ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠮᠡᠳᠡᠭᠡᠯᠡᠯ

2022-11-11 17:04:40

ᠵᠣᠬᠢᠶᠠᠭ᠍ᠴᠢ᠄ ᠯᠢ ᠴᠤᠤ ᠷᠠᠨ ᠣᠩᠱᠢᠭ᠍ᠰᠠᠨ ᠣᠳᠠᠭ᠎ᠠ᠄ 3

《ᠪᠢ ᠭᠡᠷᠡᠯ ᠵᠢᠷᠤᠭ ᠲᠠᠲᠠᠬᠤ ᠳᠤᠷ᠎ᠠ ᠪᠠᠬ᠎ᠠ ᠲᠠᠢ᠂ ᠪᠢᠲᠡᠭᠦᠮᠵᠢᠯᠡᠯ ᠲᠠᠭᠤᠰᠤᠬᠰᠠᠨ᠎ᠤ ᠲᠠᠷᠠᠭ᠎ᠠ ᠪᠢ ᠰᠠᠢᠨ ᠳᠤᠷ᠎ᠠ᠎ᠶ᠋ᠢᠨ ᠦᠢᠯᠡᠴᠢᠯᠡᠭᠡᠨ᠎ᠦ ᠠᠩᠭᠢ᠎ᠳᠤ ᠲᠠᠨᠢᠯᠴᠠᠭ᠍ᠰᠠᠨ ᠰᠠᠢᠨ ᠨᠠᠢᠵᠠ᠎ᠨᠠᠷ᠎ᠲᠠᠶ᠎ᠪᠠᠨ ᠬᠣᠲᠠ᠎ᠶ᠋ᠢᠨ ᠲᠡᠭᠦᠷᠭᠡ᠎ᠳᠦ ᠬᠦᠷᠴᠦ ᠤᠯᠠᠨ ᠰᠠᠢᠬᠠᠨ ᠭᠡᠷᠡᠯ ᠵᠢᠷᠤᠭ ᠲᠠᠲᠠᠨ᠎ᠠ》᠃ ᠥᠪᠥᠷ ᠮᠣᠩᠭᠣᠯ᠎ᠤᠨ ᠬᠤᠪᠢᠰᠭᠠᠯ᠎ᠤᠨ ᠲᠡᠦᠬᠡ᠎ᠶ᠋ᠢᠨ ᠮᠦᠽᠧᠢ᠎ᠶ᠋ᠢᠨ ᠴᠢᠩᠭᠡᠯᠢᠭ ᠡᠮᠨᠡᠯᠭᠡ᠎ᠶ᠋ᠢᠨ ᠬᠣᠷᠢᠶᠠᠨ᠎ᠳᠤ᠂ 18 ᠨᠠᠰᠤᠲᠠᠢ ᠮᠣᠩᠭᠣᠯ ᠵᠠᠯᠠᠭᠤ ᠪᠠᠳᠠᠷᠠ ᠢᠳᠡᠪᠬᠢᠲᠡᠢ ᠥᠭᠡᠳᠡᠷᠬᠡᠭ ᠤᠪᠤᠷ᠎ᠢᠶᠡᠷ᠎ᠡᠨᠳᠡᠬᠢ ᠬᠥᠮᠦᠨ ᠨᠢᠭᠡᠪᠦᠷᠢ᠎ᠳᠤ ᠰᠠᠢ᠌ᠨ ᠳᠤᠷ᠎ᠠ᠎ᠡᠴᠡ ᠪᠡᠨ ᠦᠢᠯᠡᠴᠢᠯᠡᠵᠦ ᠪᠠᠢᠨ᠎ᠠ᠃

《ᠥᠩᠭᠡᠷᠡᠭ᠌ᠰᠡᠨ᠎ᠳᠦ ᠪᠢ ᠶᠡᠷᠦᠨᠢ ᠪᠤᠰᠤᠳ ᠬᠤᠲᠠ᠎ᠶ᠋ᠢᠨ ᠬᠢᠵᠢᠭ᠎ᠤᠨ ᠪᠠᠢᠳᠠᠯ᠎ᠢ ᠡᠰᠡᠷᠭᠦᠴᠡᠬᠦ᠎ᠳᠤ ᠬᠦᠴᠦᠨ ᠨᠡᠮᠡᠷᠢᠯᠡᠵᠦ ᠪᠠᠢᠵᠠᠢ᠂ ᠤᠳᠤ ᠪᠢ ᠥᠪᠡᠷ᠎ᠦᠨ ᠰᠤᠷᠤᠯᠴᠠᠨ ᠠᠮᠢᠳᠤᠷᠠᠵᠤ ᠪᠠᠢᠭ᠎ᠠ ᠬᠤᠲᠠ᠎ᠶ᠋ᠢᠨ᠎ᠢᠶᠠᠨ ᠲᠥᠯᠥᠭᠡ ᠦᠴᠦᠬᠡᠨ ᠴᠤ᠌ ᠭᠡᠰᠡᠨ ᠬᠤᠪᠢ ᠨᠡᠮᠡᠷᠢ ᠪᠡᠨ ᠡᠷᠭᠦᠨ᠎ᠡ᠃ ᠪᠢᠳᠠ ᠨᠢᠭᠡᠨᠲᠡ ᠲᠣᠮᠣ ᠪᠣᠯᠵᠠᠶ᠂ ᠡᠮᠦᠨ᠎ᠡ ᠹᠷᠤᠨᠲ ᠲᠤ᠌ ᠭᠠᠪᠰᠢᠭᠠᠢᠯᠠᠬᠤ ᠬᠦᠴᠦᠨ ᠪᠢᠳᠡᠨ᠎ᠳᠤ ᠭᠦᠢᠴᠡᠳ ᠪᠤᠢ!》 ᠭᠡᠵᠦ ᠰᠠᠢᠨ ᠲᠤᠷᠠᠴᠤᠤᠯ᠎ᠤᠨ ᠨᠢᠭᠡ ᠪᠣᠯᠤᠭ᠍ᠰᠠᠨ᠎ᠳᠠᠭᠠᠨ ᠪᠠᠳᠠᠷᠠ ᠮᠠᠰᠢ ᠣᠮᠣᠭ᠍ᠰᠢᠵᠤ ᠪᠠᠢᠯ᠎ᠠ᠃ ᠦᠶ᠋ᠯᠡᠴᠢᠯᠡᠭᠡᠨ᠎ᠦ ᠠᠩᠭᠢ᠎ᠶ᠋ᠢᠨ ᠨᠠᠰᠤ ᠪᠡᠷ ᠨᠡᠯᠢᠶᠡᠳ ᠪᠠᠭ᠎ᠠ ᠡᠪᠯᠡᠯ᠎ᠦᠨ ᠭᠡᠱᠢᠭᠦᠨ ᠰᠠᠢᠨ ᠲᠤᠷᠠᠴ ᠪᠣᠯᠤᠭ᠍ᠰᠠᠨ᠎ᠤ ᠬᠤᠪᠢ᠎ᠳᠤ᠂ 《00 ᠣᠨ᠎ᠠᠴᠠ ᠬᠤᠵᠢᠭᠤᠳᠠ ᠲᠥᠷᠥᠭ᠌ᠰᠡᠨ》 ᠪᠠᠳ᠋ᠠᠷᠠ ᠤᠮᠤᠭ ᠵᠤᠷᠢᠭ ᠲᠡᠬᠦᠯᠳᠡᠷ ᠪᠤᠢ᠃ 《ᠳᠡᠩᠳᠡᠭᠦᠦ ᠬᠦᠨᠳᠦ ᠪᠠᠢᠨ᠎ᠠ ᠂ ᠨᠠᠳᠠ᠎ᠳᠤ ᠦᠭᠭᠦᠭᠡᠷᠡᠢ》᠂ 《ᠡᠨᠳᠡᠬᠢ᠎ᠠᠵᠢᠯ᠎ᠢ ᠨᠠᠳᠠ᠎ᠳᠤ ᠲᠤᠰᠢᠶᠠᠭᠠᠷᠠᠢ᠂ ᠰᠠᠨᠠᠭ᠎ᠠ ᠠᠮᠤᠷ ᠪᠠᠢᠭᠠᠷᠠᠢ!》 ᠂ 《ᠠᠬ᠎ᠠ ᠡ᠂ ᠲᠠ ᠬᠣᠭᠣᠯᠠ ᠪᠡᠨ ᠤᠷᠢᠳ᠎ᠢᠶᠠᠷ ᠢᠳᠡᠭᠡᠷᠡᠢ᠂ ᠠᠵᠢᠯ᠎ᠢ ᠴᠢᠨᠢ ᠪᠢ ᠬᠠᠮᠵᠢᠵᠤ ᠥᠭ᠌ᠬᠦᠶ᠎ᠡ》 ᠁ ᠰᠠᠨᠠᠭᠠᠴᠢᠯᠠᠭ᠎ᠠ ᠡᠴᠡ ᠪᠡᠨ ᠦᠢᠯᠡᠴᠢᠯᠡᠬᠦ ᠪᠣᠯ ᠲᠡᠭᠦᠨ᠎ᠦ ᠠᠵᠢᠯ᠎ᠤᠨ ᠬᠡᠪ᠎ᠦᠨ ᠪᠠᠢᠳᠠᠯ ᠪᠤᠯᠵᠤ᠂ ᠬᠠᠷᠢᠭᠤᠴᠠᠯᠭᠠᠲᠤ ᠰᠡᠳᠭᠢᠯᠭᠡ᠂ ᠬᠠᠷᠠᠮ ᠦᠭᠡᠢ ᠵᠣᠷᠢᠭᠤᠯᠬᠤ ᠵᠣᠷᠢᠭ ᠰᠠᠨᠠᠭ᠎ᠠ ᠪᠠᠳᠠᠷᠠ᠎ᠶ᠋ᠢᠨ ᠪᠡᠶ᠎ᠡ ᠳᠡᠭᠡᠷ᠎ᠡ ᠪᠦᠷᠢᠨ ᠢᠯᠡᠷᠡᠵᠦ᠍ ᠪᠠᠢᠪᠡ᠃ J ᠲᠣᠭᠣᠷᠢᠭ᠎ᠤᠨ ᠰᠠᠢᠨ ᠳᠤᠷᠠᠴᠤᠤᠯ ᠪᠠᠳᠠᠷᠠ ᠵᠢ ᠲᠤᠷᠠᠳᠬᠤ ᠪᠡᠷ ᠴᠦᠮ ᠮᠠᠭ᠍ᠲᠠᠨ ᠰᠠᠢᠱᠢᠶᠠᠵᠤ᠂ ᠣᠯᠠᠨ᠎ᠢᠶᠠᠷ᠎ᠢᠶᠠᠨ ᠰᠠᠨᠠᠯ ᠨᠢᠭᠡᠲᠡᠢ ᠪᠡᠷ ᠲᠡᠭᠦᠨ᠎ᠢ ᠳᠤᠭᠤᠢᠯᠠᠩ᠎ᠤᠨ ᠳᠠᠷᠤᠭ᠎ᠠ ᠪᠡᠷ ᠰᠤᠩᠭᠤᠪᠠ᠂ ᠲᠡᠷᠡᠪᠡᠷ ᠴᠤ᠌ ᠪᠠᠭ᠎ᠠ ᠠᠩᠭᠢ᠎ᠪᠠᠨ ᠳᠠᠭᠠᠭᠤᠯᠤᠨ ᠴᠢᠩᠭᠡᠯᠢᠭ ᠡᠮᠨᠡᠯᠭᠡ ᠵᠢᠨ ᠬᠤᠷᠢᠶᠠᠨ᠎ᠳᠤ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠠᠵᠢᠯ᠎ᠢ ᠡᠮᠬᠢ ᠵᠢᠷᠤᠮ ᠬᠢᠵᠤ ᠶᠠᠪᠤᠨ᠎ᠠ᠃

ᠪᠠᠳᠠᠷᠠ ᠬᠡᠳᠦᠢᠪᠡᠷ ᠨᠠᠰᠤ ᠪᠠᠭ᠎ᠠ ᠪᠣᠯᠪᠠᠴᠤ᠌᠂ ᠠᠵᠢᠯ ᠬᠢᠬᠦ᠌᠎ᠳᠡᠭᠡᠨ ᠡᠮᠬᠢ ᠵᠢᠷᠦᠮ᠎ᠲᠡᠶ᠂ ᠨᠠᠷᠢᠯᠢᠭ ᠪᠥᠭᠡᠳ ᠪᠦᠬᠦ᠌ ᠲᠠᠯ᠎ᠠ᠎ᠵᠢ ᠪᠤᠳᠤᠯᠬᠢᠯᠠᠵᠤ ᠂ ᠯᠠᠪᠳᠠᠭᠤᠨ ᠬᠢᠨᠠᠭᠤᠷ ᠪᠠᠢᠳᠠᠭ᠃ ᠡᠳᠦᠷ᠎ᠢᠶᠡᠷ ᠲᠡᠷᠡ ᠬᠣᠭ ᠨᠣᠪᠰᠢ᠎ᠶ᠋ᠢ ᠴᠡᠪᠡᠷᠯᠡᠨ ᠲᠡᠭᠡᠭᠡᠪᠦᠷᠢᠯᠡᠬᠦ᠌᠂ ᠬᠣᠭᠣᠯᠠ ᠤᠮᠳᠠ ᠲᠤᠬᠢᠷᠠᠭᠤᠯᠤᠨ ᠬᠦᠷᠭᠡᠬᠦ᠌᠂ ᠡᠮ᠎ᠦᠨ ᠵᠦᠢᠯᠡᠰ᠎ᠢ ᠬᠤᠪᠢᠶᠠᠨ ᠲᠠᠷᠬᠠᠭᠠᠬᠤ᠂ ᠡᠷᠡᠭᠦᠯ ᠬᠠᠮᠠᠭᠠᠯᠠᠯ ᠠᠷᠢᠭᠤᠨ ᠴᠡᠪᠡᠷ᠎ᠢ ᠪᠠᠲᠤᠯᠠᠬᠤ ᠵᠡᠷᠭᠡ ᠴᠢᠩᠭᠡᠯᠢᠭ ᠡᠮᠨᠡᠯᠭᠡ ᠵᠢᠨ ᠬᠤᠷᠢᠶᠠᠨ᠎ᠳᠡᠬᠢ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠠᠵᠢᠯ ᠪᠦᠬᠦᠨ᠎ᠢ ᠰᠠᠢᠲᠤᠷ ᠱᠢᠢᠳᠪᠦᠷᠢᠯᠡᠵᠦ᠍᠂ ᠭᠣᠭ᠍ᠴᠣᠭ᠎ᠠ ᠪᠣᠯᠭᠠᠨ᠎ᠳᠤ ᠲᠡᠷᠡ ᠴᠦᠮ ᠶᠠᠭᠠᠷᠠᠯᠲᠠᠢ ᠠᠵᠢᠯᠯᠠᠵᠤ ᠪᠠᠢᠪᠠ᠃ ᠰᠦᠨᠢ ᠪᠤᠯᠬᠤ ᠪᠡᠷ᠂ ᠡᠳᠦᠷ᠎ᠦᠨ ᠠᠵᠢᠯ᠎ᠢᠶᠠᠨ ᠳᠠᠭᠤᠰᠭᠠᠭᠠᠳ᠂ ᠣᠯᠠᠨ᠎ᠤ ᠠᠮᠠᠷᠠᠬᠤ᠎ᠶ᠋ᠢ ᠨᠥᠯᠥᠭᠡᠯᠡᠬᠦ᠌ ᠦᠭᠡᠢ ᠭᠠᠵᠠᠷ ᠲᠤ᠌ ᠬᠢᠴᠢᠶᠡᠯ᠎ᠢᠶᠡᠨ ᠳᠠᠪᠲᠠᠨ᠎ᠠ᠃ 《ᠪᠢ ᠰᠠᠢᠲᠤᠷ ᠰᠤᠷᠤᠯᠴᠠᠵᠤ᠂ ᠬᠦᠰᠡᠵᠦ ᠰᠠᠨᠠᠭᠰᠠᠨ ᠶᠡᠬᠡ ᠰᠤᠷᠭᠠᠭᠤᠯᠢ᠎ᠳᠠᠭᠠᠨ ᠠᠮᠵᠢᠯᠲᠠ ᠲᠠᠢ ᠱᠢᠯᠭᠠᠨ ᠣᠷᠣᠨ᠎ᠠ》 ᠭᠡᠵᠦ ᠢᠷᠡᠭᠡᠳᠦᠢ᠎ᠪᠡᠨ ᠶᠠᠷᠢᠬᠤ᠎ᠳᠤ᠂ ᠪᠠᠳᠠᠷᠠ ᠵᠢᠨ ᠨᠢᠳᠦᠨ᠎ᠳᠤ ᠬᠦᠰᠡᠯ ᠡᠷᠡᠮᠡᠯᠵᠡᠯ᠂ ᠢᠳᠡᠭᠡᠯ ᠤᠮᠤᠭ ᠬᠢᠯᠡᠯᠵᠠᠨ᠎ᠠ᠃

ᠭᠠᠭᠴᠠ ᠮᠤᠲᠤ ᠭᠠᠯ ᠪᠤᠯᠬᠤ ᠦᠭᠡᠢ᠂ ᠤᠯᠠᠨ᠎ᠤ ᠬᠦᠴᠦᠨ᠎ᠳᠦ ᠤᠪᠤᠭ᠎ᠠ ᠨᠡᠭᠦᠨ᠎ᠡ᠃ ᠥᠪᠥᠷ ᠮᠣᠩᠭᠣᠯ᠎ᠤᠨ ᠬᠤᠪᠢᠰᠭᠠᠯ᠎ᠤᠨ ᠲᠡᠦᠬᠡ᠎ᠶ᠋ᠢᠨ ᠮᠦᠽᠧᠢ᠎ᠶ᠋ᠢᠨ ᠴᠢᠩᠭᠡᠯᠢᠭ ᠡᠮᠨᠡᠯᠭᠡ᠎ᠶ᠋ᠢᠨ ᠬᠣᠷᠢᠶᠠᠨ᠎ᠤ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠡᠩᠨᠡᠭᠡᠨ᠎ᠳᠦ᠂ ᠪᠠᠳᠠᠷᠠ ᠰᠢᠬ ᠰᠠᠢ᠌ᠨ ᠳᠤᠷᠠᠴᠤᠤᠯ ᠮᠠᠰᠢ ᠤᠯᠠᠨ ᠪᠤᠢ᠂ ᠲᠡᠳᠡ ᠠᠳᠠᠯᠢ ᠪᠤᠰᠤ ᠠᠵᠢᠯ ᠲᠦᠷᠦᠯ᠂ ᠠᠳᠠᠯᠢ ᠪᠤᠰᠤ ᠨᠠᠰᠤ ᠵᠢᠯ ᠲᠠᠢ ᠪᠣᠯᠪᠠᠴᠤ᠌ ᠠᠳᠠᠯᠢᠬᠠᠨ ᠵᠣᠷᠢᠭ ᠰᠥᠰᠥ᠍ ᠪᠣᠯᠤᠨ ᠬᠠᠯᠠᠭᠤᠨ ᠰᠡᠳᠭᠢᠯᠭᠡ᠂ ᠬᠦᠯᠢᠴᠡᠩᠭᠦᠢ ᠰᠡᠳᠭᠢᠯᠭᠡ ᠪᠣᠯᠤᠨ ᠬᠠᠷᠢᠭᠤᠴᠠᠯᠭᠠᠲᠤ ᠤᠪᠤᠷ᠎ᠲᠡᠶ ᠪᠠᠢᠳᠠᠭ᠃ ᠲᠡᠳᠡ ᠨᠢᠭᠡᠨ ᠰᠠᠯᠠᠭ᠎ᠠ ᠬᠠᠯᠠᠭᠤᠨ ᠳᠣᠲᠣᠨᠣ ᠰᠠᠢᠨ ᠳᠤᠷ᠎ᠠ᠎ᠶ᠋ᠢᠨ ᠦᠢᠯᠡᠴᠢᠯᠡᠭᠡᠨ᠎ᠦ ᠡᠩᠨᠡᠭᠡ ᠪᠣᠯᠤᠨ ᠪᠦᠷᠢᠯᠳᠦᠵᠦ᠍᠂ ᠨᠢᠭ᠍ᠲᠠᠷᠠᠨ ᠪᠦᠯᠬᠦᠮᠳᠡᠵᠦ᠍᠂ ᠰᠡᠳᠭᠢᠯ ᠨᠢᠭᠡᠲᠦᠨ ᠬᠦᠴᠦ᠍᠎ᠪᠡᠨ ᠬᠠᠮᠲᠤᠳᠭᠠᠨ᠂ ᠦᠪᠡᠷ᠎ᠤᠨ ᠭᠡᠷᠡᠯ ᠬᠢᠯᠪᠠᠭ᠎ᠠ ᠪᠡᠷ᠎ᠢᠶᠡᠨ ᠡᠨᠳᠡᠬᠢ ᠬᠥᠮᠦᠨ ᠪᠣᠯᠭᠠᠨ᠎ᠢ ᠳᠤᠯᠠᠭᠠᠴᠠᠭᠤᠯᠵᠤ ᠪᠠᠢᠨ᠎ᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面