2022-12-06 20:02:32
ᠤᠮᠢᠺᠷᠤᠨ ᠤᠨᠳᠤᠤᠱᠢᠬ᠍ᠰᠠᠨ ᠸᠢᠷᠦ᠋ᠰ᠎ᠠᠴᠠ ᠪᠣᠯᠵᠣ ᠡᠪᠡᠳᠴᠢᠯᠡᠭᠦᠯᠬᠦ᠌ ᠬᠦᠴᠦᠨ ᠰᠤᠯᠠᠷᠠᠭ᠍ᠰᠠᠨ ᠲᠤᠬᠠᠶ ᠶᠠᠷᠢᠯᠴᠠᠭ᠎ᠠ ᠣᠢᠷ᠎ᠠ᠎ᠳᠤ ᠬᠦᠮᠦᠰ ᠦᠨ ᠠᠩᠬᠠᠷᠤᠯ᠎ᠢ ᠲᠠᠲᠠᠵᠤ ᠪᠠᠢᠨ᠎ᠠ᠃ ᠲᠥᠷᠥ᠎ᠶ᠋ᠢᠨ ᠶᠠᠪᠤᠳᠠᠯ᠎ᠤᠨ ᠬᠣᠷᠢᠶᠠᠨ᠎ᠤ ᠬᠤᠯᠪᠤᠭᠠᠯᠠᠨ ᠰᠡᠷᠭᠡᠢᠯᠡᠵᠦ᠍ ᠬᠤᠯᠪᠤᠭᠠᠯᠠᠨ ᠡᠵᠡᠮᠳᠡᠬᠦ᠌ ᠲᠣᠭ᠍ᠲᠠᠴᠠ᠎ᠶ᠋ᠢᠨ᠎ᠬᠢᠨ ᠠᠮᠢᠰᠭᠤᠯ᠎ᠤᠨ ᠵᠠᠮ ᠤᠨ ᠬᠦᠨᠳᠦ ᠲᠦᠭ᠌ᠰᠢᠭᠦᠷᠢᠲᠡᠶ ᠡᠪᠡᠳᠴᠢᠨ᠎ᠦ ᠲᠤᠰᠭᠠᠶ ᠮᠡᠷᠭᠡᠵᠢᠯᠲᠡᠨ᠂ ᠪᠡᠭᠡᠵᠢᠩ ᠬᠣᠲᠠ᠎ᠶ᠋ᠢᠨ ᠠᠮᠢᠰᠭᠤᠯ᠎ᠤᠨ ᠵᠠᠮ ᠤᠨ ᠡᠪᠡᠳᠴᠢᠨ ᠤ ᠰᠤᠳᠤᠯᠭᠠᠨ ᠤ ᠭᠠᠵᠠᠷ᠎ᠤᠨ ᠳᠠᠷᠤᠭ᠎ᠠ ᠲᠦᠩ ᠵᠣᠣ ᠬᠣᠶ᠎ᠶ᠋ᠢ ᠤᠷᠢᠵᠤ᠂ ᠣᠯᠠᠨ᠎ᠤ ᠠᠩᠬᠠᠷᠴᠤ᠌ ᠪᠠᠢᠭ᠎ᠠ ᠠᠰᠠᠭᠤᠳᠠᠯ᠎ᠳᠤ ᠴᠢᠭ᠌ᠯᠡᠭᠦᠯᠦᠨ ᠲᠠᠢᠯᠤᠮᠵᠢ ᠬᠢᠯᠬᠡᠪᠡ᠃
ᠤᠮᠢᠺᠷᠤᠨ ᠤᠨᠳᠤᠤᠱᠢᠬ᠍ᠰᠠᠨ ᠸᠢᠷᠦ᠋ᠰ ᠬᠠᠯᠳᠠᠪᠦᠷᠢᠯᠠᠬᠤ ᠴᠢᠨᠠᠷ᠎ᠢᠶᠠᠷ ᠨᠡᠯᠢᠶᠡᠳ ᠴᠢᠩᠭ᠎ᠠ᠂ ᠡᠪᠡᠳᠴᠢᠯᠡᠭᠦᠯᠬᠦ᠌ ᠬᠦᠴᠦᠨ ᠪᠠ ᠬᠤᠤᠷᠳᠠᠭᠤᠯᠬᠤ ᠬᠦᠴᠦᠨ ᠨᠢ ᠤᠭ ᠡᠭᠦᠰᠦᠯ᠎ᠤᠨ ᠬᠢ᠎ᠠᠴᠠ ᠪᠠᠨ ᠢᠯᠡᠳᠲᠡ ᠪᠠᠭᠤᠷᠠᠵᠠᠢ
ᠲᠦᠩ ᠵᠣᠣ ᠬᠤᠢ ᠢᠯᠡᠷᠬᠡᠢᠯᠡᠬᠦ᠌᠎ᠳᠡᠭᠡᠨ᠂ ᠳᠡᠯᠡᠬᠡᠶ᠎ᠶ᠋ᠢᠨ ᠪᠠ ᠤᠯᠤᠰ᠎ᠤᠨ ᠳᠣᠲᠣᠭᠠᠳᠤ᠎ᠶ᠋ᠢᠨ ᠬᠢᠨᠠᠨ ᠬᠡᠮᠵᠢᠭ᠌ᠰᠡᠨ ᠲᠣᠭ᠎ᠠ ᠪᠠᠷᠢᠮᠲᠠ᠎ᠠᠴᠠ ᠦᠵᠡᠪᠡᠯ᠂ ᠤᠮᠢᠺᠷᠤᠨ ᠤᠨᠳᠤᠤᠱᠢᠬ᠍ᠰᠠᠨ ᠸᠢᠷᠦ᠋ᠰ ᠵᠢᠴᠢ ᠲᠡᠭᠦᠨ᠎ᠦ ᠬᠤᠪᠢᠯᠠᠪᠦᠷᠢᠶ᠋ᠢᠨ ᠡᠪᠡᠳᠴᠢᠯᠡᠭᠦᠯᠬᠦ᠌ ᠬᠦᠴᠦᠨ ᠪᠠ ᠬᠤᠤᠷᠳᠠᠭᠤᠯᠬᠤ ᠬᠦᠴᠦᠨ᠎ᠢ ᠠᠩᠬᠠᠨ᠎ᠤ ᠸᠢᠷᠦ᠋ᠰ ᠪᠠ ᠳ᠋ᠸᠯᠲ᠋ᠠ ᠵᠡᠷᠭᠡ ᠤᠨᠳᠤᠱᠢᠯ ᠸᠢᠷᠦ᠋ᠰ᠎ᠲᠠᠶ ᠬᠠᠷᠢᠴᠠᠭᠤᠯᠪᠠᠯ ᠢᠯᠡᠳᠲᠡ ᠪᠠᠭᠤᠷᠠᠭ᠍ᠰᠠᠨ ᠪᠠᠢᠨ᠎ᠠ ᠭᠡᠵᠡᠢ᠃
ᠲᠦᠩ ᠵᠤᠤ ᠬᠤᠢ᠄ ᠦᠨᠡᠨ᠎ᠳᠡᠭᠡᠨ ᠤᠮᠢᠺᠷᠤᠨ ᠨᠢᠭᠡᠨᠲᠡ ᠬᠡᠳᠦᠨ ᠰᠠᠯᠪᠤᠷᠢ ᠪᠣᠯᠤᠨ ᠬᠤᠪᠢᠷᠠᠵᠠᠢ᠂ ᠡᠮᠴᠢᠯᠡᠭᠡᠨ ᠳᠡᠬᠢ ᠠᠵᠢᠭ᠍ᠯᠠᠯᠲᠠ᠎ᠠᠴᠠ ᠦᠵᠡᠪᠡᠯ᠂ ᠤᠮᠢᠺᠷᠤᠨᠤ ᠣᠨᠴᠠᠯᠢᠭ ᠪᠣᠯ ᠬᠠᠯᠳᠠᠪᠦᠷᠢᠯᠠᠬᠤ ᠴᠢᠨᠠᠷ᠎ᠢᠶᠠᠷ ᠨᠡᠯᠢᠶᠡᠳ ᠴᠢᠩᠭ᠎ᠠ᠂ ᠳᠠᠷᠤᠢ ᠠᠩᠬᠠᠨ᠎ᠤ ᠸᠢᠷᠦ᠋ᠰ᠎ᠠᠴᠠ ᠬᠤᠷᠳᠤᠨ᠂ ᠭᠡᠪᠡᠴᠦ᠍ ᠲᠡᠷᠡ᠎ᠨᠢ ᠭᠣᠣᠯᠳᠠᠭᠤ ᠳᠡᠭᠡᠷ᠎ᠡ ᠠᠮᠢᠰᠭᠤᠯ᠎ᠤᠨ ᠵᠠᠮ᠎ᠤᠨ ᠡᠪᠡᠳᠴᠢᠨ᠎ᠦ ᠢᠯᠡᠷᠡᠯ᠎ᠢᠶᠡᠷ ᠭᠣᠣᠯ ᠪᠤᠯᠭᠠᠵᠦ᠍ ᠪᠠᠢᠨ᠎ᠠ᠃ ᠥᠭᠡᠷ᠎ᠡ᠎ᠪᠡᠷ ᠬᠡᠯᠡᠪᠡᠯ᠂ ᠮᠠᠰᠢ ᠣᠯᠠᠨ ᠬᠥᠮᠦᠨ ᠶᠡᠬᠡ ᠬᠠᠯᠠᠭᠤᠷᠠᠬᠤ ᠢᠯᠡᠷᠡᠯ ᠭᠠᠷᠤᠭ᠍ᠰᠠᠨ ᠥᠬᠡᠶ᠂ ᠳᠠᠷᠤᠶ ᠳᠤᠮᠳᠠ ᠵᠡᠷᠭᠡ ᠶ᠋ᠢᠨ ᠪᠤᠶᠤ ᠵᠢᠭᠠᠬᠠᠨ ᠬᠠᠯᠠᠭᠤᠷᠠᠵᠦ᠍᠂ ᠬᠣᠭᠣᠯᠠᠶ ᠡᠪ ᠥᠬᠡᠶ ᠪᠣᠯᠬᠤ᠂ ᠬᠠᠨᠢᠶᠠᠬᠤ ᠵᠡᠷᠭᠡ ᠢᠯᠡᠷᠡᠯ ᠭᠠᠷᠴᠦ᠍᠂ ᠭᠤᠤᠯᠳᠠᠭᠤ ᠳᠡᠭᠡᠷ᠎ᠡ ᠠᠮᠢᠰᠭᠤᠯ᠎ᠤᠨ ᠵᠠᠮ᠎ᠳᠤ ᠲᠥᠪᠯᠡᠷᠡᠵᠦ᠍ ᠪᠠᠢᠨ᠎ᠠ᠃
ᠡᠨᠡ ᠬᠡᠰᠡᠭ ᠬᠤᠭᠤᠴᠠᠭᠠᠨ᠎ᠳᠤ ᠪᠢᠳᠡ ᠤᠯᠤᠰ᠎ᠤᠨ ᠳᠣᠲᠣᠭᠠᠳᠤ᠎ᠶ᠋ᠢᠨ ᠡᠯ᠎ᠡ ᠮᠤᠵᠢ ᠬᠣᠲᠠ᠎ᠶ᠋ᠢᠨ ᠮᠡᠳᠡᠭᠡᠯᠡᠯ᠎ᠡᠴᠡ ᠦᠵᠡᠪᠡᠯ᠂ ᠡᠪᠡᠳᠴᠢᠨ᠎ᠦ ᠢᠯᠡᠷᠡᠯ ᠥᠬᠡᠶ ᠮᠥᠷᠲᠡᠭᠡᠨ ᠬᠥᠩᠭᠡᠨ ᠬᠡᠯᠪᠡᠷᠢ᠎ᠨᠢ 90% ᠡᠴᠠ ᠳᠡᠭᠡᠭ᠌ᠰᠢ ᠪᠠᠢᠵᠤ᠂ ᠡᠩ᠎ᠦᠨ ᠬᠡᠯᠪᠡᠷᠢ ᠶ᠋ᠢᠨ ᠡᠪᠡᠳᠴᠢᠨ ᠦ ᠵᠢᠱ᠌ᠢᠶ᠎ᠡ ᠴᠤ᠌ ᠣᠯᠠᠨ ᠪᠢᠰᠢ᠂ ᠬᠦᠨᠳᠦ ᠬᠡᠯᠪᠡᠷᠢ᠂ ᠬᠦᠨᠳᠦ ᠲᠦᠭ᠌ᠰᠢᠭᠦᠷᠢᠳᠡᠢ ᠬᠡᠯᠪᠡᠷᠢ᠎ᠶ᠋ᠢᠨ ᠬᠠᠷᠢᠴᠠᠯ᠎ᠨᠢ ᠨᠠᠩ ᠴᠥᠭᠡᠨ ᠪᠠᠢᠨ᠎ᠠ᠃ ᠪᠢ ᠴᠦ᠍ ᠣᠢᠷ᠎ᠠ᠎ᠳᠤ ᠪᠡᠭᠡᠵᠢᠩ᠎ᠦᠨ ᠨᠢᠭᠡᠳᠦᠭᠡᠷ ᠹᠷᠣᠨᠲ᠎ᠲᠤ ᠠᠵᠢᠯᠯᠠᠵᠤ᠂ ᠲᠣᠭ᠍ᠲᠠᠭ᠍ᠰᠠᠨ ᠡᠮᠨᠡᠯᠭᠡ᠎ᠶ᠋ᠢᠨ ᠬᠣᠷᠢᠶ᠎ᠠ᠎ᠳᠤ ᠬᠦᠷᠴᠦ᠍ ᠡᠪᠡᠳᠴᠢᠲᠡᠨ᠎ᠦ ᠥᠷᠥᠭᠡ᠎ᠶ᠋ᠢ ᠪᠠᠢᠴᠠᠭᠠᠨ ᠬᠠᠮᠲᠤᠷᠠᠨ ᠣᠨᠣᠱᠢᠯᠠᠵᠤ ᠪᠠᠢᠨ᠎ᠠ᠂ ᠦᠨᠡᠨ ᠬᠦ᠌ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠡᠴᠡ ᠪᠣᠯᠵᠣ ᠡᠮᠨᠡᠯᠭᠡ᠎ᠳᠦ ᠰᠠᠭᠤᠬᠤ ᠴᠢᠬᠤᠯᠠᠲᠠᠶ ᠪᠤᠯᠤᠬ᠍ᠰᠠᠨ᠂ ᠠᠮᠢᠰᠭᠤᠯ᠎ᠤᠨ ᠮᠠᠱᠢᠨ ᠵᠠᠯᠭᠠᠬ᠍ᠰᠠᠨ ᠡᠪᠡᠳᠴᠢᠲᠡᠨ ᠭᠤᠷᠪᠠ ᠳᠥᠷᠪᠡ ᠯᠡ ᠪᠠᠢᠨ᠎ᠠ᠃
ᠤᠮᠢᠺᠷᠤᠨ ᠤᠨᠳᠤᠤᠱᠢᠬ᠍ᠰᠠᠨ ᠸᠢᠷᠦ᠋ᠰ ᠤᠨ ᠠᠭᠤᠰᠭᠢᠨ ᠦᠷᠪᠢᠰᠦᠯ ᠪᠤᠶᠤ ᠬᠦᠨᠳᠦ ᠡᠪᠡᠳᠴᠢᠨ᠂ ᠬᠦᠨᠳᠦ ᠲᠦᠭ᠌ᠰᠢᠭᠦᠷᠢᠲᠡᠶ ᠡᠪᠡᠳᠴᠢᠨ᠎ᠢ ᠡᠭᠦᠰᠭᠡᠬᠦ᠌ ᠬᠠᠷᠢᠴᠠᠯ ᠬᠠᠷᠢᠴᠠᠩᠭᠤᠶ ᠳᠤᠤᠷ᠎ᠠ
ᠲᠦᠩ ᠵᠣᠣ ᠬᠤᠢ ᠢᠯᠡᠷᠬᠡᠢᠯᠡᠬᠦ᠌᠎ᠳᠡᠭᠡᠨ᠂ ᠤᠮᠢᠺᠷᠤᠨ ᠤᠨᠳᠤᠤᠱᠢᠬ᠍ᠰᠠᠨ ᠸᠢᠷᠦ᠋ᠰ᠎ᠠᠴᠠ ᠪᠤᠯᠵᠦ᠍ ᠬᠦᠨᠳᠦ ᠡᠪᠡᠳᠴᠢᠯᠡᠬᠦ᠌ ᠪᠠ ᠦᠬᠦᠬᠦ᠌ ᠬᠠᠷᠢᠴᠠᠯ᠎ᠨᠢ ᠠᠩᠬᠠᠨ᠎ᠤ ᠸᠢᠷᠦ᠋ᠰ ᠪᠠ ᠬᠤᠯᠪᠤᠭᠳᠠᠬᠤ ᠤᠨᠳᠤᠤᠱᠢᠬ᠍ᠰᠠᠨ ᠸᠢᠷᠦ᠋ᠰ᠎ᠠᠴᠠ ᠢᠯᠡᠳᠲᠡ ᠳᠤᠤᠷ᠎ᠠ᠂ ᠡᠨᠡ᠎ᠨᠢ ᠤᠮᠢᠺᠷᠤᠨ ᠤᠨᠳᠤᠤᠱᠢᠬ᠍ᠰᠠᠨ ᠸᠢᠷᠦ᠋ᠰ ᠤᠨ ᠣᠨᠴᠠᠯᠢᠭ ᠪᠣᠯᠬᠤ᠎ᠪᠠᠷ ᠪᠠᠷᠠᠬᠤ ᠥᠬᠡᠶ᠂ ᠪᠠᠰᠠ ᠬᠥᠮᠦᠰ᠎ᠦᠨ ᠸᠠᠺᠼᠢᠨ᠎ᠤ ᠲᠠᠷᠢᠯᠭ᠎ᠠ ᠬᠢᠵᠦ᠍ ᠡᠭᠡᠯᠢᠯᠡᠭᠡ᠎ᠶ᠋ᠢᠨ ᠬᠢᠷᠢ ᠲᠦᠪᠱᠢᠨ ᠳᠡᠭᠡᠭ᠌ᠰᠢᠯᠡᠭ᠌ᠰᠡᠨ ᠪᠠ ᠤᠯᠤᠰ ᠡᠴᠡ ᠢᠳᠡᠪᠬᠢᠲᠡᠶ ᠤᠷᠢᠳᠴᠢᠯᠠᠨ ᠰᠡᠷᠭᠡᠢᠯᠡᠬᠦ᠌ ᠠᠷᠭ᠎ᠠ ᠪᠣᠳᠣᠯᠭ᠎ᠠ ᠠᠪᠤᠭ᠍ᠰᠠᠨ᠎ᠲᠠᠶ ᠬᠣᠯᠪᠣᠭ᠎ᠠ᠎ᠲᠠᠶ ᠶᠤᠮ᠃ 2009 ᠣᠨ᠎ᠤ ᠪᠥᠬᠥ᠌ ᠳᠡᠯᠡᠬᠡᠶ᠎ᠶ᠋ᠢᠨ ᠬᠠᠯᠳᠠᠪᠤᠷᠢᠲᠤ ᠲᠠᠭ᠍ᠰᠢᠭᠤᠷ ᠳᠡᠯᠭᠡᠷᠡᠵᠦ᠍ ᠪᠠᠢᠭ᠍ᠰᠠᠨ ᠦᠶ᠎ᠡ᠎ᠶ᠋ᠢᠨ ᠬᠢ᠎ᠲᠡᠶ ᠬᠠᠷᠢᠴᠠᠭᠤᠯᠪᠠᠯ᠂ ᠣᠳᠣᠬᠠᠨ᠎ᠳᠤ ᠤᠮᠢᠺᠷᠤᠨ ᠤᠨᠳᠤᠤᠱᠢᠬ᠍ᠰᠠᠨ ᠸᠢᠷᠦ᠋ᠰ᠎ᠠᠴᠠ ᠪᠣᠯᠵᠣ ᠠᠭᠤᠰᠭᠢᠨ ᠦᠷᠪᠢᠰᠦᠯ ᠪᠤᠶᠤ ᠬᠦᠨᠳᠦ ᠡᠪᠡᠳᠴᠢᠨ᠂ ᠬᠦᠨᠳᠦ ᠲᠦᠭ᠌ᠰᠢᠭᠦᠷᠢᠲᠡᠶ ᠡᠪᠡᠳᠴᠢᠨ ᠡᠭᠦᠰᠭᠡᠬᠦ᠌ ᠬᠠᠷᠢᠴᠠᠯ ᠬᠠᠷᠢᠴᠠᠩᠭᠤᠶ᠎ᠪᠠᠷ ᠨᠡᠯᠢᠶᠡᠳ ᠳᠤᠤᠷ᠎ᠠ ᠪᠤᠯᠵᠠᠢ ᠭᠡᠵᠦ ᠪᠠᠢᠯ᠎ᠠ᠃
ᠲᠦᠩ ᠵᠤᠤ ᠬᠤᠢ᠄ 2009 ᠣᠨ᠎ᠳᠤ ᠮᠠᠨ᠎ᠤ ᠳᠤᠮᠳᠠᠳᠤ ᠤᠯᠤᠰ᠎ᠢ ᠪᠠᠬ᠍ᠳᠠᠭᠠᠭᠠᠳ᠂ ᠪᠦᠬᠦ᠌ ᠪᠥᠮᠪᠥᠷᠴᠡᠭᠲᠸ᠋ ᠬᠠᠯᠳᠠᠪᠤᠷᠢᠲᠤ ᠲᠠᠭ᠍ᠰᠢᠭᠤᠷ ᠳᠡᠯᠭᠡᠷᠡᠵᠦ᠍ ᠪᠠᠢᠭ᠍ᠰᠠᠨ ᠦᠶ᠎ᠡ᠎ᠳᠦ᠂ ᠬᠠᠯᠳᠠᠪᠤᠷᠢᠲᠤ ᠲᠠᠭ᠍ᠰᠢᠭᠤᠷ᠎ᠤᠨ ᠠᠭᠤᠰᠭᠢᠨ᠎ᠤ ᠦᠷᠪᠢᠰᠦᠯ᠎ᠦᠨ ᠬᠠᠷᠢᠴᠠᠯ ᠮᠠᠰᠢ ᠥᠨᠳᠥᠷ ᠪᠠᠢᠪᠠ᠂ ᠲᠡᠷᠡ ᠦᠶ᠎ᠡ᠎ᠳᠦ ᠪᠢ ᠪᠠᠰᠠ ᠪᠠᠭ᠎ᠠ ᠪᠤᠰᠤ ᠡᠮᠴᠢᠯᠡᠭᠡ ᠳᠦ ᠣᠷᠣᠯᠴᠠᠵᠠᠢ᠂ ᠲᠡᠷᠡ ᠮᠥᠷᠲᠡᠭᠡᠨ ICU ᠳᠤ ᠰᠠᠭᠤᠬ᠍ᠰᠠᠨ ᠮᠠᠰᠢ ᠤᠯᠠᠨ ᠬᠠᠯᠳᠠᠪᠤᠷᠢᠲᠤ ᠲᠠᠭ᠍ᠰᠢᠭᠤᠷ᠎ᠤᠨ ᠡᠪᠡᠳᠴᠢᠲᠡᠨ ᠠᠮᠢᠰᠭᠤᠯ᠎ᠤᠨ ᠮᠠᠱᠢᠨ ᠵᠠᠯᠭᠠᠵᠦ᠍᠂ ECMO ᠵᠠᠯᠭᠠᠵᠦ᠍ ᠪᠠᠢᠬ᠍ᠰᠠᠨ ᠶᠤᠮ᠃ ᠣᠳᠣ ᠪᠢᠳᠡ ᠡᠮᠴᠢᠯᠡᠭᠡᠨ᠎ᠦ ᠲᠠᠯ᠎ᠠ᠎ᠠᠴᠠ ᠠᠪᠴᠤ᠌ ᠦᠵᠡᠪᠡᠯ᠂ ᠣᠳᠣ᠎ᠶ᠋ᠢᠨ ᠤᠮᠢᠺᠷᠤᠨᠢ ᠲᠡᠷᠡ ᠦᠶ᠎ᠡ᠎ᠶ᠋ᠢᠨ ᠬᠢᠲᠠᠶ ᠬᠠᠷᠢᠴᠠᠭᠤᠯᠬᠤ᠎ᠳᠤ᠂ ᠲᠡᠬᠦᠨ ᠦ ᠠᠭᠤᠰᠭᠢᠨ ᠦᠷᠪᠢᠰᠦᠯ ᠪᠤᠶᠤ ᠬᠦᠨᠳᠦ ᠡᠪᠡᠳᠴᠢᠨ᠂ ᠬᠦᠨᠳᠦ ᠲᠦᠭ᠌ᠰᠢᠭᠦᠷᠢᠲᠡᠶ ᠡᠪᠡᠳᠴᠢᠨ᠎ᠢ ᠡᠭᠦᠰᠭᠡᠬᠦ᠌ ᠬᠠᠷᠢᠴᠠᠯ ᠨᠢ ᠲᠠᠭ᠍ᠰᠢᠭᠤᠷ᠎ᠠᠴᠠ ᠪᠠᠰᠠ ᠳᠤᠤᠷ᠎ᠠ ᠪᠠᠢᠨ᠎ᠠ᠃
ᠢᠷᠡᠯᠳᠡ᠄ ᠲᠥᠪ ᠲᠧᠯᠸᠢᠰ ᠦᠨ ᠰᠣᠨᠢᠨ ᠮᠡᠳᠡᠭᠡ

- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃