2022-12-02 13:38:28
11 ᠰᠠᠷ᠎ᠠ᠎ᠶᠢᠨ 29 ᠤ᠋ ᠦᠳᠡ᠎ᠶᠢᠨ ᠡᠮᠦᠨᠡᠬᠢ 9 ᠴᠠᠭ 52 ᠮᠢᠨᠦ᠋ᠲ᠎ᠦᠨ ᠦᠶ᠎ᠡ᠎ᠪᠡᠷ᠂ ᠲᠦᠩᠯᠢᠶᠣᠣ ᠬᠣᠲᠠ᠎ᠶᠢᠨ ᠬᠥᠩᠭᠡᠵᠢᠭᠥᠯᠬᠥ ᠡᠮᠨᠡᠯᠭᠡ᠎ᠶᠢᠨ ᠬᠣᠷᠢᠶᠠᠨ᠎ᠤ ᠲᠤᠰᠠᠭᠠᠷᠯᠠᠬᠰᠠᠨ ᠮᠡᠰᠡ ᠵᠠᠰᠠᠯ᠎ᠤᠨ ᠲᠠᠰᠤᠭ᠎ᠲᠤ ᠪᠠᠰᠠ ᠨᠢᠭᠡ ᠬᠡᠦᠬᠡᠳ ᠡᠨᠡ ᠶᠢᠷᠲᠢᠨᠴᠦ᠎ᠳᠤ ᠳᠠᠭᠤ ᠬᠠᠳᠠᠨ ᠵᠠᠶᠠᠭᠠᠯ᠎ᠠ᠂ ᠡᠨᠡ ᠪᠤᠯ ᠲᠤᠰ ᠡᠮᠨᠡᠯᠭᠡ ᠵᠢᠨ ᠬᠤᠷᠢᠶᠠᠨ ᠳ᠋ᠤ ᠭᠤᠷᠪᠠᠳᠠᠭᠢ ᠠᠷᠭ᠎ᠠ ᠴᠢᠨᠠᠷ ᠢᠯᠡᠷᠡᠭᠰᠡᠨ ᠵᠢᠷᠮᠥᠰᠥᠨ ᠪᠥᠰᠡᠭᠥᠢ ᠵᠢᠨ ᠠᠮᠤᠷ ᠮᠠᠨᠳᠦ ᠬᠥᠩᠭᠡᠵᠢᠭᠰᠡᠨ ᠶᠠᠪᠤᠳᠠᠯ ᠪᠤᠯᠤᠨ᠎ᠠ᠃ ᠲᠤᠰ ᠡᠮᠨᠡᠯᠭᠡ ᠵᠢᠨ ᠬᠤᠷᠢᠶᠠᠨ᠎ᠤ ᠨᠠᠮ᠎ᠤᠨ ᠡᠭᠦᠷ᠎ᠦᠨ ᠱᠦᠵᠢ ᠭ᠋ᠦ ᠨᠠᠰᠤᠨ᠄ 《ᠡᠨᠡ ᠭᠤᠷᠪᠠᠨ ᠬᠡᠤᠬᠡᠳ᠎ᠤᠨ ᠲᠦᠷᠦᠭᠰᠡᠨ ᠨᠢ ᠮᠠᠨᠳᠦ ᠠᠪᠴᠤ ᠬᠡᠯᠡᠪᠡᠯ ᠨᠢᠭᠡ ᠤᠳᠠᠭᠠᠨ᠎ᠤ ᠬᠠᠳᠠᠭᠤ ᠰᠢᠯᠭᠠᠯᠲᠠ ᠪᠤᠯᠤᠨ᠎ᠠ᠂ ᠮᠥᠨᠴᠦ ᠰᠠᠳᠬᠢᠯ ᠨᠢᠭᠡᠳᠥᠨ 〈ᠬᠢᠵᠢᠭ〉 ᠲᠠᠢ ᠳᠡᠮᠡᠴᠡᠵᠤ ᠤᠯᠤᠬᠰᠠᠨ ᠢᠯᠠᠯᠲᠠ ᠪᠣᠯᠣᠨ᠎ᠠ》 ᠭᠡᠵᠦ ᠬᠡᠯᠡᠵᠦ ᠪᠠᠢᠯ᠎ᠠ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢᠶᠡᠷ ᠣᠨᠣᠰᠢᠯᠠᠭᠳᠠᠭᠰᠠᠨ ᠵᠢᠷᠮᠦᠰᠦᠨ ᠪᠦᠰᠡᠭᠦᠢᠴᠤᠳ ᠤᠨ ᠡᠮᠴᠢᠯᠡᠭᠡᠨ ᠦ ᠴᠡᠭ ᠵᠢᠨᠷ ᠲᠤᠬᠳᠠᠭᠠᠬᠳᠠᠬᠰᠠᠨ ᠲᠤᠰ ᠡᠮᠨᠡᠯᠭᠡ᠎ᠶᠢᠨ ᠬᠣᠷᠢᠶᠠᠨ᠎ᠳᠤ ᠠᠪᠴᠤ ᠬᠡᠯᠡᠪᠡᠯ᠂ ᠠᠷᠭ᠎ᠠ ᠴᠢᠨᠠᠷ ᠢᠯᠡᠷᠡᠭᠰᠡᠨ ᠵᠢᠷᠮᠦᠰᠦᠨ ᠪᠦᠰᠡᠭᠦᠢ᠎ᠶᠢ ᠬᠥᠯᠢᠶᠠᠨ ᠠᠪᠴᠥ ᠡᠮᠴᠢᠯᠡᠬᠥ ᠨᠢ ᠳᠡᠳᠡᠨᠡᠷ᠎ᠤᠨ ᠵᠠᠢᠯᠠᠭᠤᠯᠵᠤ ᠪᠣᠯᠣᠰᠢ ᠦᠭᠡᠢ ᠳᠠᠷᠬᠠᠨ ᠡᠭᠦᠷᠭᠡ ᠪᠤᠯᠤᠬᠰᠠᠨ ᠪᠠᠢᠨ᠎ᠠ᠃
ᠡᠮᠨᠡᠯᠭᠡ᠎ᠳᠦ ᠣᠷᠣᠭᠰᠠᠨ ᠠᠷᠭ᠎ᠠ ᠴᠢᠨᠠᠷ ᠢᠯᠡᠷᠡᠭᠰᠡᠨ ᠵᠢᠷᠮᠥᠰᠥᠨ ᠪᠥᠰᠡᠭᠥᠢᠴᠤᠳ ᠥᠪᠡᠷ᠎ᠢᠶᠡᠨ ᠠᠷᠭ᠎ᠠ ᠴᠢᠨᠠᠷ ᠢᠯᠡᠷᠡᠭᠰᠡᠨ ᠵᠢᠨᠷ ᠣᠨᠣᠰᠢᠯᠠᠭᠳᠠᠭᠰᠠᠨᠤ ᠳᠠᠷᠠᠭ᠎ᠠ ᠬᠡᠦᠬᠡᠳ᠎ᠦᠨ ᠡᠷᠡᠭᠦᠯ ᠴᠢᠭᠢᠷᠠᠭ᠎ᠢ ᠨᠥᠯᠥᠭᠡᠯᠡᠬᠦ ᠡᠰᠡᠬᠦ᠂ ᠬᠡᠦᠬᠡᠳ ᠪᠠᠰᠠ ᠬᠠᠯᠳᠠᠪᠤᠷᠢᠯᠠᠭᠳᠠᠬᠤ ᠡᠰᠡᠬᠦ᠎ᠶᠢᠨ ᠲᠤᠬᠠᠢ ᠲᠤᠩ ᠶᠡᠭᠡ ᠰᠠᠨᠠᠭ᠎ᠠ ᠵᠤᠪᠠᠵᠦ ᠪᠠᠢᠪᠠ᠃ ᠲᠡᠳᠡᠨ᠎ᠦ ᠰᠡᠳᠬᠢᠯ ᠠᠮᠤᠷ ᠥᠭᠡᠢ ᠰᠡᠵᠢᠭ ᠠᠵᠢᠭ ᠲᠠᠢ ᠪᠠᠢᠬᠤ᠎ᠶᠢ ᠮᠡᠳᠡᠭᠰᠡᠨ᠎ᠦ ᠳᠠᠷᠠᠭ᠎ᠠ ᠡᠮᠴᠢ ᠰᠤᠪᠢᠯᠠᠭ᠍ᠴᠢ ᠬᠠᠮᠢᠶ᠎ᠠ ᠪᠦᠬᠦᠢ ᠮᠡᠳᠡᠯᠭᠡ᠎ᠶᠢ ᠬᠦᠯᠢᠴᠡᠩᠭᠦᠢᠲᠠᠢᠯᠪᠤᠷᠢᠯᠠᠨ ᠥᠭᠴᠦ᠂ ᠰᠡᠵᠢᠭ᠎ᠢ ᠨᠢ ᠠᠯᠳᠠᠷᠠᠭᠠᠵᠤ ᠰᠡᠳᠬᠢᠯ᠎ᠤᠨ ᠳᠠᠷᠤᠭᠠᠰᠤ ᠵᠢ ᠨᠢ ᠬᠥᠩᠭᠡᠷᠡᠭᠥᠯᠵᠡᠢ᠃ ᠦᠨᠡᠨ ᠳ᠋ᠡᠬᠡᠨᠠᠷᠭᠠ ᠴᠢᠨᠠᠷ ᠢᠯᠡᠷᠡᠭᠰᠡᠨ ᠵᠢᠷᠮᠥᠰᠥᠨ ᠪᠥᠰᠠᠭᠥᠢ ᠵᠢ ᠬᠥᠩᠭᠡᠵᠢᠭᠥᠯᠬᠥ ᠶᠠᠪᠤᠴᠠ᠎ᠳᠤ ᠬᠠᠮᠤᠭ᠎ᠤᠨ ᠠᠮᠠᠷᠬᠠᠨ ᠬᠠᠯᠳᠠᠪᠤᠷᠢᠯᠠᠭᠳᠠᠬᠤ ᠨᠢ ᠨᠢᠯᠬ᠎ᠠ ᠬᠡᠦᠬᠡᠳ ᠪᠢᠰᠢ᠂ ᠬᠠᠷᠢᠨ ᠳᠡᠭᠥᠨ ᠳ᠋ᠤ ᠡᠮᠴᠢᠯᠡᠭᠡ ᠬᠢᠵᠤ ᠪᠠᠢᠭ᠎ᠠ ᠡᠰᠡᠭᠥᠯᠡ ᠮᠡᠰᠡ ᠵᠠᠰᠠᠯ ᠬᠢᠵᠦ ᠪᠠᠢᠭ᠎ᠠ ᠡᠮᠴᠢ ᠰᠤᠪᠢᠯᠠᠬᠴᠢ ᠨᠠᠷ ᠪᠤᠯᠬᠤ ᠶᠤᠮ᠃ ᠬᠡᠶ᠎ᠡ ᠡᠭᠥᠨᠢ ᠭᠡᠢᠳᠡᠯᠡ ᠮᠡᠳᠡᠳᠡᠭ 《ᠴᠠᠭᠠᠨ ᠬᠤᠪᠴᠠᠰᠤ᠎ᠳ᠋ᠤ ᠡᠯᠴᠢ》 ᠨᠠᠷ ᠬᠠᠷᠢᠨ ᠲᠤᠰᠠᠭᠠᠷᠯᠠᠬᠰᠠᠨ ᠮᠠᠰᠠ ᠵᠠᠰᠠᠯ᠎ᠤᠨ ᠲᠠᠰᠤᠬ᠎ᠲᠦ ᠥᠴᠥᠬᠡᠨ ᠴᠦ᠍ ᠳᠠᠳᠠᠭᠠᠯᠵᠠᠯ ᠦᠭᠡᠢ ᠤᠷᠤᠵᠤ᠂ ᠮᠡᠰᠡ ᠵᠠᠰᠠᠯ᠎ᠤᠨ ᠡᠮᠦᠨᠡᠬᠢ ᠪᠡᠯᠡᠳᠬᠡᠯ᠎ᠡᠴᠡ ᠠᠪᠤᠭᠠᠳ ᠮᠡᠰᠡ ᠵᠠᠰᠠᠯ ᠳᠠᠭᠤᠰᠳᠠᠯ᠎ᠠ ᠡᠯ᠎ᠡ ᠭᠤᠬᠴᠤᠭ᠎ᠠ ᠪᠥᠬᠥᠨ᠎ᠢ ᠴᠥᠮ ᠨᠠᠷᠢᠨ ᠨᠢᠮᠪᠠᠢ ᠬᠢᠵᠤ᠂ ᠡᠬᠡ ᠨᠢᠯᠬ᠎ᠠ ᠵᠢᠨ ᠠᠮᠤᠷ ᠲᠥᠪᠰᠢᠨ᠎ᠢ ᠪᠠᠳᠤᠯᠠᠵᠤ ᠪᠠᠢᠯ᠎ᠠ᠃ ᠰᠣᠯᠪᠢᠴᠠᠨ ᠬᠠᠯᠳᠠᠪᠤᠷᠢᠯᠠᠬᠤ᠎ᠠᠴᠠ ᠵᠠᠢᠯᠠᠰᠬᠢᠬᠦ᠎ᠶᠢᠨ ᠲᠥᠯᠥᠭᠡ᠂ ᠬᠥᠩᠭᠡᠵᠢᠭᠰᠡᠨ ᠪᠥᠰᠡᠭᠥᠢ ᠪᠠ ᠬᠡᠦᠬᠡᠳ᠎ᠢ ᠲᠦᠷ ᠴᠠᠭ ᠰᠠᠯᠭᠠᠪᠠ᠂ ᠣᠳᠣ᠌ ᠪᠣᠯᠲᠠᠯ᠎ᠠ ᠭᠤᠷᠪᠠᠨ ᠨᠢᠷᠠᠢ ᠬᠡᠦᠬᠡᠳ᠎ᠦᠨ ᠪᠥᠭᠡᠮ ᠬᠦᠴᠢᠯ᠎ᠦᠨ ᠪᠠᠢᠴᠠᠭᠠᠯᠲᠠ᠎ᠶᠢᠨ ᠳ᠋ᠦᠩ ᠨᠢ ᠪᠦᠷ ᠪᠢᠯᠢᠭ᠌ ᠴᠢᠨᠠᠷ ᠢᠯᠡᠷᠡᠵᠤ᠂ ᠲᠡᠳᠡᠨ᠎ᠤ ᠡᠨᠡ ᠤᠳᠠᠭᠠᠨ᠎ᠤ 《ᠬᠢᠵᠢᠭ᠌》 ᠤ᠋ᠨ ᠳᠤᠮᠳᠠ ᠢᠯᠠᠯᠲᠠ ᠣᠯᠣᠭᠰᠠᠨ᠎ᠢ ᠬᠠᠷᠠᠭᠤᠯᠵᠤ ᠪᠠᠢᠨ᠎ᠠ᠃
ᠠᠷᠭ᠎ᠠ ᠴᠢᠨᠠᠷ ᠢᠯᠡᠷᠡᠭᠰᠡᠨ ᠵᠢᠷᠮᠦᠰᠦᠨ ᠪᠥᠰᠡᠭᠥᠢᠴᠤᠳᠢ ᠭᠥᠯᠢᠶᠡᠨ ᠠᠪᠴᠥ ᠡᠮᠨᠡᠬᠥ ᠵᠢ ᠬᠦᠯᠢᠶᠡᠭᠰᠡᠨ ᠲᠡᠷᠡ ᠴᠠᠬ ᠡᠴᠡ ᠡᠬᠢᠯᠡᠨ ᠲᠤᠰ ᠡᠮᠨᠡᠯᠭᠡ ᠵᠢᠨ ᠬᠤᠷᠢᠶᠠᠨ᠎ᠤ ᠪᠦᠬᠦ ᠡᠮᠴᠢ ᠰᠤᠪᠢᠯᠠᠬᠴᠢᠳ ᠴᠥᠮ 《ᠵᠠᠪᠠᠯ ᠢᠯᠡᠯᠲᠠ ᠤᠯᠬᠤ》 ᠬᠠᠳᠠᠨ ᠵᠣᠷᠢᠭ᠋᠎ᠢ ᠡᠪᠥᠷᠯᠡᠵᠤ ᠢᠷᠡᠪᠡ᠃ ᠬᠢᠵᠢᠭ᠎ᠤᠨ ᠪᠠᠢᠳᠠᠯ ᠬᠡᠴᠡᠭᠥᠳᠡᠭᠰᠡᠨ ᠡᠨᠡ ᠬᠦ᠌ ᠣᠨᠴᠠᠭᠠᠢ ᠴᠠᠭ ᠦᠶ᠎ᠡ᠎ᠳᠦ ᠲᠦᠩᠯᠢᠶᠣᠣ ᠬᠣᠲᠠ᠎ᠶᠢᠨ ᠬᠥᠩᠭᠡᠵᠢᠭᠥᠯᠬᠥ ᠡᠮᠨᠡᠯᠭᠡ᠎ᠶᠢᠨ ᠬᠣᠷᠢᠶᠠᠨ᠎ᠤ ᠪᠦᠬᠦ ᠨᠥᠬᠥᠳ ᠬᠦᠴᠢᠷ᠎ᠢ ᠰᠥᠷᠦᠨ ᠤᠷᠤᠭᠰᠢᠯᠠᠵᠤ᠂ ᠦᠬᠦᠯ᠎ᠡᠴᠡ ᠠᠪᠤᠷᠠᠵᠤ ᠰᠢᠷᠬᠠᠲᠤᠭᠰᠠᠳ᠎ᠢ ᠲᠡᠳᠬᠦᠬᠦ ᠡᠷᠬᠢᠮ ᠨᠠᠨᠳᠢᠨ ᠠᠵᠢᠯ᠎ᠤᠨ ᠰᠤᠷᠳᠠᠯᠵᠢᠡᠷ ᠪᠡᠶ᠎ᠡ᠎ᠪᠡᠷ᠎ᠢᠶᠡᠨ ᠪᠠᠮᠪᠠᠢ ᠪᠣᠯᠵᠤ᠂ ᠪᠤᠯᠤᠳ ᠬᠠᠨ᠎ᠠ ᠮᠡᠲᠦ ᠡᠩᠨᠡᠭᠡ ᠪᠣᠯᠵᠤ ᠂ ᠠᠷᠠᠳ ᠲᠦᠮᠡᠨ᠎ᠦ ᠠᠮᠤᠷ ᠠᠮᠤᠭᠤᠯᠠᠩ᠎ᠢ ᠰᠠᠬᠢᠨ ᠬᠠᠮᠠᠭᠠᠯᠠᠵᠤ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃