠨ᠎ᠠ ᠬᠥᠬᠡᠬᠣᠲᠠ᠎ᠠ᠋ᠴᠠ ᠰᠠᠯᠤᠭᠰᠠᠳ᠂ ᠭᠤᠷᠪᠠᠨ ᠡᠳᠦᠷ ᠳᠤᠲᠤᠷᠠᠬᠢ ᠬᠣᠶᠠᠷ ᠤᠳᠠᠭ᠎ᠠ ᠵᠢᠨ ᠪᠥᠭᠡᠮ ᠬᠦᠴᠢᠯ᠎ᠤᠨ ᠪᠠᠢᠴᠠᠭᠠᠯᠲᠠ ᠵᠢᠨ ᠪᠢᠯᠢᠭ ᠴᠢᠨᠠᠷ᠎ᠤᠨ ᠭᠡᠷᠡᠴᠢ ᠠᠪᠴᠤ᠂ ᠤᠳᠠᠭ᠎ᠠ ᠪᠦᠷᠢ ᠵᠢᠨ ᠪᠠᠢᠴᠠᠭᠠᠯᠲᠠ ᠵᠢᠨ ᠠᠯᠤᠰᠯᠠᠭᠰᠠᠨ ᠴᠠᠭ ᠨᠢ 24 ᠴᠠᠭ᠎ᠠ᠋ᠴᠠ ᠳᠡᠭᠡᠭᠰᠢ ᠪᠠᠢᠬᠤ ᠬᠡᠷᠡᠭᠲᠡᠢ᠂ ᠪᠡᠶ᠎ᠡ ᠵᠢᠨ ᠳᠤᠯᠠᠭᠠᠨ ᠬᠡᠪ᠎ᠦ᠋ᠨ ᠪᠠᠢᠬᠤ᠂ ᠬᠥᠬᠡᠬᠣᠲᠠ᠎ᠶ᠋ᠢᠨ ᠺᠤᠳ᠋ ᠨᠣᠭᠣᠭᠠᠨ ᠪᠠᠢᠬᠤ ᠬᠡᠷᠡᠭᠲᠡᠢ︔ ᠪᠡᠭᠡᠵᠢᠩ᠎ᠳ᠋ᠦ᠍ ᠣᠴᠢᠬᠤ ᠬᠥᠮᠦᠰ ᠬᠣᠶᠠᠷ ᠡᠳᠦᠷ ᠳᠤᠲᠤᠷᠠᠬᠢ ᠬᠣᠶᠠᠷ ᠤᠳᠠᠭ᠎ᠠ ᠵᠢᠨ ᠪᠥᠭᠡᠮ ᠬᠦᠴᠢᠯ᠎ᠦ᠋ᠨ ᠪᠠᠢᠴᠠᠭᠠᠯᠲᠠ᠎ᠶ᠋ᠢᠨ ᠪᠢᠯᠢᠭ ᠴᠢᠨᠠᠷ᠎ᠤᠨ ᠭᠡᠷᠡᠴᠢ ᠠᠪᠴᠤ᠂ ᠤᠳᠠᠭ᠎ᠠ ᠪᠦᠷᠢ᠎ᠵᠢᠨ ᠪᠠᠢᠴᠠᠭᠠᠯᠲᠠ ᠵᠢᠨ ᠠᠯᠤᠰᠯᠠᠭᠰᠠᠨ ᠴᠠᠭ ᠨᠢ 24 ᠴᠠᠭ ᠡᠴᠡ ᠳᠡᠭᠡᠭᠰᠢ᠂ ᠪᠡᠶ᠎ᠡ ᠵᠢᠨ ᠳᠤᠯᠠᠭᠠᠨ ᠬᠡᠪ᠎ᠦ᠋ᠨ ᠪᠠᠢᠬᠤ᠂ ᠬᠥᠬᠡᠬᠣᠲᠠ ᠵᠢᠨ ᠺᠣᠳ᠋ ᠨᠢ ᠨᠤᠭᠤᠭᠠᠨ᠂ ᠪᠡᠭᠡᠵᠢᠩ᠎ᠦ᠋ᠨ ᠡᠷᠡᠭᠦᠯ ᠮᠡᠨᠳᠦ᠎ᠶ᠋ᠢᠨ ᠺᠤᠳ᠋ ᠨᠢ ᠨᠤᠭᠤᠭᠠᠨ ᠪᠠᠢᠪᠠᠯ᠂ ᠬᠤᠪᠢ ᠬᠥᠮᠦᠨ᠎ᠦ᠌ ᠮᠡᠳᠡᠭᠡ ᠵᠠᠩᠭᠢ᠎ᠪᠠᠨ ᠳᠠᠩᠰᠠᠯᠠᠭᠤᠯᠤᠭᠠᠳ ᠬᠥᠬᠡᠬᠣᠲᠠ᠎ᠠ᠋ᠴᠠ ᠰᠠᠯᠵᠤ ᠪᠣᠯᠤᠨ᠎ᠠ᠂ ᠬᠥᠬᠡᠬᠣᠲᠠ᠎ᠠ᠋ᠴᠠ ᠰᠠᠯᠬᠤ ᠭᠡᠷᠡᠴᠢ ᠭᠤᠶᠤᠴᠢᠯᠠᠬᠤ ᠴᠢᠬᠤᠯᠠ ᠦᠭᠡᠢ᠃ ᠬᠥᠬᠡᠬᠣᠲᠠ᠎ᠠ᠋ᠴᠠ ᠰᠠᠯᠬᠤ ᠬᠥᠮᠦᠰ᠎ᠦ᠋ᠨ ᠰᠦᠯᠵᠢᠶᠡᠨ᠎ᠳ᠋ᠤ ᠭᠤᠶᠤᠴᠢᠯᠠᠬᠤ ᠲᠠᠪᠴᠠᠩ᠎ᠢ 11 ᠰᠠᠷ᠎ᠠ᠎ᠶ᠋ᠢᠨ 9 ᠦ᠌ ᠡᠳᠦᠷ᠎ᠦ᠋ᠨ ᠲᠡᠭ ᠴᠠᠭ᠎ᠡᠴᠡ ᠵᠢᠩᠬᠢᠨᠢ᠎ᠪᠡᠷ ᠬᠠᠭᠠᠪᠠ᠃

ᠪᠠᠷᠠᠭᠠᠨ᠎ᠤ ᠲᠡᠷᠭᠡᠨ᠎ᠤ ᠵᠢᠯᠤᠭᠤᠴᠢ ᠡᠴᠡ ᠪᠤᠰᠤᠳ ᠬᠥᠬᠡᠬᠣᠲᠠ᠎ᠳ᠋ᠤ᠌ ᠤᠷᠤᠬᠤ ᠬᠥᠮᠦᠰ 48 ᠴᠠᠭ᠎ᠤ᠋ᠨ ᠳᠣᠲᠣᠷᠠᠬᠢ ᠨᠢᠭᠡ ᠤᠳᠠᠭ᠎ᠠ᠎ᠶ᠋ᠢᠨ ᠪᠥᠭᠡᠮ ᠬᠦᠴᠢᠯ᠎ᠤᠨ ᠪᠠᠢᠴᠠᠭᠠᠯᠲᠠ ᠵᠢᠨ ᠪᠢᠯᠢᠭ ᠴᠢᠨᠠᠷ᠎ᠤᠨ ᠭᠡᠷᠡᠴᠢ᠂ ᠪᠡᠶ᠎ᠡ ᠎ᠵᠢᠨ ᠳᠤᠯᠠᠭᠠᠨ ᠬᠡᠪ᠎ᠦ᠋ᠨ ᠪᠠᠢᠬᠤ᠂ ᠬᠥᠬᠡᠬᠣᠲᠠ ᠵᠢᠨ ᠺᠤᠳ᠋ ᠨᠣᠭᠣᠭᠠᠨ ᠪᠠᠢᠵᠤ᠂ ᠬᠦᠷᠴᠦ ᠢᠷᠡᠭᠰᠡᠨ ᠳᠠᠷᠤᠢ ᠳ᠋ᠤ ᠪᠥᠭᠡᠮ ᠬᠦᠴᠢᠯ᠎ᠤᠨ ᠪᠠᠢᠴᠠᠭᠠᠯᠲᠠ ᠬᠢᠬᠦ ᠴᠢᠬᠤᠯᠠᠲᠠᠢ᠂ ᠬᠥᠬᠡᠬᠣᠲᠠ᠎ᠳ᠋ᠤ᠌ ᠪᠤᠴᠠᠬᠤ ᠡᠴᠡ ᠪᠠᠨ ᠡᠮᠦᠨ᠎ᠡ ᠨᠡᠢᠭᠡᠮ ᠲᠣᠭᠣᠷᠢᠭ᠎ᠲᠠᠭᠠᠨ ᠰᠠᠨᠠᠭᠠᠴᠢᠯᠠᠭ᠎ᠠ᠎ᠠ᠋ᠴᠠ᠎ᠪᠠᠨ ᠮᠡᠳᠡᠭᠦᠯᠵᠦ᠂ ᠬᠥᠬᠡᠬᠣᠲᠠ᠎ᠳ᠋ᠤ᠌ ᠣᠷᠣᠭᠰᠠᠨ᠎ᠤ᠋ ᠳᠠᠷᠠᠭ᠎ᠠ ᠬᠥᠬᠡᠬᠣᠲᠠ᠎ᠶ᠋ᠢᠨ ᠡᠯ᠎ᠡ ᠵᠦᠢᠯ᠎ᠦ᠋ᠨ ᠬᠢᠵᠢᠭ᠎ᠦ᠋ᠨ ᠪᠠᠢᠳᠠᠯ᠎ᠢ᠋ ᠰᠡᠷᠭᠡᠢᠯᠡᠨ ᠡᠵᠡᠮᠳᠡᠬᠦ ᠠᠷᠭ᠎ᠠ ᠬᠡᠮᠵᠢᠶ᠎ᠡ᠎ᠶ᠋ᠢ ᠴᠢᠩᠭ᠎ᠠ ᠬᠡᠷᠡᠭᠵᠢᠭᠦᠯᠦᠨ᠎ᠡ᠃


微信图片_20221111201714.png


ᠣᠳᠣᠬᠠᠨ᠎ᠳ᠋ᠤ᠌ ᠬᠥᠬᠡᠬᠣᠲᠠ ᠡᠴᠡ ᠭᠠᠷᠬᠤ ᠵᠠᠰᠠᠮᠠᠯ ᠵᠠᠮ᠎ᠤᠨ ᠪᠠᠢᠴᠠᠭᠠᠯᠲᠠ ᠵᠢᠨ ᠠᠯᠬᠤᠮ᠎ᠢ ᠳᠥᠭᠥᠮᠴᠢᠯᠡᠵᠦ᠂ ᠪᠠᠢᠴᠠᠭᠠᠨ ᠰᠢᠯᠭᠠᠬᠤ ᠴᠡᠭ᠎ᠢ᠋ ᠪᠦᠬᠦᠨ᠎ᠢ᠋ ᠨᠡᠭᠡᠭᠡᠵᠦ᠂ ᠭᠣᠣᠯ ᠬᠣᠲᠠ ᠵᠢᠨ ᠲᠣᠭᠣᠷᠢᠭ᠎ᠤ᠋ᠨ 12 ᠪᠠᠢᠴᠠᠭᠠᠨ ᠰᠢᠯᠭᠠᠬᠤ ᠴᠡᠭ᠎ᠲᠦ᠍ ᠲᠡᠷᠭᠡ ᠨᠡᠪᠲᠡᠷᠡᠬᠦ ᠵᠠᠮ᠎ᠢ᠋ 24 ᠵᠤᠷᠪᠤᠰ ᠨᠡᠮᠡᠵᠦ᠂ ᠪᠠᠢᠴᠠᠭᠠᠨ ᠰᠢᠯᠭᠠᠬᠤ ᠠᠵᠢᠯᠲᠠᠨ᠎ᠢ᠋ 92 ᠬᠥᠮᠦᠨ ᠨᠡᠮᠡᠭᠳᠡᠭᠦᠯᠵᠦ᠂ ᠵᠢᠷᠭᠤᠭᠠᠨ ᠬᠢᠨᠠᠨ ᠵᠢᠯᠣᠭᠣᠳᠬᠤ ᠳᠤᠭᠤᠢᠯᠠᠩ᠎ᠢ᠋ ᠪᠠᠭᠤᠯᠭᠠᠨ ᠴᠡᠭᠴᠡᠯᠡᠨ ᠰᠠᠢᠵᠢᠷᠠᠭᠤᠯᠵᠤ ᠪᠠᠢᠨ᠎ᠠ᠃

微信图片_20221111201705.png


ᠢᠷᠡᠯᠲᠡ᠄ 《ᠥᠪᠥᠷ ᠮᠣᠩᠭᠣᠯ᠎ᠤ᠋ᠨ ᠰᠣᠨᠢᠨ ᠮᠡᠳᠡᠭᠡ ᠵᠢᠨ ᠷᠠᠳᠢᠤ᠋ ᠨᠡᠪᠲᠡᠷᠡᠭᠦᠯᠭᠡ》 ᠶ᠋ᠢᠨ ᠠᠯᠪᠠᠨ᠎ᠤ᠋ ᠵᠢᠷᠭᠢᠶ᠎ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面