2022-11-09 15:48:39
ᠰᠤᠷᠪᠤᠯᠵᠢᠯᠠᠭ᠍ᠴᠢ 11 ᠰᠠᠷ᠎ᠠ᠎ᠶ᠋ᠢᠨ 8 ᠤ᠋ ᠡᠳᠦᠷ ᠬᠤᠷᠠᠯᠳᠤᠭ᠍ᠰᠠᠨ ᠬᠥᠬᠡᠬᠣᠲᠠ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ᠎ᠤᠨ ᠰᠣᠨᠢᠨ ᠮᠡᠳᠡᠭᠡ ᠨᠡᠢᠲᠡᠯᠡᠬᠦ᠌ ᠬᠤᠷᠠᠯ (70 ᠳ᠋ᠤᠭᠠᠷ ᠲᠠᠯᠠᠪᠠᠢ) ᠡᠴᠡ ᠣᠢᠯᠠᠭᠠᠭ᠍ᠰᠠᠨ᠎ᠢᠶᠠᠷ᠂ ᠬᠢᠵᠢᠭ᠎ᠦᠨ ᠪᠠᠢᠳᠠᠯ᠎ᠢ ᠦᠨᠳᠦᠰᠦᠯᠡᠨ᠂ ᠤᠯᠠᠨ ᠲᠦᠮᠡᠨ᠎ᠦ ᠶᠠᠪᠤᠵᠤ ᠰᠠᠭᠤᠬᠤ ᠬᠡᠷᠡᠭ᠌ᠴᠡᠭᠡ᠎ᠶ᠋ᠢ ᠪᠠᠲᠤᠯᠠᠬᠤ᠎ᠶ᠋ᠢᠨ ᠲᠥᠯᠥᠭᠡ᠂ 11 ᠰᠠᠷ᠎ᠠ᠎ᠶ᠋ᠢᠨ 10 ᠤ᠋ ᠡᠳᠦᠷ᠎ᠡᠴᠡ ᠡᠬᠢᠯᠡᠨ ᠬᠥᠬᠡᠬᠣᠲᠠ ᠬᠡᠰᠡᠭ ᠨᠡᠢᠲᠡ᠎ᠶ᠋ᠢᠨ ᠮᠠᠱᠢᠨ ᠲᠡᠷᠭᠡᠨ᠎ᠦ ᠵᠠᠮ ᠱᠤᠭᠤᠮ᠎ᠢ ᠨᠡᠮᠡᠵᠦ᠍ ᠨᠡᠪᠳᠡᠷᠡᠭᠦᠯᠬᠦ᠎ᠶ᠋ᠢᠨ ᠬᠠᠮᠲᠤ ᠭᠠᠵᠠᠷ ᠳᠣᠣᠷᠠᠬᠢ ᠲᠡᠮᠦᠷ ᠵᠠᠮ᠎ᠤᠨ 1ᠪᠠ 2 ᠳ᠋ᠤᠭᠠᠷ ᠱᠤᠭᠤᠮ᠎ᠤᠨ ᠦᠢᠯᠡᠴᠢᠯᠡᠭᠡ᠎ᠶ᠋ᠢ ᠰᠡᠷᠭᠦᠭᠡᠬᠦ᠌ ᠪᠣᠯᠤᠨ᠎ᠠ᠃
ᠨᠡᠢᠲᠡ᠎ᠶ᠋ᠢᠨ ᠮᠠᠰᠢᠨ ᠲᠡᠷᠭᠡᠨ᠎ᠤ ᠲᠠᠯ᠎ᠠ᠎ᠪᠠᠷ᠂ 1 ᠳ᠋ᠤᠭᠡᠷ ᠵᠠᠮ᠂ 4 ᠳ᠋ᠤᠭᠡᠷ ᠵᠠᠮ᠂ 18 ᠳ᠋ᠤᠭᠠᠷ ᠵᠠᠮ᠂ 28 ᠳ᠋ᠤᠭᠠᠷ ᠵᠠᠮ᠂ 36 ᠳ᠋ᠤᠭᠠᠷ ᠵᠠᠮ᠂ K4 ᠳ᠋ᠤᠭᠡᠷ ᠵᠠᠮ ᠵᠡᠷᠭᠡ 6 ᠨᠡᠢᠲᠡ᠎ᠶ᠋ᠢᠨ ᠮᠠᠰᠢᠨ ᠲᠡᠷᠭᠡᠨ᠎ᠤ ᠱᠤᠭᠤᠮ᠎ᠢ ᠨᠡᠮᠡᠵᠦ᠍ ᠨᠡᠪᠳᠡᠷᠡᠭᠦᠯᠦᠨ᠎ᠡ᠃ ᠭᠤᠤᠯᠳᠠᠭᠤ ᠵᠢᠷᠢᠮ ᠵᠠᠮ᠎ᠡᠴᠡ ᠵᠣᠣ ᠤᠳᠠ ᠵᠠᠮ᠂ ᠬᠢᠩᠭᠠᠨ ᠵᠠᠮ᠂ ᠶᠡᠬᠡ ᠰᠤᠷᠭᠠᠭᠤᠯᠢ ᠵᠡᠭᠡᠯᠢ᠂ ᠱᠢᠤᠸᠠᠢ ᠶᠤᠸᠠᠨ ᠵᠡᠭᠡᠯᠢ᠂ ᠭᠤᠸᠠᠩ ᠮᠢᠩ ᠶᠡᠬᠡ ᠵᠡᠭᠡᠯᠢ᠂ ᠪᠧᠶ ᠶᠤᠸᠠᠨ ᠵᠡᠭᠡᠯᠢ᠂ ᠵᠦᠩ ᠱᠠᠨ ᠵᠠᠮ ᠵᠡᠷᠭᠡ 《ᠬᠣᠶᠠᠷ ᠭᠤᠯᠳᠤ ᠲᠠᠪᠤᠨ ᠬᠥᠨᠳᠡᠯᠡᠨ》 ᠭᠤᠤᠯ ᠵᠠᠮ᠎ᠢ ᠪᠦᠷᠬᠦᠬᠦᠯᠵᠦ᠍᠂ ᠭᠠᠵᠠᠷ ᠳᠤᠤᠷᠠᠬᠢ ᠲᠡᠮᠦᠷ ᠵᠠᠮ᠎ᠤᠨ 1ᠪᠠ 2 ᠳ᠋ᠤᠭᠠᠷ ᠱᠤᠭᠤᠮ ᠲᠠᠢ ᠵᠠᠯᠭᠠᠬᠤ᠎ᠶ᠋ᠢᠨ ᠬᠠᠮᠲᠤ ᠬᠣᠲᠠ᠎ᠶ᠋ᠢᠨ ᠵᠠᠬ᠎ᠠ ᠵᠢᠨ ᠬᠡᠰᠡᠭ ᠲᠣᠰᠭᠣᠨ᠎ᠢ ᠬᠣᠯᠪᠣᠨ᠎ᠠ᠃ ᠡᠭᠦᠨ᠎ᠦ ᠬᠠᠮᠲᠤ ᠡᠳᠦᠷ ᠪᠦᠷᠢ᠎ᠶ᠋ᠢᠨ ᠲᠡᠮᠦᠷ ᠵᠠᠮ᠎ᠤᠨ ᠠᠶᠠᠨᠴᠢᠳ᠎ᠤᠨ ᠲᠡᠭᠡᠭᠡᠪᠦᠷᠢ᠎ᠶ᠋ᠢᠨ ᠮᠡᠳᠡᠭᠡ ᠵᠠᠩᠭᠢ᠎ᠲᠠᠶ ᠤᠶᠠᠯᠳᠤᠭᠤᠯᠤᠨ᠂ ᠭᠠᠯᠲᠤ ᠲᠡᠷᠭᠡᠨ᠎ᠦ ᠵᠡᠭᠦᠨ ᠥᠷᠲᠡᠭᠡ᠂ ᠪᠠᠷᠠᠭᠤᠨ ᠥᠷᠲᠡᠭᠡ᠎ᠪᠡᠷ ᠥᠩᠭᠡᠷᠡᠬᠦ᠌ 1 ᠳ᠋ᠤᠭᠡᠷ ᠵᠠᠮ᠂ 18 ᠳ᠋ᠤᠭᠠᠷ ᠵᠠᠮ᠂ 28 ᠳ᠋ᠤᠭᠠᠷ ᠵᠠᠮ᠎ᠤᠨ ᠨᠡᠢᠲᠡ᠎ᠶ᠋ᠢᠨ ᠮᠠᠱᠢᠨ ᠲᠡᠷᠭᠡᠨ᠎ᠦ ᠴᠡᠭ᠎ᠡᠴᠡ ᠴᠡᠭ᠎ᠲᠦ ᠬᠥᠷᠬᠥ᠌ ᠠᠶᠠᠯᠠᠯ᠎ᠢ ᠤᠨᠤᠴᠠᠳᠠᠢ ᠲᠣᠬᠢᠷᠠᠭᠤᠯᠵᠤ᠂ ᠡᠵᠡᠩᠨᠡᠯᠲᠡ᠎ᠶ᠋ᠢᠨ ᠴᠠᠭ᠎ᠨᠢ ᠥᠷᠯᠥᠭᠡ᠎ᠶ᠋ᠢᠨ 7᠄ 00 ᠡᠴᠡ 19᠄ 00 ᠪᠣᠯᠤᠨ᠎ᠠ᠃
ᠨᠡᠢᠲᠡ᠎ᠶ᠋ᠢᠨ ᠮᠠᠱᠢᠨ ᠲᠡᠷᠭᠡ ᠵᠢᠨ ᠭᠤᠤᠯ ᠨᠡᠪᠳᠡᠷᠡᠬᠦ ᠴᠠᠭ ᠨᠢ ᠥᠷᠯᠥᠭᠡ᠎ᠶ᠋ᠢᠨ 7᠄ 00 ᠡᠴᠡ 9᠄ 00᠂ ᠣᠷᠣᠢ᠎ᠶ᠋ᠢᠨ 18᠄ 00 ᠡᠴᠡ 19᠄ 00 ᠪᠤᠯᠤᠨ᠎ᠠ᠃ ᠡᠨᠡ ᠬᠦ᠌ ᠴᠠᠭ ᠲᠦ᠍ ᠨᠡᠢᠳᠡ ᠵᠢᠨ ᠮᠠᠰᠢᠨ ᠲᠡᠷᠭᠡᠨ ᠤ᠋ ᠬᠤᠭᠤᠷᠤᠨᠳᠤᠬᠢ ᠠᠯᠤᠰᠯᠠᠬᠤ ᠴᠠᠭ ᠨᠢ 15 ᠡᠴᠡ 20 ᠮᠢᠨᠦ᠋ᠲ ᠪᠠᠢᠵᠤ᠂ ᠪᠤᠰᠤᠳ ᠴᠠᠭ ᠲᠡᠬᠢ ᠨᠡᠢᠳᠡ ᠵᠢᠨ ᠮᠠᠰᠢᠨ ᠲᠡᠷᠭᠡᠨ ᠤ᠋ ᠬᠤᠭᠤᠷᠤᠨᠳᠤᠬᠢ ᠠᠯᠤᠰᠯᠠᠬᠤ ᠴᠠᠭ ᠨᠢ 30 ᠡᠴᠡ 40 ᠮᠢᠨᠦ᠋ᠲ ᠪᠣᠯᠤᠨ᠎ᠠ᠃
ᠭᠠᠵᠠᠷ ᠳᠤᠤᠷᠠᠬᠢ ᠲᠡᠮᠦᠷ ᠵᠠᠮ᠎ᠤᠨ ᠬᠤᠪᠢ ᠳ᠋ᠤ᠂ 1 ᠳ᠋ᠤᠭᠡᠷ ᠱᠤᠭᠤᠮ᠎ᠨᠢ ᠪᠠᠷᠠᠭᠤᠨ ᠬᠣᠶᠠᠳᠤᠭᠠᠷ ᠲᠣᠭᠣᠷᠢᠯ ᠵᠠᠮ᠎ᠤᠨ ᠥᠷᠲᠡᠭᠡ᠎ᠡᠴᠡ ᠪᠠᠶᠠᠨ (ᠨᠢᠰᠭᠡᠯ᠎ᠦᠨ ᠪᠠᠭᠤᠳᠠᠯ) ᠥᠷᠲᠡᠭᠡ ᠬᠥᠷᠴᠦ᠂ ᠬᠥᠬᠡᠬᠣᠲᠠ᠎ᠶ᠋ᠢᠨ ᠪᠣᠯᠣᠳ ᠲᠡᠮᠦᠷ᠎ᠦᠨ ᠦᠶ᠋ᠯᠡᠳᠪᠦᠷᠢ᠎ᠶ᠋ᠢᠨ ᠵᠡᠭᠦᠨ ᠵᠠᠮ᠂ ᠬᠠᠷᠢᠶᠠᠲᠤ ᠡᠮᠨᠡᠯᠭᠡ᠎ᠶ᠋ᠢᠨ ᠬᠣᠷᠢᠶ᠎ᠠ᠂ ᠱᠢᠨᠬᠤᠸᠠ ᠠᠭᠤᠳᠠᠮ ᠲᠠᠯᠠᠪᠠᠶ᠂ ᠳ᠋ᠦᠩ ᠶᠢᠩ ᠵᠠᠮ᠂ ᠭᠠᠯᠲᠤ ᠲᠡᠷᠭᠡᠨ᠎ᠦ ᠵᠡᠭᠦᠨ ᠥᠷᠲᠡᠭᠡ᠂ ᠬᠣᠢᠲᠤ ᠪᠤᠳᠠᠴᠢ ᠥᠷᠲᠡᠭᠡ ᠵᠡᠷᠭᠡ᠎ᠳᠦ ᠲᠡᠷᠭᠡ ᠵᠣᠭ᠍ᠰᠣᠨ᠎ᠠ; 2 ᠳ᠋ᠤᠭᠠᠷ ᠱᠤᠭᠤᠮ᠎ᠨᠢ ᠲᠠᠪᠤᠨ ᠲᠤᠯᠤᠭᠠᠢ ᠵᠡᠭᠦᠨ ᠵᠠᠮ᠎ᠤᠨ ᠥᠷᠲᠡᠭᠡ᠎ᠡᠴᠡ ᠯᠠᠮᠠ᠎ᠶ᠋ᠢᠨ ᠠᠢᠯ ᠥᠷᠲᠡᠭᠡ ᠬᠥᠷᠴᠤ᠂ ᠵᠡᠭᠦᠨ ᠬᠣᠶᠠᠳᠤᠭᠠᠷ ᠲᠣᠭᠣᠷᠢᠯ ᠵᠠᠮ ᠤ᠋ᠨ ᠦᠷᠳᠡᠭᠡ᠂ ᠭᠠᠭᠴᠠ ᠭᠡᠷ ᠲᠣᠰᠭᠣᠨ᠂ ᠬᠠᠭᠤᠴᠢᠨ ᠠᠢᠯ᠂ ᠥᠪᠥᠷ ᠮᠣᠩᠭᠣᠯ᠎ᠤᠨ ᠲᠠᠮᠢᠷ᠎ᠤᠨ ᠣᠷᠳᠣᠨ᠂ ᠬᠥᠬᠡᠬᠣᠲᠠ ᠥᠷᠲᠡᠭᠡ᠂ ᠱᠢᠨᠬᠤᠸᠠ ᠠᠭᠤᠳᠠᠮ ᠲᠠᠯᠠᠪᠠᠶ᠂ ᠵᠦᠩ ᠱᠠᠨ ᠵᠠᠮ᠂ ᠡᠸ᠋ ᠯᠢ ᠶᠢᠩ ᠥᠷᠲᠡᠭᠡ ᠵᠡᠷᠭᠡ ᠳ᠋ᠤ ᠲᠡᠷᠭᠡ ᠵᠤᠭᠰᠤᠨ᠎ᠠ᠃ ᠭᠠᠵᠠᠷ ᠳᠡᠭᠡᠷᠡᠬᠢ ᠨᠡᠢᠲᠡ᠎ᠶ᠋ᠢᠨ ᠮᠠᠱᠢᠨ ᠲᠡᠷᠭᠡᠨ᠎ᠦ ᠵᠠᠮ ᠱᠤᠭᠤᠮ᠎ᠲᠠᠶ ᠵᠠᠯᠭᠠᠯᠳᠤᠭᠤᠯᠤᠨ ᠲᠤᠤᠷᠵᠢᠭᠤᠯᠵᠤ᠂ ᠣᠯᠠᠨ ᠲᠦᠮᠡᠨ᠎ᠦ ᠶᠠᠪᠤᠵᠤ ᠰᠠᠭᠤᠬᠤ ᠦᠨᠳᠦᠰᠦᠨ ᠬᠡᠷᠡᠭ᠌ᠴᠡᠭᠡ᠎ᠶ᠋ᠢ ᠬᠠᠩᠭᠠᠬᠤ᠎ᠪᠠᠷ ᠴᠢᠷᠮᠠᠢᠨ᠎ᠠ᠃
ᠭᠠᠵᠠᠷ ᠳᠤᠤᠷᠠᠬᠢ ᠲᠡᠮᠦᠷ ᠵᠠᠮ᠎ᠤᠨ ᠡᠵᠡᠩᠨᠡᠯᠲᠡ᠎ᠶ᠋ᠢᠨ ᠴᠠᠭ ᠨᠢ ᠮᠦᠨ ᠠᠳᠠᠯᠢ ᠪᠡᠷ᠂ ᠥᠷᠯᠥᠭᠡ᠎ᠶ᠋ᠢᠨ 7᠄ 00 ᠡᠴᠡ ᠣᠷᠣᠢ᠎ᠶ᠋ᠢᠨ 19᠄ 00 ᠪᠤᠯᠤᠨ᠎ᠠ᠃ ᠨᠡᠢᠲᠡ᠎ᠶ᠋ᠢᠨ ᠮᠠᠱᠢᠨ ᠲᠡᠷᠭᠡ᠎ᠲᠠᠶ ᠠᠳᠠᠯᠢ ᠥᠬᠡᠶ ᠨᠢ᠂ ᠭᠠᠵᠠᠷ ᠳᠤᠤᠷᠠᠬᠢ ᠲᠡᠮᠦᠷ ᠵᠠᠮ 3 ᠭᠤᠤᠯ ᠨᠡᠪᠳᠡᠷᠡᠬᠦ ᠴᠠᠭ ᠲᠠᠢ᠂ ᠲᠣᠰ ᠲᠣᠰ ᠥᠷᠯᠥᠭᠡ᠎ᠶ᠋ᠢᠨ 7᠄ 00 - 9᠄ 00᠂ ᠦᠳᠡ᠎ᠶ᠋ᠢᠨ 11᠄ 00 - 13᠄ 00᠂ 17᠄ 00 - 19᠄ 00 ᠪᠣᠯᠤᠨ᠎ᠠ᠂ ᠡᠨᠡ 3 ᠴᠠᠭ ᠨᠢ ᠬᠤᠭᠤᠷᠤᠨᠳᠤ ᠪᠠᠨ 30 ᠮᠢᠨᠦ᠋ᠲ ᠠᠯᠤᠰᠯᠠᠨ᠎ᠠ᠂ ᠪᠤᠰᠤᠳ ᠴᠠᠭ ᠨᠢ 60 ᠮᠢᠨᠦ᠋ᠲ ᠠᠯᠤᠰᠯᠠᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃